ᠦᠪᠡᠷᠲᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠦᠷᠪᠡᠲᠦᠭᠡᠷ ᠬᠤᠷᠠᠯ ᠦᠨᠳᠦᠰᠦᠨ ᠬᠠᠤᠯᠢ᠎ᠳᠤ ᠲᠠᠩᠭᠠᠷᠢᠬ᠍ᠯᠠᠬᠤ ᠶᠤᠰᠤᠯᠠᠯ ᠶᠠᠪᠤᠭᠤᠯᠪᠠ
2021-01-31 10:03:47
ᠵᠣᠬᠢᠶᠠᠭ᠍ᠴᠢ᠄
ᠬᠠᠨ ᠯᠢᠩ ᠯᠢᠩ
ᠣᠩᠱᠢᠭ᠍ᠰᠠᠨ ᠣᠳᠠᠭ᠎ᠠ᠄
★★★☆☆

     ᠯᠢᠶᠠᠨ ᠰᠦ᠋ ᠶᠤᠰᠤᠯᠠᠯ᠎ᠢ ᠡᠷᠬᠢᠯᠡᠵᠦ᠍ ᠵᠠᠩ ᠶᠤᠸᠠᠨ ᠵᠦᠩ ᠲᠠᠭᠠᠭᠤᠯᠤᠨ ᠲᠠᠩᠭᠠᠷᠢᠬ᠍ᠯᠠᠵᠠᠢ

1 ᠰᠠᠷ᠎ᠠ᠎ᠶ᠋ᠢᠨ 30 ᠎ᠤ ᠦᠲᠡ᠎ᠶ᠋ᠢᠨ ᠡᠮᠦᠨ᠎ᠡ᠂ ᠦᠪᠦᠷ ᠮᠣᠩᠭᠤᠯ᠎ᠤᠨ ᠠᠷᠠᠳ᠎ᠤᠨ ᠬᠤᠷᠠᠯ᠎ᠤᠨ ᠲᠠᠩᠬᠢᠮ᠎ᠳᠤ ᠤᠯᠤᠰ᠎ᠤᠨ ᠰᠦᠯᠳᠡ ᠥᠨᠳᠥᠷ᠎ᠲᠤ ᠡᠯᠭᠦᠭ᠌ᠳᠡᠨ᠂ ᠲᠠᠪᠤᠨ ᠣᠳᠣᠲᠤ ᠤᠯᠠᠭᠠᠨ ᠲᠤᠭ ᠤᠨᠴᠠ᠎ᠶ᠋ᠢᠨ ᠢᠯᠡᠳᠠᠢ ᠬᠠᠷᠠᠭ᠍ᠳᠠᠨ᠎ᠠ᠃ ᠥᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠦᠷᠪᠡᠲᠦᠭᠡᠷ ᠬᠤᠷᠠᠯ ᠲᠡᠭᠡᠷ᠎ᠠ ᠱᠢᠨ᠎ᠠ᠎ᠪᠠᠷ ᠰᠤᠩᠭᠤᠬ᠍ᠳᠠᠬ᠍ᠰᠠᠳ᠎ᠤᠨ ᠦᠨᠳᠦᠰᠦᠨ ᠬᠠᠤᠯᠢ᠎ᠳᠤ ᠲᠠᠩᠭᠠᠷᠢᠬ᠍ᠯᠠᠬᠤ ᠶᠤᠰᠤᠯᠠᠯ ᠠᠲᠡ ᠶᠠᠪᠤᠬ᠍ᠲᠠᠪᠠ᠃


QQ截图20210131095729.jpg


1 ᠰᠠᠷ᠎ᠠ᠎ᠶ᠋ᠢᠨ 30 ᠎ᠤ ᠦᠲᠡ᠎ᠶ᠋ᠢᠨ ᠡᠮᠦᠨ᠎ᠡ᠂ ᠱᠢᠨ᠎ᠠ᠎ᠪᠠᠷ ᠰᠤᠩᠭᠤᠭ᠍ᠳᠠᠭ᠍ᠰᠠᠨ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶᠠᠨ᠎ᠤ ᠭᠡᠱᠢᠭᠦᠳ ᠦᠪᠦᠷ ᠮᠣᠩᠭᠤᠯ᠎ᠤᠨ ᠠᠷᠠᠳ᠎ᠤᠨ ᠬᠤᠷᠠᠯ᠎ᠤᠨ ᠲᠠᠩᠬᠢᠮ᠎ᠳᠤ ᠬᠠᠤᠯᠢ ᠶᠤᠰᠤᠭᠠᠷ ᠦᠨᠳᠦᠰᠦᠨ ᠬᠠᠤᠯᠢ᠎ᠳᠤ ᠲᠠᠩᠭᠠᠷᠢᠬ᠍ᠯᠠᠪᠠ᠃

         ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠰᠤᠷᠪᠤᠯᠵᠢᠯᠠᠭ᠍ᠴᠢ ᠶᠤᠸᠠᠨ ᠶᠦᠩ ᠬᠤᠩ ᠰᠡᠬᠦᠳᠡᠷᠯᠡᠪᠡ


ᠲᠠᠩᠭᠠᠷᠢᠬ᠍ᠯᠠᠬᠤ ᠲᠠᠢᠰᠠᠨ ᠳᠡᠭᠡᠷ᠎ᠡ 《ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠦᠨᠳᠦᠰᠦᠨ ᠬᠠᠤᠯᠢ》 ᠎ᠶ᠋ᠢ ᠲᠠᠯᠪᠢᠵᠠᠢ᠃ ᠦᠨᠳᠦᠰᠦᠨ ᠬᠠᠤᠯᠢ᠎ᠳᠤ ᠲᠠᠩᠭᠠᠷᠢᠬ᠍ᠯᠠᠬᠤ ᠲᠤᠬᠠᠢ᠎ᠶ᠋ᠢᠨ ᠲᠠᠯᠠᠪᠠᠢ᠎ᠶ᠋ᠢᠨ ᠠᠭᠤᠷ ᠠᠮᠢᠰᠭᠤᠯ ᠲᠦᠪ ᠶᠡᠬᠡᠮᠰᠦᠭ ᠮᠦᠷᠲᠡᠭᠡᠨ ᠦᠪᠡᠳᠡᠭ᠌ᠰᠢ ᠶᠡᠭᠡ ᠪᠠᠢᠯ᠎ᠠ᠃

《ᠥᠪᠥᠷ ᠮᠤᠩᠭᠤᠯ᠎ᠤᠨ ᠥᠪᠡᠷᠳᠡᠭᠡᠨ ᠵᠠᠰᠠᠬᠤ ᠤᠷᠤᠨ᠎ᠤ ᠥᠨᠳᠤᠰᠤᠨ ᠬᠠᠤᠯᠢ᠎ᠳᠤ ᠲᠠᠩᠭᠠᠷᠢᠬ᠍ᠯᠠᠬᠤ ᠲᠥᠷᠢᠮ᠎ᠢ ᠵᠤᠬᠢᠶᠠᠨ ᠪᠠᠢᠭᠤᠯᠣᠨ ᠭᠡᠷᠡᠭ᠌ᠵᠢᠬᠦᠯᠬᠦ᠌ ᠠᠷᠭ᠎ᠠ》 ᠎ᠳᠠᠬᠢ ᠲᠤᠬ᠍ᠳᠠᠭᠠᠯ᠎ᠢ ᠥᠨᠳᠤᠰᠤᠯᠠᠨ᠂ ᠥᠪᠡᠷᠳᠡᠭᠡᠨ ᠵᠠᠰᠠᠬᠤ ᠤᠷᠤᠨ᠎ᠤ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠰᠤᠷᠭᠠᠨ ᠬᠦᠮᠦᠵᠢᠯ ᠱᠢᠨᠵᠢᠯᠡᠬᠦ᠌ ᠤᠬᠠᠭᠠᠨ ᠰᠤᠶᠤᠯ ᠡᠷᠡᠭᠦᠯ ᠬᠠᠮᠠᠭᠠᠯᠠᠯ᠎ᠤᠨ ᠵᠦᠪᠯᠡᠯ᠎ᠤᠨ ᠡᠷᠬᠢᠯᠡᠭ᠌ᠴᠢ ᠬᠡᠱᠢᠭᠦᠨ ᠵᠠᠩ ᠶᠤᠸᠠᠨ ᠵᠥᠡᠭ᠂ ᠥᠪᠡᠷᠳᠡᠭᠡᠨ ᠵᠠᠰᠠᠬᠤ ᠤᠷᠤᠨ᠎ᠤ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶᠠᠨ᠎ᠤ ᠬᠡᠱᠢᠬᠦᠨ ᠯᠢᠦ ᠸᠠᠨ ᠬᠤᠸᠠ᠂ ᠱᠢᠤᠢ ᠲᠢᠩ ᠵᠠᠩ᠂ ᠯᠢ ᠭᠠᠩ᠂ ᠯᠢ ᠴᠢᠤᠸᠠᠨ ᠸᠧᠨ᠂ ᠶᠠᠩ ᠴᠦᠨ ᠱᠠᠨ᠂ ᠵᠠᠩ ᠴᠧᠨ᠂ ᠴᠧᠨ ᠵᠢᠶᠧ᠂ ᠴᠢ᠎ᠶ᠋ᠢᠨ ᠢᠤᠢ᠂ ᠶᠤᠸᠠᠢ ᡁᠢ ᠵᠢᠶᠦ᠋ᠨ᠂ ᠵᠢᠶᠠᠩ ᠪᠦᠸᠧ ᠶᠠᠨ᠂ ᠬᠦᠩ ᠵᠢᠶᠠ ᠳ᠋ᠥᠩ᠂ ᠲᠠᠨ ᠵᠢᠩ ᠹᠧᠩ ᠥᠨᠳᠤᠰᠤᠨ ᠬᠠᠤᠯᠢ᠎ᠳᠤ ᠲᠠᠩᠭᠠᠷᠢᠬ᠍ᠯᠠᠪᠠ᠃

ᠲᠤᠰ ᠣᠳᠠᠭ᠎ᠠ᠎ᠶ᠋ᠢᠨ ᠦᠨᠳᠦᠰᠦᠨ ᠬᠠᠤᠯᠢ᠎ᠳᠤ ᠲᠠᠩᠭᠠᠷᠢᠬ᠍ᠯᠠᠬᠤ ᠠᠵᠢᠯᠯᠠᠭ᠎ᠠ᠎ᠨᠢ ᠬᠠᠮᠲᠤ᠎ᠪᠠᠷ ᠲᠠᠩᠭᠠᠷᠢᠬ᠍ᠯᠠᠬᠤ ᠬᠡᠯᠪᠡᠷᠢ᠎ᠪᠠᠷ ᠶᠠᠪᠣᠭ᠍ᠳᠠᠵᠠᠢ᠃ ᠶᠡᠭᠡ ᠬᠤᠷᠠᠯ᠎ᠤᠨ ᠲᠡᠷᠢᠭᠦᠯᠡᠭ᠌ᠴᠢᠳ᠎ᠤᠨ ᠪᠦᠯᠬᠦᠮ᠎ᠤᠨ ᠪᠠᠢᠩᠭᠤ᠎ᠶ᠋ᠢᠨ ᠲᠡᠷᠢᠭᠦᠯᠡᠭ᠌ᠴᠢ᠂ ᠭᠦᠢᠴᠡᠳᠭᠡᠬᠦ᠌ ᠲᠡᠷᠢᠭᠦᠯᠡᠭ᠌ᠴᠢ ᠯᠢᠶᠠᠨ ᠰᠦ᠋ ᠲᠠᠩᠭᠠᠷᠢᠬ᠍ᠯᠠᠬᠤ ᠶᠣᠰᠣᠯᠠᠯ᠎ᠢ ᠡᠷᠬᠢᠯᠡᠵᠦ᠍᠂ ᠵᠠᠩ ᠶᠤᠸᠠᠨ ᠵᠦᠩ ᠲᠠᠭᠠᠭᠤᠯᠤᠨ ᠲᠠᠩᠭᠠᠷᠢᠬ᠍ᠯᠠᠪᠠ᠃

ᠲᠠᠩᠭᠠᠷᠢᠬ᠍ᠯᠠᠬᠤ ᠶᠣᠰᠣᠯᠠᠯ ᠡᠬᠢᠯᠡᠮᠡᠭ᠌ᠴᠡ ᠪᠦᠭᠦᠳᠡᠭᠡᠷ᠎ᠢᠶᠠᠨ ᠪᠣᠰᠴᠤ᠌ ᠵᠣᠭ᠍ᠰᠣᠨ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠤᠯᠤᠰ᠎ᠤᠨ ᠰᠦᠯᠳᠡ ᠳᠠᠭᠤᠤ᠎ᠶ᠋ᠢ ᠬᠥᠭ᠌ᠵᠢᠮᠳᠡᠨ ᠳᠠᠭᠤᠯᠠᠪᠠ᠃

ᠤᠯᠤᠰ᠎ᠤᠨ ᠰᠦᠯᠳᠡ ᠳᠠᠭᠤᠤ᠎ᠶ᠋ᠢ ᠳᠠᠭᠤᠯᠠᠵᠤ ᠪᠠᠷᠠᠭ᠍ᠰᠠᠨ᠎ᠤ ᠳᠠᠷᠠᠭ᠎ᠠ᠂ ᠲᠠᠭᠠᠭᠤᠯᠤᠨ ᠲᠠᠩᠭᠠᠷᠢᠬ᠍ᠯᠠᠭ᠍ᠴᠢ ᠵᠠᠩ ᠶᠤᠸᠠᠨ ᠵᠦᠩ ᠲᠠᠩᠭᠠᠷᠢᠬ᠍ᠯᠠᠬᠤ ᠲᠠᠢᠰᠠᠨ᠎ᠤ ᠡᠮᠦᠨ᠎ᠡ ᠬᠦᠷᠴᠦ᠍᠂ ᠵᠡᠬᠦᠨ ᠭᠠᠷ᠎ᠢᠶᠠᠨ ᠦᠨᠳᠦᠰᠦᠨ ᠬᠠᠤᠯᠢ᠎ᠶ᠋ᠢᠨ ᠲᠡᠬᠡᠷ᠎ᠠ ᠲᠠᠯᠪᠢᠵᠤ᠂ ᠪᠠᠷᠠᠭᠤᠨ ᠨᠢᠳᠤᠷᠭ᠎ᠠ᠎ᠪᠠᠨ ᠵᠠᠩᠭᠢᠳᠤᠨ ᠡᠷᠬᠦᠵᠥ᠍᠂ ᠲᠠᠩᠭᠠᠷᠢᠭ᠎ᠤᠨ ᠦᠭᠡᠰ᠎ᠢ ᠤᠩᠱᠢᠪᠠ᠃ ᠦᠨᠳᠦᠰᠦᠨ ᠬᠠᠤᠯᠢ᠎ᠳᠤ ᠲᠠᠩᠭᠠᠷᠢᠬ᠍ᠯᠠᠬᠤ᠎ᠳᠤ ᠣᠷᠣᠯᠴᠠᠭ᠍ᠰᠠᠳ ᠲᠠᠭᠠᠭᠤᠯᠤᠨ ᠲᠠᠩᠭᠠᠷᠢᠬ᠍ᠯᠠᠭ᠍ᠴᠢ᠎ᠶ᠋ᠢᠨ ᠠᠷᠤ᠎ᠳᠤ ᠮᠥᠷᠯᠡᠨ ᠵᠣᠭ᠍ᠰᠣᠭᠠᠳ ᠪᠠᠷᠠᠭᠤᠨ ᠨᠢᠳᠤᠷᠭ᠎ᠠ᠎ᠪᠠᠨ ᠵᠠᠩᠭᠢᠳᠣᠨ ᠡᠷᠭᠦᠵᠦ᠍᠂ ᠲᠠᠩᠭᠠᠷᠢᠭ᠎ᠤᠨ ᠦᠭᠡᠰ᠎ᠢ᠎ᠲᠠᠭᠠᠨ ᠤᠩᠱᠢᠪᠠ᠃

《ᠪᠢ ᠲᠠᠩᠭᠠᠷᠢᠬ᠍ᠯᠠᠵᠥ᠍ ᠪᠠᠢᠨ᠎ᠠ᠄ ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠦᠨᠳᠦᠰᠦᠨ ᠬᠠᠤᠯᠢ᠎ᠳᠤ ᠦᠨᠡᠨᠴᠢ ᠱᠢᠳᠤᠷᠭᠤ ᠪᠠᠢᠵᠤ᠂ ᠦᠨᠳᠦᠰᠦᠨ ᠬᠠᠤᠯᠢ᠎ᠶ᠋ᠢᠨ ᠡᠷᠬᠡ ᠰᠦᠷ᠎ᠢ ᠬᠠᠮᠠᠭᠠᠯᠠᠵᠤ᠂ ᠬᠠᠤᠯᠢ᠎ᠳᠤ ᠲᠣᠭ᠍ᠲᠠᠭᠠᠭ᠍ᠰᠠᠨ ᠳᠣᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠵᠦ᠍᠂ ᠡᠬᠡ ᠤᠯᠤᠰ᠎ᠲᠠᠭᠠᠨ ᠦᠨᠡᠨᠴᠢ ᠱᠢᠳᠤᠷᠭᠤ ᠠᠷᠠᠳ ᠲᠦᠮᠡᠨ᠎ᠳᠡᠭᠡᠨ ᠦᠨᠡᠨᠴᠢ ᠱᠢᠳᠤᠷᠭᠤ ᠪᠠᠢᠵᠤ᠂ ᠡᠬᠦᠷᠬᠡ ᠳᠣᠱᠢᠶᠠᠯ᠎ᠢᠶᠠᠨ ᠬᠢᠴᠢᠶᠡᠩᠭᠦ᠋ᠢᠯᠡᠨ  ᠭᠦᠢᠴᠡᠳᠭᠡᠵᠦ᠍ ᠠᠷᠢᠭᠤᠨ ᠴᠢᠬᠡᠴᠢ᠎ᠪᠠᠷ ᠠᠯᠪᠠᠨ᠎ᠳᠤ ᠵᠢᠳᠬᠦᠵᠦ᠍᠂ ᠠᠷᠠᠳ ᠲᠦᠮᠡᠨ᠎ᠤ ᠬᠢᠨᠠᠯᠲᠠ᠎ᠶ᠋ᠢ ᠬᠦᠯᠢᠶᠡᠵᠦ᠍᠂ ᠪᠠᠶᠠᠨ ᠬᠦᠴᠦᠷᠬᠡᠭ ᠠᠷᠠᠳᠴᠢᠯᠠᠯ᠎ᠲᠠᠢ ᠪᠣᠯᠪᠠᠰᠤᠨ ᠰᠠᠢᠬᠠᠨ ᠡᠶ᠎ᠡ ᠵᠣᠬᠢᠴᠠᠯ᠎ᠲᠠᠢ ᠦᠵᠡᠰᠭᠦᠯᠡᠩᠲᠦ ᠰᠠᠢᠬᠠᠨ ᠨᠡᠢᠭᠡᠮ ᠵᠢᠷᠤᠮᠳᠣ ᠣᠳᠣᠬᠢᠴᠢᠯᠠᠭ᠍ᠰᠠᠨ ᠬᠦᠴᠦᠷᠬᠡᠭ ᠤᠯᠤᠰ᠎ᠢ ᠪᠥᠲᠥᠭᠡᠨ ᠪᠠᠢᠭᠤᠯᠬᠤ᠎ᠶ᠋ᠢᠨ ᠲᠥᠯᠥᠭᠡ ᠴᠢᠷᠮᠠᠢᠨ ᠲᠡᠮᠡᠴᠡᠨ᠎ᠡ!》

ᠲᠠᠩᠭᠠᠷᠢᠬ᠍ᠯᠠᠭ᠍ᠰᠠᠳ᠂ ᠲᠠᠩᠭᠠᠷᠢᠭ᠎ᠢᠶᠠᠨ ᠡᠭᠦᠷᠢᠳᠡ ᠪᠠᠲᠤ ᠴᠡᠭᠡᠵᠢᠯᠡᠨ᠂ ᠢᠮᠠᠭ᠍ᠲᠠ ᠦᠨᠳᠦᠰᠦᠨ ᠬᠠᠤᠯᠢ᠎ᠳᠤ ᠦᠨᠡᠨᠴᠢ ᠱᠢᠳᠤᠷᠭᠤ ᠪᠠᠢᠵᠤ᠂ ᠦᠨᠳᠦᠰᠦᠨ ᠬᠠᠤᠯᠢ᠎ᠶ᠋ᠢᠨ ᠡᠷᠬᠡ ᠰᠦᠷ᠎ᠢ ᠬᠠᠮᠠᠭᠠᠯᠠᠨ᠂ ᠤᠬ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠴᠠᠭ ᠢᠮᠠᠭ᠍ᠲᠠ ᠦᠯᠦ᠍ ᠮᠠᠷᠲᠠᠵᠤ᠂ ᠠᠮᠠᠯᠠᠯᠲᠠ᠎ᠪᠠᠨ ᠦᠨᠡᠨ ᠬᠦ᠌ ᠭᠦᠢᠴᠡᠳᠭᠡᠨ᠂ ᠪᠣᠳᠠᠲᠠᠢ ᠠᠵᠢᠯᠯᠠᠵᠤ ᠬᠠᠷᠢᠭᠤᠴᠠᠯᠭ᠎ᠠ ᠡᠭᠦᠷᠭᠡᠯᠡᠨ ᠵᠠᠮ ᠨᠡᠭᠡᠭᠡᠨ ᠱᠢᠨ᠎ᠡ᠎ᠶ᠋ᠢ ᠡᠭᠦᠳᠴᠦ᠍᠂ ᠨᠡᠢᠭᠡᠮ ᠵᠢᠷᠦᠮᠳᠣ ᠤᠳᠤᠬᠢᠴᠢᠯᠠᠬ᠍ᠰᠠᠨ ᠤᠯᠤᠰ᠎ᠢ ᠪᠦᠬᠦ᠌ ᠲᠠᠯ᠎ᠠ᠎ᠪᠠᠷ ᠪᠦᠲᠦᠭᠡᠨ ᠪᠠᠢᠭᠤᠯᠬᠤ ᠱᠢᠨ᠎ᠡ ᠠᠶᠠᠨ ᠵᠠᠮ᠎ᠳᠤ ᠦᠪᠦᠷ ᠮᠤᠩᠭᠤᠯ᠎ᠤᠨ ᠬᠦᠭ᠌ᠵᠢᠯᠲᠡ᠎ᠶ᠋ᠢᠨ ᠱᠢᠨ᠎ᠡ ᠬᠠᠭᠤᠳᠠᠰᠤ᠎ᠶ᠋ᠢ ᠪᠢᠴᠢᠭ᠌ᠯᠡᠬᠦ᠌᠎ᠳᠤ ᠨᠡᠩ ᠶᠡᠭᠡ ᠱᠢᠨ᠎ᠡ ᠬᠤᠪᠢ ᠨᠡᠮᠡᠷᠢ᠎ᠪᠠᠨ ᠦᠵᠡᠭᠦᠯᠦᠨ᠎ᠡ ᠬᠡᠵᠦ᠍ ᠰᠠᠨᠠᠯ ᠨᠢᠭᠡᠲᠡᠢ ᠢᠯᠡᠷᠬᠡᠢᠯᠡᠵᠡᠭᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号