ᠪᠦᠬᠦ᠌ ᠣᠷᠣᠨ᠎ᠤ 《ᠬᠤᠶᠠᠷ ᠬᠤᠷᠠᠯ》 ᠬᠤᠷᠠᠯᠳᠣᠠ ᠡᠬᠢᠯᠡᠭ᠌ᠰᠡᠡᠠᠴᠠ ᠨᠠᠭᠠᠰᠢ᠂ ᠣᠷᠳᠣᠰ ᠬᠤᠳᠠ᠎ᠶ᠋ᠢᠨ ᠥᠨᠳᠥᠰᠥᠳᠡᠨᠨᠦᠭᠦᠳᠤᠨ ᠺᠠᠳ᠋ᠷ ᠣᠯᠠᠨ ᠳᠥᠮᠠᠨᠤ ᠲᠤᠮᠳᠠ ᠴᠢᠩᠭ᠎ᠠ ᠳᠣᠰᠭᠠᠯ ᠭᠠᠷᠴᠤ᠌᠂ ᠣᠯᠠᠨ᠎ᠢᠶᠠᠷ᠎ᠢᠶᠠᠨ ᠬᠤᠶᠠᠷ ᠬᠤᠷᠠᠯ᠎ᠤᠨ ᠵᠣᠷᠢᠬ ᠰᠠᠨᠠᠭ᠎ᠠ᠎ᠪᠠᠷ ᠵᠢᠯᠣᠭᠤᠳᠣᠯᠭ᠎ᠠ ᠪᠣᠯᠭᠠᠵᠣ᠂ ᠬᠡᠬᠦᠳᠡᠭ ᠳᠥᠬᠦᠷᠡᠩ ᠣᠷᠬᠢᠯᠣᠮ᠎ᠠ ᠰᠡᠳᠭᠢᠯᠬᠡ ᠪᠠ ᠣᠮᠤᠬ ᠵᠣᠷᠢᠬ᠎ᠢᠶᠠᠷ ᠥᠵᠡᠰᠭᠦᠯᠠᠩᠳᠦ ᠰᠠᠢᠬᠠᠨ ᠬᠡᠷ ᠤᠷᠤᠨ᠎ᠢᠶᠠᠨ ᠴᠣᠬ᠍ᠴᠠᠯᠠᠨ ᠪᠠᠢᠭᠤᠯᠣᠨ᠎ᠠ ᠬᠡᠵᠡᠬᠡᠵᠥ᠍ ᠪᠠᠢᠨ᠎ᠠ᠃
ᠡᠵᠡᠨ ᠬᠤᠷᠤᠭ᠎ᠠ ᠬᠤᠱᠢᠭᠤᠨ᠎ᠤ ᠵᠠᠰᠠᠬ ᠪᠠᠯᠭᠠᠰᠣᠨ᠎ᠤ ᠲᠠᠷᠤᠭ᠎ᠠ ᠠᠯᠳᠠᠨᠪᠣᠣ᠄ 《ᠥᠪᠡᠷᠳᠡᠭᠡᠨ ᠵᠠᠰᠠᠬᠤ ᠣᠷᠣᠨ᠎ᠤ ᠲᠡᠷᠢᠬᠦᠯᠡᠭ᠌ᠴᠢ ᠪᠥ᠋ ᠱᠢᠶᠣᠣ ᠯᠢᠨ ᠵᠠᠰᠠᠬ᠎ᠤᠨ ᠣᠷᠳᠣᠨ᠎ᠤ ᠠᠵᠢᠯ᠎ᠤᠨ ᠢᠯᠡᠳᠭᠡᠯ᠎ᠳᠡᠭᠡᠨ᠂ 〈ᠠᠷᠪᠠᠨ ᠳᠥᠷᠪᠡᠳᠥᠬᠡᠷ ᠲᠠᠪᠣᠨ ᠵᠢᠯ〉 ᠤᠨ ᠳᠥᠯᠥᠪᠵᠢᠬᠦᠯᠬᠡ ᠪᠠ ᠡᠨᠡ ᠵᠢᠯ᠎ᠤᠨ ᠠᠵᠢᠯ᠎ᠤᠨ ᠬᠠᠷᠠᠯᠳᠠ᠎ᠶ᠋ᠢ ᠳᠣᠷᠠᠳᠴᠤ᠌᠂ ᠡᠨᠡ ᠵᠢᠯ 〈ᠬᠥᠳᠡᠭᠡ ᠳᠣᠰᠭᠤᠨ᠎ᠢ ᠬᠥᠭ᠌ᠵᠢᠬᠦᠯᠥᠨ ᠮᠠᠨᠳᠣᠭᠤᠯᠬᠤ᠎ᠶ᠋ᠢ ᠥᠷᠬᠦᠯᠵᠢᠯᠡᠨ ᠪᠥᠬᠦ᠌ ᠲᠠᠯ᠎ᠠ᠎ᠪᠠᠷ ᠠᠬᠢᠭᠤᠯᠣᠨ᠎ᠠ〉᠂ 〈ᠠᠮᠢ ᠠᠬᠤᠢ ᠣᠷᠴᠢᠨ ᠳᠣᠭᠤᠷᠢᠨ᠎ᠤ ᠶᠠᠰᠣ ᠴᠢᠨᠠᠷ᠎ᠢ ᠥᠷᠬᠦᠯᠵᠢᠯᠡᠨ ᠰᠠᠢᠵᠢᠷᠠᠭᠤᠯᠣᠨ᠎ᠠ〉᠂ 〈ᠥᠨᠳᠣᠰᠣᠨ ᠱᠠᠳᠤᠠ᠎ᠤ ᠠᠷᠠᠳ᠎ᠤᠨ ᠠᠮᠢᠳᠣᠷᠠᠯ᠎ᠤᠨ ᠪᠠᠳᠣᠯᠠᠭ᠎ᠠ ᠪᠠ ᠵᠠᠰᠠᠯᠳᠠ᠎ᠶ᠋ᠢ ᠴᠢᠩᠭᠠᠳᠭᠠᠨ᠎ᠠ〉 ᠬᠡᠵᠤ ᠳᠤᠷᠠᠳᠤᠭ᠍ᠰᠠᠨ᠎ᠨᠢ ᠥᠨᠳᠣᠰᠣᠨ ᠱᠠᠳᠣᠨ᠎ᠤ ᠺᠠᠳ᠋ᠷ ᠣᠯᠠᠨ ᠳᠥᠮᠡᠨ᠎ᠤ ᠰᠡᠳᠭᠢᠯ᠎ᠢ ᠪᠠᠶᠠᠰᠭᠠᠵᠣ ᠴᠢᠷᠮᠠᠢᠨ ᠠᠵᠢᠯᠯᠠᠬᠤ ᠵᠣᠷᠢᠬ᠎ᠢ ᠬᠥᠪᠴᠢᠯᠡᠪᠡ᠃ ᠮᠠᠨ᠎ᠤ ᠪᠠᠯᠭᠠᠰᠣ ᠪᠣᠯ ᠨᠡᠬᠦᠷᠡᠰᠣᠨᠤ ᠡᠬᠢ ᠪᠠᠶᠠᠯᠢᠬ᠎ᠲᠠᠢ ᠭᠠᠵᠠᠷ ᠣᠷᠣᠨ᠃ ᠪᠢᠳᠠ ᠬᠤᠷᠠᠯ᠎ᠤᠨ ᠵᠣᠷᠢᠬ ᠰᠠᠨᠠᠭ᠎ᠠ᠎ᠪᠠᠷ ᠵᠢᠯᠣᠭᠤᠳᠣᠯᠭ᠎ᠠ ᠪᠣᠯᠭᠠᠵᠣ᠂ ᠠᠮᠢ ᠠᠬᠤᠢ᠎ᠶ᠋ᠢ ᠣᠷᠢᠳ᠎ᠢᠶᠠᠷ ᠪᠤᠳᠤᠯᠬᠢᠯᠠᠵᠥ᠍᠂ ᠪᠣᠬᠢᠷᠳᠣᠯ ᠥᠬᠡᠢ ᠬᠥᠭ᠌ᠵᠢᠯᠳᠡ᠎ᠶ᠋ᠢ ᠡᠷᠡᠰ ᠪᠠᠷᠢᠮᠳᠠᠯᠠᠵᠣ᠂ ᠴᠢᠨᠠᠷ ᠰᠠᠢᠲᠠᠢ ᠬᠥᠭ᠌ᠵᠢᠯᠳᠡ᠎ᠶ᠋ᠢᠨ ᠵᠠᠮ᠎ᠢᠶᠠᠷ ᠵᠠᠮᠨᠠᠬᠤ᠎ᠶ᠋ᠢ ᠡᠷᠡᠰ ᠪᠠᠷᠢᠮᠳᠠᠯᠠᠵᠣ᠂ ᠭᠠᠵᠠᠷ ᠣᠷᠣᠨ᠎ᠤ ᠪᠣᠳᠠᠳᠣ ᠪᠠᠢᠳᠠᠯ᠎ᠠᠴᠠ᠎ᠪᠠᠨ ᠡᠬᠦᠰᠴᠣ᠂ ᠮᠠᠯ ᠪᠡᠯᠴᠢᠬᠡᠷ᠎ᠤᠨ ᠲᠡᠩᠴᠡᠬᠦᠷᠢ᠎ᠶ᠋ᠢ ᠪᠠᠳᠣᠯᠠᠠ᠂ ᠪᠡᠯᠴᠢᠬᠡᠷᠯᠡᠨ ᠮᠠᠯᠵᠢᠬᠤ᠎ᠶ᠋ᠢ ᠴᠠᠭᠠᠵᠠᠯᠠᠵᠣ᠂ ᠬᠡᠰᠡᠭ ᠬᠤᠪᠢᠶᠠᠨ ᠡᠬᠡᠯᠵᠢᠯᠡᠨ ᠮᠠᠯᠵᠢᠬᠤ᠎ᠶ᠋ᠢ ᠡᠷᠡᠰ ᠬᠡᠷᠡᠭ᠌ᠵᠢᠬᠦᠯᠦᠨ᠂ ᠠᠭᠤᠷᠬᠠᠢ᠎ᠶ᠋ᠢᠨ ᠣᠷᠣᠨ᠎ᠤ ᠨᠣᠭᠤᠭᠠᠷᠠᠭᠤᠯᠣᠯᠳᠠ᠎ᠶ᠋ᠢ ᠴᠢᠩᠭ᠎ᠠ ᠪᠠᠷᠢᠮᠳᠠᠯᠠᠵᠣ᠂ ᠡᠬᠡ ᠣᠯᠣᠰ᠎ᠤᠨ᠎ᠢᠶᠠᠨ ᠣᠮᠠᠷᠠᠳᠣ ᠬᠢᠯᠢ᠎ᠶ᠋ᠢᠨ ᠴᠢᠬᠤᠯᠠ ᠠᠮᠢ ᠠᠬᠤᠢ᠎ᠶ᠋ᠢᠨ ᠣᠷᠣᠨ᠎ᠢ ᠪᠥᠳᠥᠬᠡᠨ ᠪᠠᠢᠭᠤᠯᠬᠤ᠎ᠪᠠᠷ ᠴᠢᠷᠮᠠᠢᠨ᠎ᠠ》 ᠬᠡᠵᠣ ᠵᠤᠷᠢᠭ᠎ᠢᠶᠠᠨ ᠢᠯᠡᠳᠭᠡᠵᠥ᠍ ᠪᠠᠢᠯ᠎ᠠ᠃
ᠡᠵᠡᠨ ᠬᠤᠷᠤᠭ᠎ᠠ ᠬᠤᠱᠢᠭᠤᠨ᠎ᠤ ᠵᠠᠰᠠᠬ ᠪᠠᠯᠭᠠᠰᠣ᠎ᠶ᠋ᠢᠨ ᠳᠤᠢᠬ ᠭᠠᠴᠠᠭ᠎ᠠ᠎ᠶ᠋ᠢᠨ ᠮᠠᠯᠴᠢᠨ ᠯᠣᠨᠳᠣᠨ᠄ 《ᠪᠢ ᠲᠧᠯᠸᠢᠰ ᠪᠠ ᠰᠥᠯᠵᠢᠶᠡᠨ᠎ᠠᠴᠠ 〈ᠬᠤᠶᠡᠷ ᠬᠤᠷᠠᠯ〉 ᠤᠨ ᠰᠣᠨᠢᠨ ᠮᠡᠳᠡᠭᠡ᠎ᠶ᠋ᠢ ᠰᠤᠨᠢᠷᠬᠠᠵᠤ᠂ ᠮᠠᠨ᠎ᠤ ᠮᠠᠯᠴᠢᠨ ᠲᠡᠷᠢᠶᠠᠴᠢᠨ᠂ ᠮᠠᠯ ᠠᠵᠤ ᠠᠬᠤᠢ ᠲᠠᠷᠢᠶᠠᠯᠠᠩ᠂ ᠮᠠᠯᠵᠢᠬᠤ ᠲᠠᠷᠢᠶᠠᠯᠠᠬᠤ ᠣᠷᠣᠨ᠎ᠲᠠᠢ ᠬᠤᠯᠪᠤᠭ᠍ᠳᠠᠵᠥ᠍ ᠪᠦᠬᠦᠢ ᠶᠠᠮᠡᠷ ᠰᠠᠢᠨ ᠳᠥᠷᠤ᠎ᠶ᠋ᠢᠨ ᠪᠣᠳᠣᠯᠭ᠎ᠠ ᠪᠠᠢᠬᠤ᠎ᠶ᠋ᠢ ᠠᠩᠬᠠᠷᠴᠤ᠌ ᠪᠠᠢᠨ᠎ᠠ᠃ ᠮᠠᠨ᠎ᠤ ᠭᠠᠴᠠᠭ᠎ᠠ ᠪᠣᠯ 100 ᠭᠠᠷᠣᠢ ᠡᠷᠣᠬᠡ᠎ᠲᠠᠢ᠂ 300 ᠭᠠᠷᠣᠢ ᠬᠥᠮᠥᠨ ᠠᠮᠠ᠎ᠲᠠᠢ᠂ ᠮᠠᠯ ᠠᠵᠤ ᠠᠬᠤᠢ ᠲᠠᠷᠢᠶᠠᠯᠠᠩ ᠣᠢ ᠱᠢᠭᠤᠢ᠎ᠶ᠋ᠢ ᠵᠡᠷᠬᠡ᠎ᠪᠠᠷ ᠬᠥᠭ᠌ᠵᠢᠭᠦᠯᠥᠭ᠌ᠰᠡᠨ ᠮᠣᠩᠭᠤᠯ ᠥᠨᠳᠥᠰᠥᠳᠠᠨ ᠳᠥᠪᠯᠡᠷᠡᠨ ᠰᠠᠭᠤᠷᠢᠱᠢᠭ᠎ᠠ ᠭᠠᠵᠠᠷ᠃ ᠪᠥ᠋ ᠱᠢᠶᠣᠣ ᠯᠢᠨ ᠲᠡᠷᠢᠬᠦᠯᠡᠭ᠌ᠴᠢ 〈ᠬᠥᠳᠡᠭᠡ ᠳᠣᠰᠭᠤᠨ᠎ᠢ ᠬᠥᠭ᠌ᠵᠢᠬᠦᠯᠥᠨ ᠮᠠᠨᠳᠣᠭᠤᠯᠬᠤ᠎ᠶ᠋ᠢ ᠥᠷᠬᠦᠯᠵᠢᠯᠡᠨ ᠪᠥᠬᠦ᠌ ᠲᠠᠯ᠎ᠠ᠎ᠪᠠᠷ ᠠᠬᠢᠭᠤᠯᠣᠨ᠎ᠠ〉᠂ 〈ᠠᠮᠢ ᠠᠬᠤᠢ ᠣᠷᠴᠢᠨ ᠳᠣᠭᠤᠷᠢᠨ᠎ᠤ ᠶᠠᠰᠣ ᠴᠢᠨᠠᠷ᠎ᠢ ᠥᠷᠬᠦᠯᠵᠢᠯᠡᠨ ᠰᠠᠢᠵᠢᠷᠠᠭᠤᠯᠣᠨ᠎ᠠ〉 ᠬᠡᠵᠣ ᠳᠣᠷᠠᠳᠪᠠ᠂ ᠡᠨᠡ᠎ᠨᠢ ᠮᠠᠯᠴᠢᠨ ᠲᠠᠷᠢᠶᠠᠴᠢᠳ᠎ᠤᠨ ᠦᠢᠯᠡᠳᠪᠤᠷᠢᠯᠠᠯ ᠠᠮᠢᠳᠤᠷᠠᠯ᠎ᠢᠶᠠᠨ ᠤᠯᠠᠮ ᠰᠠᠢᠵᠢᠷᠠᠭᠤᠯᠬᠤ᠎ᠶ᠋ᠢ ᠵᠣᠷᠢᠬ᠍ᠵᠢᠭᠤᠯᠵᠣ ᠢᠳᠡᠬᠡᠯ ᠵᠣᠷᠢᠬ᠎ᠢ ᠬᠥᠪᠴᠢᠯᠡᠪᠡ》 ᠬᠡᠵᠦ᠍ ᠶᠠᠷᠢᠨ᠎ᠠ᠃