ᠬᠤᠶᠠᠷ ᠬᠤᠷᠠᠯ᠎ᠤᠨ ᠬᠠᠯᠠᠭᠤᠨ ᠴᠢᠮᠡᠭᠡ ᠬᠤᠷᠴᠢᠨ ᠨᠤᠲᠤᠬ᠎ᠢ ᠤᠶᠠᠰᠭᠠᠨ᠎ᠠ
2021-01-28 17:03:15
ᠵᠣᠬᠢᠶᠠᠭ᠍ᠴᠢ᠄
ᠪᠤᠤ ᠴᠢᠩ ᠱᠧᠩ
ᠣᠩᠱᠢᠭ᠍ᠰᠠᠨ ᠣᠳᠠᠭ᠎ᠠ᠄
★★★☆☆

ᠨᠡᠢᠭᠡᠮ ᠵᠢᠷᠤᠮᠳᠤ ᠤᠳᠤᠬᠢᠴᠢᠯᠠᠬ᠍ᠰᠠᠨ ᠤᠯᠤᠰ᠎ᠢ ᠪᠥᠬᠦ᠌ ᠲᠠᠯ᠎ᠠ᠎ᠪᠠᠷ ᠪᠥᠲᠥᠭᠡᠨ ᠪᠠᠢᠭᠤᠯᠬᠤ ᠱᠢᠨ᠎ᠡ ᠠᠶᠠᠨ᠎ᠢ ᠡᠬᠢᠯᠡᠭᠦᠯᠬᠦ᠌ ᠠᠩᠬᠠᠨ᠎ᠤ ᠵᠢᠯ᠎ᠳᠤ ᠶᠠᠪᠤᠬ᠍ᠳᠠᠬ᠍ᠰᠠᠨ ᠥᠪᠡᠷᠳᠡᠭᠡᠨ ᠵᠠᠰᠠᠬᠤ ᠤᠷᠤᠨ᠎ᠤ 《ᠬᠤᠶᠠᠷ ᠬᠤᠷᠠᠯ》 ᠲᠥᠩᠯᠢᠶᠤᠤ ᠬᠤᠲᠠ᠎ᠶ᠋ᠢᠨ ᠺᠠᠳ᠋ᠷ ᠤᠯᠠᠨ ᠲᠥᠮᠡᠨ᠎ᠤ ᠠᠩᠬᠠᠷᠤᠯ᠎ᠢ ᠬᠥᠴᠥᠲᠠᠢ ᠳᠠᠳᠠᠵᠤ᠂ ᠬᠥᠮᠥᠰ ᠡᠯ᠎ᠡ ᠵᠠᠭᠤᠴᠢᠯᠠᠭᠤᠷ᠎ᠠᠴᠠ ᠠᠷᠠᠳ ᠤᠯᠠᠨ᠎ᠳᠤ ᠠᠴᠢ ᠲᠤᠰᠠ᠎ᠲᠠᠢ ᠠᠯᠢ ᠤᠯᠠᠨ ᠰᠠᠢᠨ ᠴᠢᠮᠡᠭᠡ᠎ᠶ᠋ᠢ ᠥᠵᠡᠵᠤ ᠰᠤᠨᠤᠰᠥᠨ᠂ ᠤᠷᠤᠨ ᠨᠤᠲᠤᠬ᠎ᠤᠨ᠎ᠢᠶᠠᠨ ᠬᠥᠭ᠌ᠵᠢᠯᠲᠠ ᠳᠠᠪᠱᠢᠯᠲᠠ᠎ᠳᠤ ᠤᠬᠠᠭᠠᠨ ᠴᠢᠳᠠᠯ᠎ᠢᠶᠠᠨ ᠡᠷᠭᠦᠬᠦ᠌ ᠢᠳᠡᠭᠡᠯ ᠵᠤᠷᠢᠬ᠎ᠨᠢ ᠬᠥᠪᠴᠢᠯᠡᠭ᠌ᠳᠡᠨ᠎ᠠ᠃

ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠪᠠᠶᠠᠨᠮᠤᠳᠤ ᠰᠤᠮᠤᠨ᠎ᠤ ᠨᠠᠮ᠎ᠤᠨ ᠬᠤᠷᠢᠶᠠᠨ᠎ᠤ ᠱᠥᠵᠢ ᠸᠧᠨ ᠮᠢᠩ᠄ 《ᠪᠥ᠋ ᠱᠢᠶᠤᠤ ᠯᠢᠨ ᠳᠡᠷᠢᠭᠦᠯᠡᠭ᠌ᠴᠢ᠎ᠶ᠋ᠢᠨ ᠬᠢᠭ᠌ᠰᠡᠨ ᠵᠠᠰᠠᠬ᠎ᠤᠨ ᠤᠷᠳᠤᠨ᠎ᠤ ᠠᠵᠢᠯ᠎ᠤᠨ ᠢᠯᠡᠳᠭᠡᠯ᠎ᠤᠨ 〈ᠠᠷᠪᠠᠨ ᠭᠤᠷᠪᠠᠳᠤᠭᠠᠷ ᠳᠠᠪᠤᠨ ᠵᠢᠯ〉 ᠎ᠤᠨ ᠠᠮᠵᠢᠯᠲᠠ ᠪᠥᠲᠥᠮᠵᠢ᠎ᠳᠤ ᠤᠮᠤᠬ᠍ᠰᠢᠨ ᠵᠤᠷᠢᠬ᠍ᠵᠢᠵᠤ᠂ 〈ᠠᠷᠪᠠᠨ ᠳᠥᠷᠪᠡᠳᠥᠭᠡᠷ ᠳᠠᠪᠤᠨ ᠵᠢᠯ〉 ᠎ᠤᠨ ᠬᠠᠷᠠᠯᠲᠠ ᠡᠭᠦᠷᠭᠡ᠎ᠶ᠋ᠢ ᠰᠤᠨᠤᠰᠤᠭᠠᠳ ᠠᠵᠢᠯ᠎ᠤᠨ ᠤᠷᠮ᠎ᠠ ᠵᠤᠷᠢᠭ ᠡᠷᠴᠢᠯᠡᠭ᠌ᠳᠡᠯ᠎ᠡ᠂ 〈ᠠᠷᠪᠠᠨ ᠳᠥᠷᠪᠡᠳᠥᠭᠡᠷ ᠳᠠᠪᠤᠨ ᠵᠢᠯ〉 ᠎ᠤᠨ ᠬᠠᠷᠠᠯᠲᠠ ᠡᠭᠦᠷᠭᠡ᠎ᠳᠤ 〈ᠠᠷᠠᠳ ᠤᠯᠠᠨ᠎ᠤ ᠬᠥᠷᠳᠡᠮᠵᠢ᠎ᠶ᠋ᠢᠨ ᠲᠥᠷᠥᠭ᠌ᠳᠡᠯ᠂ ᠵᠢᠷᠭᠠᠯᠳᠤ ᠲᠥᠷᠥᠭ᠌ᠳᠡᠯ᠂ ᠠᠮᠤᠷ ᠲᠥᠪᠱᠢᠨ᠎ᠤ ᠲᠥᠷᠥᠭ᠌ᠳᠡᠯ᠎ᠢ ᠲᠠᠰᠤᠷᠠᠯᠲᠠ ᠥᠭᠡᠢ ᠨᠡᠮᠡᠭ᠌ᠳᠡᠭᠦᠯᠥᠨ᠎ᠡ〉 ᠭᠡᠵᠤ ᠲᠤᠷᠠᠳᠴᠠᠢ᠂ ᠡᠨᠡ᠎ᠨᠢ ᠮᠠᠨ᠎ᠤ ᠥᠨᠳᠥᠰᠥᠨ ᠱᠠᠲᠤᠨ᠎ᠤ ᠠᠷᠠᠳ ᠲᠥᠮᠡᠨ᠎ᠤ ᠬᠠᠮᠤᠬ᠎ᠤᠨ ᠰᠤᠨᠤᠰᠭᠤ ᠲᠤᠷᠠᠲᠠᠢ ᠬᠠᠯᠠᠭᠤᠨ ᠴᠢᠮᠡᠭᠡ ᠪᠠᠢᠭ᠎ᠠ ᠶᠤᠮ》 ᠭᠡᠵᠤ ᠶᠠᠷᠢᠨ᠎ᠠ᠃

ᠪᠠᠶᠠᠨᠮᠤᠳᠤ ᠰᠤᠮᠤ 〈ᠠᠷᠪᠠᠨ ᠭᠤᠷᠪᠠᠳᠤᠭᠠᠷ ᠳᠠᠪᠤᠨ ᠵᠢᠯ〉 ᠎ᠤᠨ ᠬᠤᠭᠤᠴᠠᠭᠠᠨ᠎ᠳᠤ᠂ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠭ᠍ᠰᠠᠨ ᠪᠤᠬᠢᠷᠳᠤᠯ ᠥᠭᠡᠢ ᠬᠥᠭ᠌ᠵᠢᠯᠲᠠ᠎ᠶ᠋ᠢᠨ ᠰᠡᠳᠭᠢᠴᠡ᠎ᠪᠠᠷ᠂ ᠪᠡᠯᠴᠢᠭᠡᠷᠯᠡᠭᠦᠯᠬᠦ᠌᠎ᠶ᠋ᠢ ᠵᠤᠬ᠍ᠰᠤᠭᠠᠵᠤ ᠬᠠᠱᠢᠶᠠᠯᠠᠨ ᠮᠠᠯᠵᠢᠬᠤ᠂ ᠠᠮᠤ ᠪᠤᠳᠠᠭ᠎ᠠ᠎ᠶ᠋ᠢᠨ ᠳᠠᠷᠢᠶ᠎ᠠ᠎ᠶ᠋ᠢ ᠳᠡᠵᠢᠭᠡᠯ ᠪᠤᠷᠳᠤᠭ᠎ᠠ᠎ᠶ᠋ᠢᠨ ᠲᠠᠷᠢᠶ᠎ᠠ ᠪᠤᠯᠭᠠᠨ ᠥᠭᠡᠷᠡᠴᠢᠯᠡᠬᠦ᠌ ᠵᠡᠷᠭᠡ ᠲᠠᠷᠢᠵᠤ ᠤᠷᠭᠤᠭᠤᠯᠬᠤ ᠪᠥᠲᠥᠴᠡ᠎ᠳᠤ ᠳᠤᠬᠢᠷᠠᠭᠤᠯᠤᠯᠲᠠ ᠬᠢᠵᠥ᠍᠂ ᠤᠯᠠᠭᠠᠨ ᠥᠭᠡᠷ ᠮᠠᠯᠵᠢᠬᠤ ᠶᠡᠷᠥᠩᠬᠡᠢ ᠥᠢᠯᠡᠳᠪᠥᠷᠢᠯᠡᠯ᠎ᠤᠨ ᠴᠢᠳᠠᠪᠥᠷᠢ᠎ᠶ᠋ᠢ ᠲᠠᠰᠤᠷᠠᠯᠲᠠ ᠥᠭᠡᠢ ᠳᠡᠭᠡᠭ᠌ᠰᠢᠯᠡᠭᠦᠯᠦᠭ᠌ᠰᠡᠡ᠎ᠢᠶᠠᠷ ᠨᠢᠳᠤᠨᠤᠠ ᠲᠤᠰ ᠰᠤᠮᠤᠠ᠎ᠤ ᠮᠠᠯᠵᠢᠵᠥ᠍ ᠪᠠᠢᠭ᠎ᠠ ᠤᠯᠠᠭᠠᠨ ᠥᠭᠡᠷ᠎ᠤᠨ ᠳᠤᠭ᠎ᠠ 3.13 ᠲᠥᠮᠡ᠎ᠳᠤ ᠬᠦᠷᠴᠤ᠌᠂ ᠬᠥᠮᠥᠨ ᠪᠥᠷᠢ᠎ᠳᠤ 5 ᠎ᠠᠴᠠ ᠳᠡᠭᠡᠭ᠌ᠰᠢ ᠨᠤᠬ᠍ᠳᠠᠵᠤ᠂ ᠬᠥᠮᠥᠨ ᠳᠤᠮᠳᠠᠴᠢ᠎ᠶ᠋ᠢᠨ ᠴᠡᠪᠡᠷ ᠤᠷᠤᠯᠭ᠎ᠠ 1.3 ᠲᠦᠮᠡᠡ ᠲᠥᠭᠦᠷᠢᠭ᠎ᠲᠤ ᠬᠥᠷᠴᠠᠢ᠃ ᠡᠨᠡ ᠵᠢᠯ᠎ᠠᠴᠠ ᠳᠡᠳᠡ ᠠᠮᠢᠳᠤᠷᠠᠯ᠎ᠤᠨ ᠳᠤᠭᠤᠷᠢᠬ᠎ᠠᠴᠠ ᠮᠠᠯ᠎ᠢ ᠰᠠᠯᠭᠠᠬᠤ ᠢᠨᠵᠧᠨᠧᠷᠢᠩ᠂ ᠲᠠᠷᠢᠶᠠᠨ ᠭᠠᠵᠠᠷ᠎ᠲᠤ ᠬᠤᠳᠳᠤᠬ ᠮᠠᠯᠳᠠᠵᠤ ᠳᠤᠰᠤᠯᠭᠠᠨ ᠤᠰᠤᠯᠠᠬᠤ ᠲᠥᠷᠥᠯ ᠵᠥᠢᠯ᠂ ᠡᠪᠡᠰᠥ᠍ ᠲᠠᠷᠢᠬᠤ ᠲᠥᠷᠥᠯ ᠵᠥᠢᠯ᠎ᠢ ᠶᠡᠭᠡ᠎ᠪᠠᠷ ᠬᠡᠷᠡᠭ᠌ᠵᠢᠭᠦᠯᠵᠤ᠂ 2025 ᠤᠨ ᠪᠤᠯᠬᠤ᠎ᠳᠤ ᠬᠥᠮᠥᠨ ᠳᠤᠮᠳᠠᠴᠢ᠎ᠶ᠋ᠢᠨ ᠴᠡᠪᠡᠷ ᠤᠷᠤᠯᠭ᠎ᠠ᠎ᠶ᠋ᠢ 2.2 ᠲᠦᠮᠡᠡ ᠲᠥᠭᠦᠷᠢᠭ᠎ᠲᠤ ᠬᠥᠷᠭᠡᠬᠦ᠌ ᠬᠠᠷᠠᠯᠲᠠ᠎ᠶ᠋ᠢ ᠳᠤᠷᠠᠳᠤᠨ ᠴᠢᠷᠮᠠᠢᠠ ᠠᠵᠢᠯᠯᠠᠵᠤ ᠪᠠᠢᠨ᠎ᠠ᠃

ᠬᠤᠷᠴᠢᠨ ᠵᠡᠭᠦᠨ ᠭᠠᠷᠤᠨ ᠳᠤᠮᠳᠠᠳᠤ ᠬᠤᠱᠢᠭᠤᠨ᠎ᠤ ᠪᠠᠶᠠᠨᠳᠠᠯ᠎ᠠ ᠪᠠᠯᠭᠠᠰᠤᠨ᠎ᠤ ᠪᠤᠭᠤᠷᠤᠯᠲᠠᠢ ᠭᠠᠴᠠᠭᠠᠨ᠎ᠤ ᠲᠠᠷᠢᠶᠠᠴᠢᠨ ᠮᠧᠩ ᠴᠢᠩ ᠼᠠᠢ᠄ 《ᠵᠠᠰᠠᠬ᠎ᠤᠨ ᠤᠷᠳᠤᠨ᠎ᠤ ᠠᠵᠢᠯ᠎ᠤᠨ ᠢᠯᠡᠳᠭᠡᠯ᠎ᠳᠤ ᠠᠷᠠᠳ ᠲᠥᠮᠡᠨ᠎ᠤ ᠡᠳᠥᠷ ᠢᠷᠡᠬᠦᠶ᠎ᠡ ᠨᠡᠮᠡᠭ᠌ᠳᠡᠵᠤ ᠪᠠᠢᠭ᠎ᠠ ᠰᠠᠢᠨ ᠰᠠᠢᠬᠠᠨ ᠠᠮᠢᠳᠤᠷᠠᠯ᠎ᠤᠨ ᠬᠡᠷᠡᠭ᠌ᠴᠡᠭᠡ᠎ᠶ᠋ᠢ ᠬᠠᠩᠭᠠᠬᠤ᠎ᠪᠠᠷ ᠥᠨᠳᠥᠰᠥᠨ ᠬᠠᠷᠠᠯᠲᠠ ᠪᠤᠯᠭᠠᠬᠤ᠎ᠶ᠋ᠢ ᠳᠤᠷᠠᠳᠭᠤ᠎ᠶ᠋ᠢᠨ ᠬᠠᠮᠳᠤ ᠪᠠᠰᠠ ᠠᠮᠤ ᠪᠤᠳᠠᠭᠠᠨ᠎ᠤ ᠤᠨᠠᠯᠲᠠ᠎ᠶ᠋ᠢ 700 ᠳ᠋ᠥᠩᠱᠢᠭᠤᠷ ᠵᠢᠩ᠎ᠠᠴᠠ ᠲᠡᠪᠠᠭᠤᠯᠬᠤ ᠪᠤᠳᠠᠳᠠᠢ ᠬᠠᠷᠠᠯᠲᠠ ᠳᠤᠷᠠᠳᠪᠠ᠂ ᠪᠢ ᠲᠠᠷᠢᠶᠠᠴᠢᠨ ᠪᠤᠯᠤᠬ᠍ᠰᠠᠨ᠎ᠤ ᠬᠤᠪᠢ᠎ᠳᠤ ᠤᠷᠤᠨ᠎ᠠᠴᠠ ᠠᠮᠤ ᠪᠤᠳᠠᠭ᠎ᠠ᠎ᠶ᠋ᠢᠨ ᠥᠢᠯᠡᠳᠪᠥᠷᠢᠯᠡᠯ᠎ᠢ ᠴᠢᠬᠤᠯᠠᠴᠢᠯᠠᠵᠤ ᠪᠠᠢᠭ᠎ᠠ᠎ᠳᠤ ᠲᠥᠢᠯ᠎ᠢᠶᠠᠷ ᠪᠠᠶᠠᠷᠯᠠᠵᠤ ᠪᠤᠢ᠂ ᠨᠢᠳᠤᠨᠤᠠ ᠪᠢ ᠲᠡᠭᠠᠭᠠᠴᠢᠯᠠᠠ ᠲᠡᠷᠢᠵᠥ᠍ ᠪᠦᠬᠦᠢ ᠳᠠᠷᠢᠶ᠎ᠠ ᠪᠠ ᠲᠥᠷᠢᠶᠡᠰᠥᠨ ᠳᠠᠷᠢᠶ᠎ᠠ᠎ᠪᠠᠨ ᠨᠡᠮᠡᠭᠡᠳ 75 ᠮᠥ᠍ ᠡᠷᠳᠡᠨᠢ ᠱᠢᠰᠢ ᠲᠠᠷᠢᠵᠤ᠂ 10 ᠭᠠᠷᠤᠢ ᠲᠥᠮᠡᠨ ᠵᠢᠩ ᠡᠷᠳᠡᠨᠢ ᠱᠢᠰᠢ ᠬᠤᠷᠢᠶᠠᠨ᠂ 11 ᠲᠥᠮᠡᠨ ᠲᠥᠭᠦᠷᠢᠭ᠎ᠤᠨ ᠤᠷᠤᠯᠭ᠎ᠠ ᠤᠯᠵᠠᠢ᠂ ᠡᠨᠡ ᠵᠢᠯ ᠭᠠᠴᠠᠭ᠎ᠠ᠎ᠠᠴᠠ ᠳᠤᠰᠤᠯᠭᠠᠨ ᠤᠰᠤᠯᠠᠬᠤ ᠲᠥᠷᠥᠯ ᠵᠥᠢᠯ᠎ᠢ ᠬᠡᠷᠡᠭ᠌ᠵᠢᠭᠦᠯᠬᠦ᠌ ᠭᠡᠵᠤ ᠪᠠᠢᠭ᠎ᠠ ᠰᠠᠢᠨ ᠴᠢᠮᠡᠭᠡ ᠰᠤᠨᠤᠰᠳᠠᠵᠤ ᠪᠠᠢᠨ᠎ᠠ᠂ ᠬᠡᠷᠪᠡ ᠮᠢᠨᠤ ᠮᠠᠩᠬᠠᠨ ᠳᠠᠷᠢᠶᠠᠨ᠎ᠳᠤ ᠲᠤᠰ ᠲᠥᠷᠥᠯ ᠵᠥᠢᠯ᠎ᠢ ᠬᠡᠷᠡᠭ᠌ᠵᠢᠭᠦᠯᠪᠠᠯ ᠠᠮᠤ ᠪᠤᠳᠠᠭᠠᠨ᠎ᠤ ᠤᠨᠠᠯᠲᠠ ᠳᠡᠭᠡᠭ᠌ᠰᠢᠯᠡᠨ᠎ᠡ》 ᠭᠡᠵᠤ ᠳᠤᠬ᠍ᠳᠤᠯᠤᠨ ᠶᠠᠷᠢᠵᠤ ᠪᠠᠢᠯ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号