《ᠵᠤᠷᠢᠭ ᠬᠦᠪᠴᠢᠯᠡᠭ᠌ᠳᠡᠨ ᠢᠷᠡᠭᠡᠳᠦᠢ᠎ᠳᠡᠭᠡᠨ ᠢᠲᠡᠭᠡᠯ ᠲᠠᠭᠦᠯᠳᠡᠷ ᠪᠤᠯᠤᠯ᠎ᠠ》
2021-01-30 15:42:17
ᠵᠣᠬᠢᠶᠠᠭ᠍ᠴᠢ᠄
ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

ᠦᠪᠡᠷᠲᠡᠭᠡᠨ ᠵᠠᠰᠠᠬᠤ ᠤᠷᠤᠨ᠎ᠤ ᠬᠤᠶᠠᠷ ᠬᠤᠷᠠᠯ ᠠᠷᠠᠳ ᠲᠦᠮᠠᠨ᠎ᠤ ᠠᠩᠬᠠᠷᠤᠯ᠎ᠢ ᠲᠠᠳᠠᠨ᠎ᠠ᠂ ᠪᠦ᠋ ᠱᠢᠶᠤᠤ ᠯᠢᠨ ᠲᠡᠷᠢᠬᠦᠯᠡᠭ᠌ᠴᠢ᠎ᠶ᠋ᠢᠨ ᠬᠢᠭ᠌ᠰᠡᠡ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠢ ᠤᠯᠠᠭᠠᠨᠴᠠᠪ ᠬᠤᠳᠠ᠎ᠶ᠋ᠢᠨ ᠦᠷᠭᠡᠨ ᠤᠯᠠᠨ ᠺᠠᠳ᠋ᠷ ᠤᠯᠠᠨ ᠲᠦᠮᠡᠨ ᠬᠠᠯᠠᠮᠱᠢᠯ᠎ᠲᠠᠢ ᠶᠠᠷᠢᠯᠴᠠᠵᠠᠭᠠᠨ᠎ᠠ᠃

ᠴᠠᠬᠠᠷ ᠪᠠᠷᠠᠭᠤᠨ ᠭᠠᠷᠤᠨ ᠬᠤᠢᠲᠤ ᠬᠤᠱᠢᠭᠤᠨ᠎ᠤ ᠦᠨᠳᠤᠰᠤᠲᠡᠨ᠎ᠤ ᠭᠠᠷ ᠤᠷᠠᠯᠠᠯ᠎ᠤᠨ ᠪᠦᠲᠦᠭᠡᠭ᠌ᠳᠡᠬᠦᠨ᠎ᠤ ᠬᠢᠵᠠᠭᠠᠷᠲᠤ ᠺᠤᠮᠫᠠᠨᠢ᠎ᠶ᠋ᠢᠨ ᠮᠡᠷᠭᠡᠵᠢᠯ᠎ᠤᠨ ᠵᠦᠪᠯᠡᠭ᠌ᠴᠢ ᠲᠤᠩᠭᠠᠯᠠᠭ᠄ 《ᠡᠨᠡ ᠵᠢᠯ ᠪᠤᠯ 〈ᠠᠷᠪᠠᠨ ᠭᠤᠷᠪᠠᠳᠤᠭᠠᠷ ᠲᠠᠪᠤᠨ ᠵᠢᠯ〉 ᠎ᠤᠨ ᠲᠦᠯᠦᠪᠵᠢᠭᠦᠯᠭᠡ᠎ᠶ᠋ᠢ ᠠᠮᠵᠢᠯᠲᠠ᠎ᠲᠠᠢ ᠪᠠᠶᠠᠯᠡᠭᠦᠯᠵᠤ᠂ 〈ᠠᠷᠪᠠᠨ ᠲᠦᠷᠪᠡᠳᠤᠭᠡᠷ ᠲᠠᠪᠤᠨ ᠵᠢᠯ〉 ᠎ᠤᠨ ᠲᠦᠯᠦᠪᠵᠢᠭᠦᠯᠭᠡ᠎ᠶ᠋ᠢᠨ ᠡᠬᠢᠯᠡᠯᠲᠡ᠎ᠶ᠋ᠢᠨ ᠵᠢᠯ ᠪᠤᠯᠬᠤᠷ ᠬᠦᠮᠦᠰ ᠨᠠᠩ ᠢᠯᠠᠬᠦᠦ ᠠᠩᠬᠠᠷᠤᠠ ᠬᠠᠯᠠᠮᠵᠢᠯᠠᠵᠤ ᠪᠠᠢᠨ᠎ᠠ᠃ ᠦᠨᠳᠤᠰᠤᠲᠡᠨ᠎ᠤ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢ ᠪᠠ ᠦᠨᠳᠤᠰᠤᠲᠡᠨ᠎ᠤ ᠤᠯᠠᠮᠵᠢᠯᠠᠯᠳᠤ ᠭᠠᠷ ᠤᠷᠠᠯᠠᠯ᠎ᠤᠨ ᠬᠦᠭ᠌ᠵᠢᠭᠦᠯᠦᠭ᠌ᠴᠢ ᠪᠤᠯᠤᠭ᠍ᠰᠠᠨ᠎ᠤ ᠬᠤᠪᠢ᠎ᠳᠤ᠂ ᠪᠢ ᠦᠪᠡᠷᠲᠡᠭᠡᠨ ᠵᠠᠰᠠᠬᠤ ᠤᠷᠤᠨ᠎ᠤ ᠬᠤᠶᠠᠷ ᠬᠤᠷᠠᠯ᠎ᠤᠨ ᠬᠠᠮᠲᠤ᠎ᠶ᠋ᠢᠨ ᠠᠵᠤ ᠠᠬᠤᠢ᠎ᠶ᠋ᠢ ᠬᠦᠭ᠌ᠵᠢᠭᠦᠯᠬᠦ᠂ ᠪᠤᠳᠠᠰ᠎ᠤᠨ ᠪᠤᠰᠤ ᠰᠤᠶᠤᠯ᠎ᠤᠨ ᠦᠪ᠎ᠢ ᠤᠯᠠᠮᠵᠢᠯᠠᠨ ᠭᠦᠭ᠌ᠵᠢᠭᠦᠯᠬᠦ᠂ ᠦᠨᠳᠤᠰᠤᠲᠡᠨ᠎ᠤ ᠤᠯᠠᠮᠵᠢᠯᠠᠯᠳᠤ ᠭᠠᠷ ᠤᠷᠠᠯᠠᠯ᠎ᠢ ᠭᠦᠭ᠌ᠵᠢᠭᠦᠯᠵᠤ ᠮᠠᠨᠳᠤᠭᠤᠯᠬᠤ᠂ ᠦᠨᠳᠤᠰᠤᠲᠡᠨ᠎ᠤ ᠰᠤᠶᠤᠯ᠎ᠢᠶᠠᠷ ᠦᠪᠡᠷᠲᠡᠭᠡᠨ ᠵᠠᠰᠠᠬᠤ ᠤᠷᠤᠨ᠎ᠤ ᠪᠦᠬᠦ᠌ ᠤᠷᠤᠨ ᠪᠦᠰᠡ᠎ᠶ᠋ᠢᠨ ᠵᠢᠭᠤᠯᠴᠢᠯᠠᠯ᠎ᠤᠨ ᠠᠵᠤ ᠤᠢ᠍ᠢᠯᠡᠰ᠎ᠤᠨ ᠬᠦᠭ᠌ᠵᠢᠯᠲᠡ᠎ᠳᠤ ᠬᠦᠴᠦᠨ ᠨᠡᠮᠡᠷᠢᠯᠡᠬᠦ᠌ ᠵᠡᠷᠭᠡ ᠲᠠᠯ᠎ᠠ᠎ᠶ᠋ᠢᠨ ᠱᠢᠨ᠎ᠠ ᠲᠦᠷᠦ᠎ᠶ᠋ᠢᠨ ᠪᠤᠳᠤᠯᠭ᠎ᠠ᠎ᠶ᠋ᠢ ᠠᠩᠬᠠᠷᠳᠠᠭ᠃ ᠤᠨᠴᠠᠭᠠᠢᠯᠠᠨ ᠪᠦ᠋ ᠱᠢᠶᠤᠤ ᠯᠢᠨ ᠲᠡᠷᠢᠭᠦᠯᠡᠭ᠌ᠴᠢ᠎ᠶ᠋ᠢᠨ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠳᠤ ᠲᠤᠷᠠᠳᠤᠭ᠍ᠰᠠᠨ ᠠᠵᠤ ᠠᠬᠤᠢ᠍ᠢᠯᠠᠯ᠎ᠤᠨ ᠬᠡᠷᠡᠭ᠌ᠯᠡᠬᠦ᠌ ᠭᠠᠵᠠᠷ᠂ ᠬᠡᠷᠡᠭ᠌ᠯᠡᠬᠦ᠌ ᠠᠵᠢᠯᠴᠢᠨ᠂ ᠪᠠᠷᠠᠭᠠᠨ᠎ᠤ ᠬᠦᠢᠯᠭᠡᠭᠡ ᠵᠡᠷᠭᠡ ᠪᠤᠳᠠᠲᠠᠢ ᠬᠦᠴᠢᠷᠳᠠᠯ᠎ᠢ ᠬᠠᠪᠰᠤᠷᠤᠨ ᠰᠠᠢᠳᠤᠷ ᠱᠢᠢᠳᠪᠤᠷᠢᠯᠠᠵᠤ ᠦᠭ᠌ᠬᠦ; ᠬᠤᠶᠠᠳᠤᠭᠠᠷ ᠡᠭᠡᠯᠵᠢ᠎ᠶ᠋ᠢᠨ ᠭᠠᠵᠠᠷ ᠱᠢᠷᠦᠢ᠎ᠶ᠋ᠢᠨ ᠲᠠᠭᠠᠭᠠᠴᠢᠯᠠᠨ ᠡᠵᠡᠩᠨᠡᠬᠦ᠌ ᠬᠤᠭᠤᠴᠠᠭ᠎ᠠ ᠲᠤᠯᠤᠭ᠍ᠰᠠᠨ᠎ᠤ ᠲᠠᠷᠠᠭ᠎ᠠ ᠲᠠᠬᠢᠨ 30 ᠵᠢᠯ ᠤᠷᠲᠤᠳᠭᠠᠬᠤ ᠲᠤᠷᠱᠢᠯᠲᠠ᠎ᠶ᠋ᠢᠨ ᠴᠡᠭ᠎ᠢ ᠡᠮᠬᠢ ᠵᠢᠷᠤᠮ᠎ᠲᠠᠢ ᠦᠷᠨᠢᠭᠦᠯᠵᠤ᠂ ᠭᠠᠵᠠᠷ ᠱᠢᠷᠤᠢ ᠡᠵᠡᠩᠨᠡᠬᠦ᠌ ᠡᠷᠬᠡ᠎ᠶ᠋ᠢ ᠱᠢᠯᠵᠢᠭᠦᠯᠬᠦ᠌ ᠤᠢ᠍ᠢᠯᠡᠴᠢᠯᠡᠬᠦ᠌ ᠱᠢᠰᠲ᠋ᠧᠮ᠎ᠢ ᠪᠦᠷᠢᠨᠱᠢᠭᠦᠯᠬᠦ᠌; ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠲᠤᠯᠬᠤ ᠲᠠᠢᠯᠠᠯᠳᠤᠭᠠᠨ᠎ᠤ ᠦᠷ᠎ᠠ ᠪᠦᠲᠦᠮᠵᠢ᠎ᠶ᠋ᠢ ᠪᠠᠬᠢᠵᠢᠭᠦᠯᠦᠨ ᠦᠷᠭᠡᠳᠭᠡᠵᠤ᠂ ᠬᠦᠳᠡᠭᠡ ᠲᠤᠰᠭᠤᠨ᠎ᠢ ᠭᠦᠭ᠌ᠵᠢᠭᠦᠯᠦᠨ ᠮᠠᠨᠳᠤᠭᠤᠯᠬᠤ᠎ᠯᠤᠭ᠎ᠠ ᠪᠦᠲᠦᠮᠵᠢᠲᠠᠢ ᠵᠤᠯᠭᠠᠭᠤᠯᠬᠤ ᠠᠵᠢᠯ᠎ᠢ ᠰᠠᠢᠳᠤᠷ ᠬᠢᠬᠦ᠌ ᠵᠡᠷᠭᠡ ᠲᠦᠷᠦ᠎ᠶ᠋ᠢᠨ ᠪᠤᠳᠤᠯᠭ᠎ᠠ ᠮᠠᠨ᠎ᠤ ᠰᠡᠳᠭᠢᠯ᠎ᠢ ᠪᠠᠶᠠᠰᠭᠠᠵᠤ᠂ ᠴᠢᠷᠮᠠᠢᠨ ᠵᠢᠳᠬᠦᠬᠦ᠌ ᠴᠢᠭ᠌ᠯᠡᠯ᠎ᠢ ᠵᠢᠭᠠᠵᠤ ᠦᠭ᠌ᠬᠦᠯ᠎ᠠ᠃ ᠵᠤᠷᠢᠭ ᠬᠦᠪᠴᠢᠯᠡᠭ᠌ᠳᠡᠵᠤ ᠢᠷᠡᠭᠡᠳᠦᠢ᠎ᠳᠡᠭᠡᠨ ᠨᠡᠩ ᠢᠲᠡᠭᠡᠯ ᠲᠡᠭᠦᠯᠳᠡᠷ ᠪᠤᠯᠤᠯ᠎ᠠ》 ᠬᠡᠵᠤ ᠰᠤᠷᠪᠤᠯᠵᠢᠯᠠᠭ᠍ᠴᠢ᠎ᠳᠤ ᠪᠠᠶᠠᠷ᠎ᠲᠠᠢ ᠶᠠᠷᠢᠨ᠎ᠠ᠃

ᠵᠢᠨᠢᠩ ᠲᠤᠭᠤᠷᠢᠭ᠎ᠤᠨ ᠲᠡᠭᠦᠰᠦᠭ᠌ᠰᠡᠨ ᠤᠶᠤᠲᠡᠨ ᠬᠦᠸᠧ ᠢᠤᠢ᠄ 《ᠪᠦ᠋ ᠱᠢᠶᠤᠤ ᠯᠢᠨ ᠲᠡᠷᠢᠬᠦᠯᠡᠭ᠌ᠴᠢ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠳᠡᠭᠡᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠢᠨ᠎ᠠ᠎ᠶ᠋ᠢ ᠡᠭᠦᠳᠬᠦ᠌ ᠴᠢᠳᠠᠪᠤᠷᠢ᠎ᠶ᠋ᠢ ᠪᠦᠬᠦ᠌ ᠲᠠᠯ᠎ᠠ᠎ᠪᠠᠷ ᠲᠡᠭᠡᠭ᠌ᠰᠢᠯᠡᠭᠦᠯᠦᠨ᠎ᠠ ᠬᠡᠵᠤ ᠲᠤᠷᠠᠳᠪᠠ᠃ ᠪᠢ  ᠺᠤᠮᠫᠢᠦᠲ᠋ᠧᠷ᠎ᠤᠨ ᠲᠤᠰᠭᠠᠢ ᠮᠡᠷᠭᠡᠵᠢᠯ ᠰᠤᠷᠤᠭ᠍ᠰᠠᠨ ᠤᠶᠤᠲᠡᠨ ᠪᠤᠯᠤᠭ᠍ᠰᠠᠨ᠎ᠤ ᠬᠤᠪᠢ᠎ᠳᠤ ᠳᠡᠭᠡᠳᠦ ᠱᠢᠨ᠎ᠡ ᠱᠢᠨᠵᠢᠯᠡᠬᠦ᠌ ᠤᠬᠠᠭᠠᠠ  ᠲᠧᠭ᠌ᠨᠢᠭ ᠮᠡᠷᠭᠡᠵᠢᠯ᠎ᠤᠨ ᠬᠦᠭ᠌ᠵᠢᠯᠳᠠ᠎ᠶ᠋ᠢᠨ ᠲᠤᠬᠠᠢ ᠮᠠᠰᠢ ᠠᠩᠬᠠᠷᠤᠠ ᠬᠠᠯᠠᠮᠵᠢᠯᠠᠳᠠᠭ᠃ ᠡᠨᠡ ᠰᠠᠢᠬᠠᠠ ᠴᠢᠮᠡᠭᠡ᠎ᠨᠢ ᠶᠠᠭ ᠪᠢᠳᠠ ᠱᠢᠭ ᠲᠤᠰᠭᠠᠢ ᠮᠠᠷᠬᠡᠵᠢᠯ ᠰᠤᠷᠤᠭ᠍ᠰᠠᠠ ᠬᠦᠮᠦᠰ᠎ᠲᠤ ᠮᠠᠷᠬᠡᠵᠢᠯ ᠴᠢᠳᠠᠪᠤᠷᠢ᠎ᠪᠠᠨ ᠪᠠᠳᠠᠷᠠᠭᠤᠯᠵᠥ᠍ ᠨᠤᠳᠤᠭ ᠤᠷᠤᠠ᠎ᠳᠠᠭᠠᠨ ᠬᠤᠪᠢ ᠨᠠᠮᠠᠷᠢ᠎ᠪᠠᠨ ᠦᠵᠡᠬᠦᠯᠬᠦ᠌᠎ᠳᠤ ᠰᠠᠢᠬᠠᠠ ᠠᠵᠠ ᠲᠤᠬᠢᠶᠠᠯ ᠪᠤᠯᠤᠨ᠎ᠠ ᠬᠡᠵᠥ᠍ ᠦᠵᠡᠵᠥ᠍ ᠪᠠᠢᠨ᠎ᠠ᠃ ᠤᠳᠤ᠎ᠠᠴᠠ ᠡᠬᠢᠯᠡᠡ ᠲᠡᠷᠢᠬᠦᠠ᠎ᠤ ᠱᠢᠨ᠎ᠠ ᠮᠠᠳᠠᠯᠬᠡ ᠮᠠᠷᠬᠡᠵᠢᠯ᠎ᠢ ᠱᠢᠷᠭᠠᠭᠤ ᠰᠤᠷᠤᠯᠴᠠᠵᠥ᠍᠂ ᠬᠡᠪ ᠪᠤᠯᠪᠠᠰᠤᠷᠠᠯ᠎ᠢᠶᠠᠨ ᠲᠡᠭᠡᠭ᠌ᠰᠢᠯᠡᠬᠦᠯᠦᠨ᠂ ᠠᠵᠠ ᠲᠤᠬᠢᠶᠠᠯ᠎ᠢ ᠰᠠᠢᠳᠤᠷ ᠡᠵᠡᠮᠳᠠᠵᠥ᠍᠂ ᠡᠬᠡ ᠤᠷᠤᠠ᠎ᠤ᠎ᠪᠠᠨ ᠬᠦᠭ᠌ᠵᠢᠯᠳᠠ᠎ᠳᠤ ᠬᠦᠴᠦᠠ ᠴᠢᠳᠠᠯ᠎ᠢᠶᠠᠨ ᠡᠷᠬᠦᠨ᠎ᠡ》 ᠭᠡᠵᠤ ᠵᠤᠷᠢᠭ ᠲᠡᠬᠦᠯᠳᠠᠷ ᠪᠠᠢᠯ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号