
《〈ᠠᠷᠪᠠᠨ ᠭᠤᠷᠪᠠᠳᠤᠭᠠᠷ ᠲᠠᠪᠤᠨ ᠵᠢᠯ〉 ᠤᠨ ᠲᠦᠯᠦᠪᠵᠢᠭᠦᠯᠭᠡ᠎ᠶ᠋ᠢᠨ ᠬᠤᠭᠤᠴᠠᠭᠠᠨ᠎ᠳᠤ᠂ ᠮᠠᠨ᠎ᠤ ᠬᠤᠱᠢᠭᠤ ᠱᠢᠨ᠎ᠡ ᠬᠦᠭ᠌ᠵᠢᠯᠳᠡ᠎ᠶ᠋ᠢᠨ ᠤᠢ᠍ᠢᠯᠠᠭᠠᠬ᠍ᠳᠠᠬᠤᠨ᠎ᠢ ᠢᠳᠡᠪᠬᠢᠳᠡᠢ ᠲᠤᠭᠤᠱᠢᠯᠠᠭᠤᠯᠤᠨ᠂ ᠬᠡᠯᠪᠡᠷᠢ᠎ᠪᠠᠨ ᠬᠤᠪᠢᠷᠠᠭᠤᠯᠤᠨ ᠬᠦᠭ᠌ᠵᠢᠭᠦ᠌ ᠵᠠᠮ᠎ᠢᠶᠠᠷ ᠵᠤᠷᠢᠬ᠍ᠳᠠᠢ ᠵᠠᠮᠨᠠᠵᠤ᠂ ᠡᠯ᠎ᠠ ᠲᠠᠯ᠎ᠠ᠎ᠶ᠋ᠢᠨ ᠠᠵᠢᠯ ᠬᠢᠯᠠᠯᠵᠠᠮ᠎ᠠ ᠠᠮᠵᠢᠯᠳᠡ ᠤᠯᠣᠭ᠍ᠰᠠᠨ》 ᠬᠡᠵᠤ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠲᠦᠯᠦᠭᠡᠯᠡᠭ᠌ᠴᠢ᠂ ᠲᠦᠷᠪᠡᠳ ᠬᠤᠱᠢᠭᠤᠨ᠎ᠤ ᠲᠠᠷᠤᠭ᠎ᠠ ᠵᠤᠤ ᠯᠢ ᠬᠦᠸᠧ ᠰᠤᠷᠪᠤᠯᠵᠢᠯᠠᠭ᠎ᠠ ᠬᠦᠯᠢᠶᠡᠭᠦ᠎ᠳᠡᠭᠡᠨ ᠬᠡᠯᠡᠨ᠎ᠡ᠃
ᠲᠦᠷᠪᠡᠳ ᠬᠤᠱᠢᠭᠤ ᠪᠤᠯ ᠮᠠᠯ ᠠᠵᠤ ᠠᠬᠤᠢ᠎ᠪᠠᠷ ᠭᠤᠤᠯᠯᠠᠭᠤᠯᠤᠬ᠍ᠰᠠᠨ ᠮᠠᠯᠵᠢᠬᠤ ᠲᠠᠷᠢᠶᠠᠯᠠᠬᠤ᠎ᠶ᠋ᠢ ᠤᠶᠠᠯᠳᠤᠭᠤᠯᠤᠬ᠍ᠰᠠᠨ ᠤᠯᠠᠭᠠᠨᠴᠠᠪ ᠬᠤᠳᠠ᠎ᠶ᠋ᠢᠨ ᠴᠤᠷᠢ᠎ᠶ᠋ᠢᠨ ᠭᠠᠭ᠍ᠴᠠ ᠬᠢᠯᠢ᠎ᠶ᠋ᠢᠨ ᠬᠤᠱᠢᠭᠤ ᠪᠤᠯᠤᠨ᠎ᠠ᠃ ᠵᠤᠤ ᠯᠢ ᠬᠦᠸᠧ᠎ᠶ᠋ᠢᠨ ᠲᠠᠨᠢᠯᠴᠠᠭᠤᠯᠣᠭ᠍ᠰᠠᠨᠢᠶᠠᠷ᠂ ᠤᠢ᠍ᠢᠷ᠎ᠠ᠎ᠶ᠋ᠢᠨ ᠵᠢᠯ᠎ᠳᠤ᠂ ᠲᠦᠷᠪᠡᠳ ᠬᠤᠱᠢᠭᠤ 3200 ᠲᠦᠮᠡᠨ ᠪᠠᠢᠭᠠᠯᠢ᠎ᠶ᠋ᠢᠨ ᠪᠡᠯᠴᠢᠭᠡᠷ᠎ᠢᠶᠠᠨ ᠪᠡᠯᠴᠢᠭᠡᠷᠯᠡᠭᠦᠯᠭᠦ᠎ᠶ᠋ᠢ ᠵᠤᠬ᠍ᠰᠤᠭᠠᠬᠤ ᠪᠠ ᠮᠠᠯ ᠪᠡᠯᠴᠢᠭᠡᠷ᠎ᠤᠨ ᠲᠡᠩᠴᠡᠭᠦᠷᠢ᠎ᠶ᠋ᠢ ᠪᠠᠳᠤᠯᠠᠬᠤ ᠤᠷᠤᠨ ᠪᠤᠯᠭᠠᠨ ᠬᠤᠪᠢᠶᠠᠷᠢᠯᠠᠵᠤ᠂ ᠬᠡᠭᠡᠨᠳᠡᠯᠠ᠂ ᠬᠤᠩᠭᠤᠷᠳᠠᠯ᠎ᠠ᠎ᠶ᠋ᠢᠨ ᠲᠤᠭᠤᠷᠢᠨ᠎ᠳᠤ 《ᠮᠠᠯᠴᠢᠨ ᠠᠢᠯ᠎ᠤᠨ ᠵᠢᠭᠤᠯᠴᠢᠯᠠᠯ》 ᠵᠡᠷᠭᠡ ᠵᠢᠭᠤᠯᠴᠢᠯᠠᠯ᠎ᠤᠨ ᠦᠢᠯᠡᠰ᠎ᠢ ᠶᠡᠭᠡ᠎ᠪᠠᠷ ᠬᠦᠭ᠌ᠵᠢᠭᠦᠯᠵᠤ᠂ ᠮᠠᠯᠴᠢᠨ ᠲᠠᠷᠢᠶᠠᠴᠢᠨ᠎ᠤ ᠤᠷᠤᠯᠭ᠎ᠠ᠎ᠶ᠋ᠢ ᠨᠡᠮᠡᠭ᠌ᠳᠡᠭᠦᠯᠦᠭ᠌ᠰᠡᠨ ᠪᠠᠢᠨ᠎ᠠ᠃ ᠢᠯᠠᠩᠭᠤᠶ᠎ᠠ᠂ ᠤᠯᠤᠰ᠎ᠤᠨ ᠭᠤᠤᠯᠳᠠᠯᠭ᠎ᠠ᠎ᠲᠠᠢ ᠠᠮᠢ ᠠᠬᠤᠢ᠎ᠶ᠋ᠢᠨ ᠴᠢᠳᠠᠮᠵᠢᠳᠦ ᠤᠷᠤᠨ ᠪᠤᠯᠬᠤ ᠪᠠᠢᠷᠢ ᠲᠤᠬ᠍ᠳᠠᠭᠠᠯᠳᠠᠳᠠᠭᠠᠨ ᠰᠠᠭᠤᠷᠢᠯᠠᠨ᠂ ᠠᠵᠤ ᠦᠢᠯᠡᠰ᠎ᠤᠨ ᠪᠦᠳᠦᠴᠡ᠎ᠳᠡᠭᠡᠨ ᠶᠡᠭᠡ᠎ᠪᠠᠷ ᠲᠤᠬᠢᠷᠠᠭᠤᠯᠤᠯᠳᠠ ᠬᠢᠵᠤ᠂ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠭ᠍ᠰᠠᠨ ᠪᠤᠬᠢᠷᠳᠦᠯ ᠦᠭᠡᠢ᠎ᠪᠠᠷ ᠬᠦᠭ᠌ᠵᠢᠭᠦᠯᠭᠦ᠌ ᠵᠠᠮ᠎ᠢ ᠭᠤᠢᠪᠢᠰᠢ ᠦᠭᠡᠢ ᠰᠤᠩᠭᠤᠵᠠᠢ᠃
《ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ》 ᠳᠠᠬᠢ ᠠᠵᠤ ᠦᠢᠯᠡᠰ᠎ᠤᠨ ᠬᠡᠯᠬᠢᠶ᠎ᠠ ᠪᠠ ᠦᠷᠳᠡᠭ᠎ᠤᠨ ᠬᠡᠯᠬᠢᠶ᠎ᠠ᠎ᠶ᠋ᠢᠨ ᠲᠦᠪᠱᠢᠨ᠎ᠢ ᠬᠦᠴᠦᠯᠡᠨ ᠲᠡᠭᠡᠭ᠌ᠰᠢᠯᠡᠭᠦᠯᠬᠦ᠌ ᠳᠣᠬᠠᠢ ᠪᠠᠢᠷᠢᠯᠠᠭᠤᠯᠣᠯᠳᠠᠨᠢ ᠲᠦᠷᠪᠡᠳ ᠬᠤᠱᠢᠭᠤᠨ᠎ᠳᠤ ᠬᠦᠭ᠌ᠵᠢᠯᠳᠡ᠎ᠶ᠋ᠢᠨ ᠴᠢᠬᠤᠯᠠ ᠠᠵᠠ ᠲᠤᠬᠢᠶᠠᠯ ᠠᠪᠴᠢᠷᠠᠨ ᠦᠭ᠌ᠴᠡᠢ᠃ 《〈ᠠᠷᠪᠠᠨ ᠲᠦᠷᠪᠡᠳᠦᠭᠡᠷ ᠲᠠᠪᠤᠨ ᠵᠢᠯ 〉 ᠤᠨ ᠬᠤᠭᠤᠴᠠᠭᠠᠨ᠎ᠳᠤ᠂ ᠮᠠᠨ᠎ᠤ ᠬᠤᠱᠢᠭᠤ ᠭᠤᠷᠪᠠᠨ ᠠᠵᠤ ᠦᠢᠯᠡᠰ᠎ᠢ ᠭᠤᠤᠯᠳᠠᠯᠭ᠎ᠠ᠎ᠲᠠᠢ ᠬᠦᠭ᠌ᠵᠢᠭᠦᠯᠦᠨ᠎ᠠ᠃ ᠨᠢᠭᠡ᠎ᠨᠢ ᠲᠠᠷᠢᠶᠠᠯᠠᠩ ᠮᠠᠯ ᠠᠵᠤ ᠠᠬᠤᠢ᠎ᠶ᠋ᠢᠨ ᠠᠵᠤ ᠦᠢᠯᠡᠰᠵᠢᠯᠳᠡ᠎ᠶ᠋ᠢ ᠬᠦᠴᠦᠷᠭᠡᠭ᠌ᠵᠢᠭᠦᠯᠵᠦ᠍᠂ ᠠᠵᠤ ᠦᠢᠯᠡᠰ᠎ᠤᠨ ᠬᠡᠯᠬᠢᠶ᠎ᠠ᠎ᠶ᠋ᠢᠨ ᠦᠷᠳᠡᠭ᠎ᠢ ᠰᠠᠢᠳᠤᠷ ᠢᠯᠡᠷᠡᠭᠦᠯᠵᠦ᠍᠂ ᠲᠦᠷᠪᠡᠳ ᠬᠤᠱᠢᠭᠤᠨ᠎ᠤ ᠲᠦᠮᠦᠰᠦ ᠪᠠ ᠠᠯᠠᠱᠢᠨ ᠬᠤᠨᠢ᠎ᠶ᠋ᠢ ᠬᠦᠨ ᠡᠳ᠋ᠱᠢᠭᠦᠯᠭᠦ᠌ ᠠᠵᠤ ᠦᠢᠯᠡᠰ᠎ᠤᠨ ᠬᠡᠯᠬᠢᠶ᠎ᠠ᠎ᠶ᠋ᠢ ᠪᠦᠷᠢᠯᠳᠦᠭᠦᠯᠦᠨ᠎ᠡ᠃ ᠬᠤᠶᠠᠷ᠎ᠨᠢ ᠵᠢᠭᠤᠯᠴᠢᠯᠠᠯ᠎ᠤᠨ ᠠᠵᠤ ᠦᠢᠯᠡᠰ᠎ᠢ ᠦᠨᠳᠦᠷ ᠪᠠᠷᠢᠮᠵᠢᠶ᠎ᠠ᠎ᠪᠠᠷ ᠲᠦᠯᠦᠪᠵᠢᠭᠦᠯᠵᠦ᠍᠂ ᠬᠡᠭᠡᠨᠳᠡᠯᠠᠶ᠋ᠢᠨ ᠦᠵᠡᠮᠵᠢ᠎ᠶ᠋ᠢᠨ ᠤᠷᠤᠨ᠂ ᠬᠤᠩᠭᠤᠷ ᠤᠨᠴᠠᠯᠢᠬ᠍ᠳᠦ ᠵᠢᠵᠢᠭ ᠬᠤᠳᠠ᠂ ᠳ᠋ᠠ ᠬᠤᠩ ᠱᠠᠨ᠎ᠤ ᠦᠵᠡᠮᠵᠢ᠎ᠶ᠋ᠢᠨ ᠤᠷᠤᠨ᠂ ᠲᠤᠤᠷᠠᠢ᠎ᠶ᠋ᠢᠨ ᠤᠢ ᠵᠡᠷᠭᠡ ᠵᠢᠭᠤᠯᠴᠢᠯᠠᠯ᠎ᠤᠨ ᠡᠬᠢ ᠪᠠᠶᠠᠯᠢᠭ᠎ᠢᠶᠠᠨ ᠬᠦᠢᠴᠡᠳ ᠠᠱᠢᠬ᠍ᠯᠠᠨ ᠨᠡᠭᠡᠭᠡᠨ ᠬᠦᠭ᠌ᠵᠢᠭᠦᠯᠦᠨ᠎ᠡ᠃ ᠭᠤᠷᠪᠠ᠎ᠨᠢ 〈ᠬᠤᠶᠠᠷ ᠬᠠᠯᠬᠠᠪᠴᠢ᠂ ᠬᠤᠶᠠᠷ ᠰᠠᠭᠤᠷᠢᠨ᠂ ᠨᠢᠭᠡ ᠪᠠᠬᠢᠯᠡᠯᠳᠡ〉 ᠶ᠋ᠢᠨ ᠪᠠᠢᠷᠢ ᠳᠣᠭ᠍ᠳᠠᠭᠠᠯᠳᠠᠳᠤ ᠰᠠᠭᠤᠷᠢᠯᠠᠨ᠂ ᠤᠳᠤ ᠦᠶ᠎ᠠ᠎ᠶ᠋ᠢᠨ ᠴᠡᠪᠡᠷ ᠡᠨᠧᠷᠬᠢ᠎ᠶ᠋ᠢᠨ ᠠᠵᠤ ᠦᠢᠯᠡᠰ᠎ᠢ ᠢᠳᠡᠪᠬᠢᠳᠡᠢ ᠬᠦᠭ᠌ᠵᠢᠭᠦᠯᠦᠨ᠎ᠡ᠃ ᠤᠳᠤᠬᠠᠨ᠎ᠳᠤ᠂ ᠰᠠᠯᠬᠢᠨ᠎ᠤ ᠬᠦᠴᠦ᠎ᠪᠠᠷ ᠴᠠᠬᠢᠯᠭᠠᠨ ᠭᠠᠷᠭᠠᠬᠤ 600 ᠲᠦᠮᠡᠨ ᠺᠢᠯᠤᠸᠠᠲ᠎ᠤᠨ ᠤᠯᠤᠰ᠎ᠤᠨ ᠲᠦᠷᠦᠯ ᠵᠦᠢᠯ᠎ᠢ ᠡᠬᠢᠯᠡᠨ ᠪᠠᠢᠭᠤᠯᠤᠬ᠍ᠰᠠᠨ ᠪᠠ 〈ᠢᠯᠡᠳᠭᠡᠯ〉 ᠳᠤ ᠲᠤᠷᠠᠳᠤᠬ᠍ᠰᠠᠨ ᠪᠦᠬᠦ᠌ ᠤᠯᠤᠰ᠎ᠤᠨ ᠬᠠᠮᠤᠭ᠎ᠤᠨ ᠲᠤᠮᠤ 〈ᠴᠠᠬᠢᠯᠭᠠᠨ᠎ᠤ ᠲᠠᠭᠠᠭᠠᠴᠠ ᠪᠠ ᠨᠦᠭᠡᠴᠡ〉 ᠶ᠋ᠢᠨ ᠵᠢᠱ᠌ᠢᠶ᠎ᠡ ᠦᠵᠡᠭᠦᠯᠭᠦ᠌ ᠲᠦᠷᠦᠯ ᠵᠦᠢᠯ᠎ᠢ ᠲᠦᠷᠪᠡᠳ ᠬᠤᠱᠢᠭᠤᠨ᠎ᠳᠤ ᠨᠤᠳᠤᠬ᠍ᠰᠢᠭᠤᠯᠣᠨᠡ᠃ ᠢᠩᠬᠢᠬᠦ᠌ᠳᠤ ᠬᠦᠷᠪᠡᠯ 〈ᠠᠷᠪᠠᠨ ᠲᠦᠷᠪᠡᠳᠦᠭᠡᠷ ᠲᠠᠪᠤᠨ ᠵᠢᠯ〉 ᠤᠨ ᠬᠤᠭᠤᠴᠠᠭᠠᠨ᠎ᠳᠤ ᠮᠠᠨ᠎ᠤ ᠬᠤᠱᠢᠭᠤ ᠯᠠᠪᠳᠠᠢ ᠴᠡᠪᠡᠷ ᠡᠨᠧᠷᠬᠢ᠎ᠶ᠋ᠢᠨ ᠲᠤᠮᠤ ᠰᠠᠭᠤᠷᠢᠨ ᠪᠤᠯᠵᠤ ᠴᠢᠳᠠᠨ᠎ᠠ᠂ ᠪᠢᠳᠡ ᠤᠯᠠᠮᠵᠢᠯᠠᠯᠳᠤ ᠴᠡᠪᠡᠷ ᠡᠨᠧᠷᠬᠢ᠎ᠠᠴᠠ ᠤᠳᠤ ᠦᠶ᠎ᠠ᠎ᠶ᠋ᠢᠨ ᠡᠨᠧᠷᠬᠢ᠎ᠶ᠋ᠢᠨ ᠠᠵᠤ ᠠᠬᠤᠢ ᠲᠡᠢᠰᠢ ᠲᠦᠢᠯᠪᠦᠷᠢᠳᠡᠢ ᠱᠢᠯᠵᠢᠨᠠ》 ᠬᠡᠵᠤ ᠵᠤᠤ ᠯᠢ ᠬᠦᠸᠧ ᠢᠳᠡᠭᠡᠯ᠎ᠲᠠᠢ ᠬᠡᠯᠡᠨ᠎ᠡ᠃