ᠱᠢᠤᠢ ᠹᠸᠡᠭ᠎ᠤᠨ ᠡᠶᠡᠳᠡᠬᠦᠯᠦᠯᠳᠠ 90% ᠭᠠᠷᠤᠢ᠎ᠨᠢ ᠬᠠᠨᠣᠮᠵᠢᠳᠠᠢ
2021-01-08 10:21:55
ᠵᠣᠬᠢᠶᠠᠭ᠍ᠴᠢ᠄
ᠬᠤᠸᠠᠩ ᠹᠦ᠋ ᠮᠸᠢ ᠱᠢᠶᠠᠨ
ᠣᠩᠱᠢᠭ᠍ᠰᠠᠨ ᠣᠳᠠᠭ᠎ᠠ᠄
★★★☆☆

《ᠲᠠᠨ᠎ᠤ ᠭᠤᠮᠤᠳᠠᠯ ᠴᠢᠨᠢ ᠶᠠᠭᠤ ᠪᠤᠢ?》

《ᠲᠠ ᠬᠡᠲᠦᠢ ᠲᠦᠯᠤᠪᠤᠷᠢ ᠦᠭ᠌ᠴᠦ ᠲᠡᠢᠯᠭᠦ᠌ ᠪᠤᠢ?》

ᠤᠯᠠᠭᠠᠨᠴᠠᠪ ᠬᠤᠳᠠ᠎ᠶ᠋ᠢᠨ ᠵᠢᠨᠢᠩ ᠲᠤᠭᠤᠷᠢᠭ᠎ᠤᠨ ᠬᠠᠤᠯᠢ ᠴᠠᠭᠠᠵᠠ᠎ᠶ᠋ᠢᠨ ᠲᠤᠪᠴᠢᠶ᠎ᠠ᠎ᠶ᠋ᠢᠨ ᠵᠠᠮ ᠬᠠᠷᠢᠯᠴᠠᠭᠠᠨ᠎ᠤ ᠠᠳᠡᠯ᠎ᠢ ᠡᠶᠡᠳᠡᠭᠦᠯᠭᠦ᠌ ᠵᠦᠪᠯᠡᠯ᠎ᠤᠨ ᠡᠷᠭᠢᠯᠡᠭ᠌ᠴᠢ ᠱᠢᠤᠢ ᠹᠸᠡᠭ ᠱᠢᠷᠠᠬ᠍ᠳᠤᠬ᠍ᠴᠢ᠎ᠶ᠋ᠢᠨ ᠭᠤᠮᠤᠳᠠᠯ ᠬᠢᠭᠡᠳ ᠨᠦᠬᠦᠭᠡ ᠡᠳᠡᠭᠡᠳ᠎ᠤᠨ ᠲᠦᠯᠦᠪᠤᠷᠢ ᠦᠭ᠌ᠬᠦ ᠴᠢᠳᠠᠪᠤᠷᠢ᠎ᠶ᠋ᠢ ᠬᠦᠯᠢᠴᠡᠩᠭᠦᠢ ᠠᠳᠠᠯ᠎ᠠ᠎ᠪᠠᠨ ᠡᠶᠡᠯᠳᠡᠭ᠎ᠢᠶᠠᠷ ᠠᠰᠠᠭᠤᠨ ᠯᠠᠪᠯᠠᠬᠤ᠎ᠳᠤ᠂ ᠬᠤᠶᠠᠷ ᠡᠳᠡᠭᠡᠳ᠎ᠤᠨ ᠠᠭᠤᠷ ᠠᠭᠠᠰᠢ᠎ᠨᠢ ᠠᠶᠠᠷᠬᠠᠨ ᠨᠠᠮᠳᠠᠵᠦ᠍᠂ ᠬᠡᠷᠡᠭ᠎ᠢ ᠭᠡᠷᠭᠢᠨ ᠵᠤᠬᠢᠰᠳᠠᠢ ᠱᠢᠢᠳᠪᠤᠷᠢᠯᠡᠭᠦ᠌ ᠳᠤᠬᠠᠢ ᠵᠦᠪᠳᠡᠵᠦ᠍ ᠡᠬᠢᠯᠡᠪᠡ ᠁

2020 ᠤᠨ᠎ᠤ 9 ᠰᠠᠷ᠎ᠠ᠎ᠶ᠋ᠢᠨ 25 ᠎ᠤ ᠡᠳᠦᠷ᠂ 36 ᠨᠠᠰᠤᠳᠠᠢ ᠹᠠᠨ ᠼᠦᠢ ᠴᠢᠩ ᠨᠡᠢᠳᠡ᠎ᠶ᠋ᠢᠨ ᠮᠠᠱᠢᠨ ᠲᠡᠷᠭᠡᠨ᠎ᠠᠴᠠ ᠪᠠᠭᠤᠬᠤ ᠦᠶ᠎ᠠ᠎ᠳᠡᠭᠡᠨ᠂ ᠴᠠᠭᠢᠯᠭᠠᠨ ᠬᠦᠳᠡᠯᠭᠡᠭᠦᠷᠳᠤ ᠲᠡᠷᠭᠡ ᠤᠨᠤᠵᠦ᠍ ᠪᠠᠢᠬ᠍ᠰᠠᠨ ᠴᠧᠨ ᠶᠠᠨ ᠯᠢ᠎ᠳᠤ ᠮᠦᠷᠭᠦᠭ᠌ᠳᠡᠨ ᠤᠨᠠᠵᠦ᠍᠂ ᠲᠤᠢᠭ᠎ᠤᠨ ᠶᠠᠰᠦ᠎ᠪᠠᠨ ᠬᠡᠮᠳᠤᠭᠡᠪᠠ᠃ ᠵᠢᠨᠢᠩ ᠲᠤᠭᠤᠷᠢᠭ᠎ᠤᠨ ᠵᠠᠮ ᠬᠠᠷᠢᠯᠴᠠᠭᠠᠨ᠎ᠤ ᠴᠠᠭ᠍ᠳᠠᠭᠠᠨ᠎ᠤ ᠶᠡᠭᠡ ᠠᠩᠭᠢ᠎ᠶ᠋ᠢᠨ᠎ᠬᠢᠨ ᠴᠧᠨ ᠶᠠᠨ ᠯᠢ᠎ᠳᠤ 70% ᠎ᠶ᠋ᠢᠨ ᠬᠠᠷᠢᠭᠤᠴᠠᠯᠭ᠎ᠠ᠎ᠲᠠᠢ ᠭᠡᠮᠨᠨ ᠨᠣᠳᠠᠯᠠᠨ ᠲᠤᠬ᠍ᠳᠠᠭᠠᠪᠠ᠃ ᠡᠷᠭᠡ ᠲᠡᠭ᠌ᠰᠢ ᠲᠦᠪ ᠭᠤᠤᠯᠴᠢ᠎ᠶ᠋ᠢ ᠪᠤᠳᠤᠯᠬᠢᠯᠠᠵᠦ᠍᠂ ᠱᠢᠤᠢ ᠹᠸᠡᠭ ᠱᠢᠷᠠᠬ᠍ᠳᠤᠬ᠍ᠴᠢ᠎ᠳᠤ ᠵᠡᠮᠳᠡᠭ᠎ᠤᠨ ᠳᠡᠰ ᠳᠤᠭ᠍ᠳᠠᠭᠠᠯᠳᠠ᠎ᠶ᠋ᠢ ᠱᠢᠯᠭᠠᠨ ᠲᠤᠬ᠍ᠳᠠᠭᠠᠬᠤ᠎ᠶ᠋ᠢ ᠰᠠᠨᠠᠭᠤᠯᠬᠤ᠎ᠶ᠋ᠢᠨ ᠲᠠᠭᠠᠤ᠂ ᠡᠶᠡᠳᠡᠭᠦᠯᠭᠦ᠌ ᠵᠦᠪᠯᠡᠯ᠎ᠤᠨ᠎ᠬᠢᠨ ᠲᠤᠰᠭᠠᠢ ᠪᠠᠢᠭᠤᠯᠤᠮᠵᠢ᠎ᠳᠤ ᠨᠠᠢᠳᠠᠨ ᠱᠢᠯᠭᠠᠨ ᠲᠤᠬ᠍ᠳᠠᠭᠠᠯᠳᠠ ᠭᠢᠯᠭᠡᠵᠦ᠍᠂ ᠬᠤᠪᠢ᠎ᠪᠠᠷ᠎ᠢᠶᠠᠨ ᠱᠢᠯᠭᠠᠨ ᠲᠤᠬ᠍ᠳᠠᠭᠠᠬᠤ ᠲᠦᠪᠡᠭ᠎ᠲᠠᠢ ᠶᠠᠪᠤᠴᠠ᠎ᠶ᠋ᠢ ᠦᠡᠭ᠌ᠭᠡᠷᠡᠭᠦᠯᠦᠭ᠌ᠰᠡᠨ ᠦᠭᠡᠢ ᠲᠦᠬᠦᠮᠴᠢᠯᠡᠵᠦ᠍ ᠦᠭ᠌ᠪᠡ᠃

《ᠡᠨᠡ ᠤᠳᠠᠭ᠎ᠠ᠎ᠶ᠋ᠢᠨ ᠡᠶᠡᠳᠡᠭᠦᠯᠭᠡ ᠪᠤᠳᠤᠬ᠍ᠰᠠᠨ᠎ᠠᠴᠠ ᠢᠯᠡᠬᠦᠦ ᠤᠷᠤᠭ᠍ᠰᠢᠳᠠᠢ ᠪᠣᠯᠵᠠᠢ᠂ ᠡᠬᠢᠨ᠎ᠳᠡᠭᠡᠨ ᠪᠢᠳᠡ ᠵᠡᠮᠳᠡᠭ᠎ᠤᠨ ᠳᠡᠰ ᠳᠤᠭ᠍ᠳᠠᠭᠠᠯᠳᠠ᠎ᠶ᠋ᠢ ᠱᠢᠯᠭᠠᠨ ᠲᠤᠬ᠍ᠳᠠᠭᠠᠬᠤ ᠤᠴᠢᠷ᠎ᠲᠤ ᠶᠠᠭᠠᠭᠢᠬᠤ᠎ᠪᠠᠨ ᠮᠡᠳᠡᠭᠦ᠌ ᠦᠭᠡᠢ ᠪᠠᠢᠵᠠᠢ᠃ ᠡᠢᠮᠦ᠍ ᠤᠴᠢᠷ᠎ᠢ ᠪᠢᠳᠠ ᠰᠠᠢᠨ ᠤᠢ᠍ᠢᠯᠠᠭᠠᠬᠤ ᠦᠭᠡᠢ᠂ ᠵᠦᠪᠭᠡᠨ ᠱᠢᠭᠦᠭᠦ᠌ ᠬᠤᠷᠢᠶ᠎ᠠ᠎ᠳᠤ ᠭᠤᠮᠤᠳᠠᠯ ᠲᠤᠭᠠᠴᠢᠪᠠᠯ ᠰᠠᠶᠢ ᠱᠢᠯᠭᠠᠨ ᠲᠤᠬ᠍ᠳᠠᠭᠠᠵᠦ᠍ ᠪᠤᠯᠤᠨ᠎ᠠ ᠭᠡᠵᠦ᠍ ᠪᠤᠳᠤᠵᠦ᠍ ᠪᠠᠢᠬ᠍ᠰᠠᠨ ᠪᠦᠭᠡᠳ ᠬᠠᠮᠢᠭ᠎ᠠ ᠤᠴᠢᠵᠦ᠍ ᠱᠢᠯᠭᠠᠨ ᠲᠤᠬ᠍ᠳᠠᠭᠠᠯᠳᠠ ᠬᠢᠯᠭᠡᠭᠦ᠎ᠪᠠᠨ ᠴᠤ᠌ ᠮᠡᠳᠡᠭᠦ᠌ ᠦᠭᠡᠢ ᠪᠠᠢᠵᠠᠢ᠃ ᠱᠢᠤᠢ ᠡᠷᠬᠢᠯᠡᠭ᠌ᠴᠢ ᠮᠠᠨ᠎ᠳᠤ ᠲᠤᠬᠠᠢ᠎ᠶ᠋ᠢᠨ ᠭᠠᠵᠠᠷ᠎ᠲᠠᠭᠠᠨ ᠬᠢᠵᠦ᠍ ᠪᠤᠯᠤᠨ᠎ᠠ ᠭᠡᠵᠦ᠍ ᠬᠡᠯᠡᠵᠦ᠍ ᠦᠭ᠌ᠪᠡ᠂ ᠡᠶᠡᠳᠡᠭᠦᠯᠭᠦ᠌ ᠵᠦᠪᠯᠡᠯ᠎ᠤᠨ᠎ᠬᠢᠨ᠎ᠳᠤ ᠨᠡᠢᠳᠡᠵᠦ᠍ ᠬᠢᠯᠭᠡᠭ᠌ᠰᠡᠨ ᠪᠤᠯᠬᠤᠷ ᠪᠢᠳᠡᠨ᠎ᠳᠤ ᠮᠠᠰᠢ ᠲᠦᠭᠦᠮ ᠦᠵᠡᠭᠦᠯᠵᠠᠢ᠃ ᠱᠢᠤᠢ ᠡᠷᠬᠢᠯᠡᠭ᠌ᠴᠢ ᠮᠠᠰᠢ ᠰᠠᠢᠨ ᠬᠠᠨᠤᠮᠵᠢᠳᠠᠢ ᠡᠶᠡᠳᠡᠬᠦᠯᠦᠭ᠌ᠰᠡᠨ᠂ ᠵᠠᠩ ᠤᠪᠤᠷ᠎ᠨᠢ ᠴᠤ᠌ ᠨᠡᠩ ᠬᠡᠯᠡᠭᠦ᠎ᠶ᠋ᠢᠨ ᠠᠷᠭ᠎ᠠ ᠦᠭᠡᠢ ᠰᠠᠢᠨ》 ᠭᠡᠵᠦ᠍ ᠱᠢᠷᠠᠬ᠍ᠳᠤᠬ᠍ᠴᠢ ᠹᠠᠨ ᠼᠦᠢ ᠴᠢᠩ ᠡᠶᠡᠳᠡᠭᠦᠯᠦᠭ᠌ᠰᠡᠨ᠎ᠤ ᠲᠠᠷᠠᠭ᠎ᠠ ᠬᠠᠨᠤᠮᠵᠢᠳᠠᠢᠬᠠᠨ ᠶᠠᠷᠢᠵᠦ᠍ ᠪᠠᠢᠯ᠎ᠠ᠃

《ᠪᠢᠳᠡ ᠠᠳᠡ ᠢᠷᠡᠭ᠌ᠰᠡᠨ᠎ᠨᠢ ᠲᠠᠷᠤᠢ ᠬᠤᠶᠠᠷ ᠡᠳᠡᠭᠡᠳ᠎ᠢᠶᠠᠷ᠎ᠢᠶᠠᠨ ᠨᠡᠯᠢᠶᠡᠳ ᠬᠠᠨᠤᠮᠵᠢᠳᠠᠢ ᠦᠷ᠎ᠠ ᠳ᠋ᠦᠡᠭ ᠤᠯᠬᠤ᠎ᠶ᠋ᠢᠨ ᠲᠦᠯᠦᠭᠡ ᠶᠤᠮ᠂ ᠲᠠᠷᠠᠭᠠᠴᠢ᠎ᠶ᠋ᠢᠨ ᠠᠯᠬᠤᠮ᠎ᠳᠤ ᠲᠡᠭᠦᠨ᠎ᠤ ᠵᠡᠮᠳᠡᠭ᠎ᠤᠨ ᠳᠡᠰ ᠳᠤᠭ᠍ᠳᠠᠭᠠᠯᠳᠠ᠎ᠶ᠋ᠢ ᠱᠢᠯᠭᠠᠨ ᠲᠤᠬ᠍ᠳᠠᠭᠠᠭ᠍ᠰᠠᠨ ᠦᠷ᠎ᠠ ᠳ᠋ᠦᠡᠭ᠎ᠢ ᠦᠵᠡᠵᠦ᠍᠂ ᠴᠢᠳᠠᠯ᠎ᠤᠨ᠎ᠢᠶᠠᠨ ᠬᠢᠷᠢ᠎ᠪᠠᠷ᠎ᠢᠶᠠᠨ ᠲᠦᠯᠤᠪᠦᠷᠢ ᠦᠭ᠌ᠭᠦᠨ᠎ᠠ》 ᠭᠡᠵᠦ᠍ ᠠᠳᠡᠯ ᠭᠠᠷᠭᠠᠭ᠍ᠴᠢ ᠴᠧᠨ ᠶᠠᠨ ᠯᠢ ᠲᠤᠬᠠᠢ᠎ᠶ᠋ᠢᠨ ᠲᠠᠯᠠᠪᠠᠢ᠎ᠳᠤ ᠢᠯᠡᠷᠭᠡᠢᠯᠡᠪᠡ᠃

10 ᠭᠠᠷᠤᠢ ᠵᠢᠯ᠎ᠤᠨ ᠲᠤᠷᠰᠢ᠂ ᠱᠢᠤᠢ ᠹᠸᠡᠭ᠎ᠳᠤ ᠡᠢᠮᠦᠷᠭᠦᠤ ᠡᠶᠡᠳᠡᠭᠦᠯᠭᠡ ᠪᠠᠢᠡᠭ᠌ᠭᠤ᠎ᠶ᠋ᠢᠨ ᠶᠠᠪᠤᠳᠠᠯ ᠪᠤᠯᠤᠬ᠍ᠰᠠᠨ ᠭᠡᠬᠦ᠌᠎ᠳᠤ ᠠᠬ᠍ᠳᠠᠬᠤ ᠦᠭᠡᠢ ᠶᠤᠮ᠃

2010 ᠤᠨ᠎ᠳᠤ᠂ ᠵᠢᠨᠢᠩ ᠲᠤᠭᠤᠷᠢᠭ᠎ᠤᠨ ᠬᠠᠤᠯᠢ ᠴᠠᠭᠠᠵᠠ᠎ᠶ᠋ᠢᠨ ᠲᠤᠪᠴᠢᠶ᠎ᠠ ᠵᠠᠮ ᠬᠠᠷᠢᠯᠴᠠᠭᠠᠨ᠎ᠤ ᠠᠳᠡᠯ᠎ᠢ ᠡᠶᠡᠳᠡᠭᠦᠯᠬᠦ᠌ ᠵᠦᠪᠯᠡᠯ ᠪᠠᠢᠭᠤᠯᠵᠦ᠍᠂ ᠱᠢᠤᠢ ᠹᠸᠡᠭ ᠡᠶᠡᠳᠡᠭᠦᠯᠭᠦ᠌ ᠵᠦᠪᠯᠡᠯ᠎ᠤᠨ ᠡᠷᠬᠢᠯᠡᠭ᠌ᠴᠢ ᠪᠤᠯᠪᠠ᠃ 10 ᠵᠢᠯ᠎ᠳᠤ᠂ ᠱᠢᠤᠢ ᠹᠸᠡᠭ 1000 ᠭᠠᠷᠤᠢ ᠤᠳᠠᠭᠠᠨ᠎ᠤ ᠵᠠᠮ ᠬᠠᠷᠢᠯᠴᠠᠭᠠᠨ᠎ᠤ ᠠᠳᠡᠯ᠎ᠤᠨ ᠵᠢᠭᠤᠷᠠᠭᠠᠨ᠎ᠢ ᠱᠢᠢᠳᠪᠤᠷᠢᠯᠡᠵᠦ᠍᠂ ᠡᠶᠡᠳᠡᠭᠦᠯᠭᠡ᠎ᠳᠤ ᠬᠤᠯᠪᠤᠬ᠍ᠳᠠᠬ᠍ᠰᠠᠨ ᠵᠤᠭᠤᠰ ᠮᠦᠡᠭ᠌ᠭᠦ᠎ᠨᠢ 2000 ᠭᠠᠷᠤᠢ ᠲᠦᠮᠡᠨ ᠲᠦᠭᠦᠷᠢᠭ᠎ᠲᠤ ᠭᠦᠷᠴᠤ᠌᠂ ᠡᠶᠡᠳᠡᠭᠦᠯᠤᠯᠳᠠ᠎ᠶ᠋ᠢᠨ ᠪᠦᠳᠦᠮᠵᠢᠳᠠᠢ ᠪᠤᠯᠤᠭ᠍ᠰᠡᠨ ᠬᠡᠮᠵᠢᠶ᠎ᠡ 90% ᠎ᠠᠴᠠ ᠲᠡᠭᠡᠭ᠌ᠰᠢ᠎ᠳᠤ ᠬᠦᠷᠴᠤ᠌᠂ ᠬᠠᠨᠤᠮᠵᠢ᠎ᠶ᠋ᠢᠨ ᠬᠡᠮᠵᠢᠶ᠎ᠠ 90 % ᠎ᠳᠤ ᠬᠦᠷᠪᠡ᠃

《ᠱᠢᠤᠢ ᠡᠷᠬᠢᠯᠡᠭ᠌ᠴᠢ ᠪᠤᠯ ᠪᠢᠳᠠᠨ᠎ᠤ ᠤᠳᠤᠷᠢᠳᠤᠯᠭ᠎ᠠ ᠮᠦᠷᠳᠡᠭᠡᠨ ᠠᠬᠠᠮᠠᠳ᠂ ᠪᠢᠳᠡᠨ᠎ᠤ ᠰᠠᠢᠨ ᠲᠠᠭᠤᠷᠢᠶᠠᠯ᠃ ᠲᠡᠷᠡ ᠡᠶᠡᠳᠡᠭᠦᠯᠭᠡ᠎ᠶ᠋ᠢᠨ ᠬᠤᠶᠠᠷ ᠡᠳᠡᠭᠡᠳ᠎ᠲᠤ ᠬᠠᠯᠠᠭᠤᠮᠰᠤᠬ᠂ ᠬᠦᠯᠢᠴᠡᠩᠭᠦᠢ᠂ ᠬᠢᠨᠠᠮᠠᠭᠠᠢ ᠬᠠᠨᠳᠤᠳᠠᠭ᠂ ᠢᠯᠠᠩᠭᠤᠶ᠎ᠠ ᠠᠭᠠᠰᠢ ᠮᠠᠭᠤᠳᠠᠢ ᠲᠤᠬᠠᠢ᠎ᠶ᠋ᠢᠨ ᠬᠦᠮᠦᠨ᠎ᠲᠠᠢ ᠬᠠᠷᠭᠤᠪᠠᠯ᠂ ᠲᠤᠬᠠᠢ᠎ᠶ᠋ᠢᠨ ᠬᠦᠮᠦᠨ᠎ᠤ᠎ᠪᠠᠨ ᠲᠦᠯᠦᠭᠡ ᠬᠡᠷᠭᠢᠨ ᠰᠠᠢᠳᠤᠷ ᠪᠤᠳᠤᠯᠬᠢᠯᠠᠬᠤ᠎ᠶ᠋ᠢ ᠪᠢᠳᠡᠨ᠎ᠳᠤ ᠰᠠᠢᠨ ᠵᠢᠭᠠᠯ᠎ᠠ᠃ ᠱᠢᠤᠢ ᠡᠷᠬᠢᠯᠡᠭ᠌ᠴᠢ ᠪᠠᠢᠪᠠᠯ ᠪᠢᠳᠡ ᠲᠦᠱᠢᠭ ᠲᠤᠯᠭᠠᠭᠤᠷᠢ᠎ᠲᠠᠢ ᠪᠤᠯᠵᠦ᠍᠂ ᠠᠵᠢᠯ ᠬᠦᠴᠢᠷᠳᠠᠢ ᠰᠠᠨᠠᠬ᠍ᠳᠠᠬᠤ᠎ᠪᠠᠨ ᠪᠠᠢᠴᠢᠬᠠᠨ᠎ᠠ》 ᠭᠡᠵᠦ᠍ ᠬᠠᠮᠳᠤ ᠠᠵᠢᠯᠳᠠᠨ ᠰᠤ᠌ ᠵᠢᠶᠧ ᠬᠡᠯᠡᠪᠠ᠃

ᠱᠢᠤᠢ ᠹᠸᠡᠭ᠄ 《ᠡᠶᠡᠳᠡᠬᠦᠯᠭᠦ᠌ ᠪᠤᠯ ᠬᠠᠷᠢᠴᠠᠩᠭᠤᠢ ᠬᠦᠮᠦᠯᠢᠭ ᠠᠷᠭ᠎ᠠ ᠵᠠᠮ ᠪᠣᠯᠣᠨ᠎ᠠ᠂ ᠵᠠᠮ ᠬᠠᠷᠢᠯᠴᠠᠭᠠᠨ᠎ᠤ ᠠᠳᠡᠯ᠎ᠢ ᠪᠤᠰᠤᠳ ᠵᠢᠭᠤᠷᠠᠭᠠᠨ᠎ᠲᠠᠢ ᠬᠠᠷᠢᠴᠠᠭᠤᠯᠪᠠᠯ ᠬᠠᠮᠤᠭ᠎ᠤᠨ ᠶᠡᠭᠡ ᠤᠨᠴᠠᠯᠢᠬ᠎ᠨᠢ ᠮᠠᠱᠢᠨ ᠳᠡᠷᠭᠡ ᠰᠦᠢᠳᠴᠤ᠌ ᠬᠤᠬᠢᠷᠠᠬᠤ ᠦᠭᠡᠢ ᠪᠤᠯ ᠬᠦᠮᠦᠨ ᠬᠠᠷ᠎ᠠ ᠱᠢᠷᠠᠬ᠍ᠳᠤᠵᠤ᠂ ᠬᠤᠶᠠᠷ ᠡᠳᠡᠭᠡᠳ᠎ᠢᠶᠠᠷ᠎ᠢᠶᠠᠨ ᠪᠦᠷ ᠠᠭᠤᠷ ᠬᠢᠯᠢᠩ ᠪᠠᠴᠢᠮᠳᠠᠯ ᠰᠤᠴᠢᠷᠳᠠᠯ᠎ᠳᠤ ᠠᠪᠳᠠᠴᠢᠬᠠᠳᠠᠭ᠃ ᠡᠶᠡᠳᠡᠬᠦᠯᠦᠭ᠌ᠴᠢ ᠪᠤᠯᠤᠬ᠍ᠰᠠᠨ᠎ᠤ ᠬᠤᠪᠢ᠎ᠳᠤ ᠡᠩ ᠲᠡᠷᠢᠬᠦᠨ᠎ᠳᠤ ᠲᠡᠰᠪᠤᠷᠢᠳᠠᠢ ᠬᠦᠯᠢᠴᠡᠩᠭᠦᠢ᠂ ᠬᠠᠯᠠᠭᠤᠮᠰᠤᠭ ᠰᠡᠳᠭᠢᠯᠭᠡ᠎ᠲᠠᠢ ᠪᠠᠢᠵᠤ᠂ ᠠᠳᠡᠯ ᠡᠭᠦᠰᠦᠭ᠌ᠰᠡᠨ ᠬᠤᠶᠠᠷ ᠡᠳᠡᠭᠡᠳ᠎ᠢᠶᠠᠷ᠎ᠢᠶᠠᠨ ᠲᠤᠰᠠᠯᠠᠮᠵᠢ ᠬᠦᠰᠡᠵᠦ᠍ ᠪᠠᠢᠬᠤ ᠪᠤᠯᠬᠤᠷ ᠲᠠᠳᠡᠠ ᠨᠠᠷ᠎ᠲᠤ ᠦᠨᠡᠨ ᠬᠦ᠌ ᠪᠦᠳᠦᠮᠵᠢᠳᠡᠢ ᠬᠠᠪᠰᠤᠷᠤᠯᠭ᠎ᠠ ᠦᠵᠡᠭᠦᠯᠭᠦ᠌ ᠬᠡᠷᠡᠭ᠌ᠳᠡᠢ᠃ ᠵᠠᠮ ᠬᠠᠷᠢᠯᠴᠠᠭᠠᠨ᠎ᠤ ᠠᠳᠡᠯ᠎ᠨᠢ ᠲᠦᠯᠦᠪᠤᠷᠢ ᠮᠦᠡᠭ᠌ᠬᠦ᠎ᠲᠠᠢ ᠬᠤᠯᠪᠤᠬ᠍ᠳᠠᠵᠤ᠂ ᠲᠤᠬᠠᠢ᠎ᠶ᠋ᠢᠨ ᠬᠦᠮᠦᠨ ᠱᠢᠷᠠᠬ᠍ᠳᠤᠬ᠍ᠰᠠᠨ᠎ᠤ ᠲᠠᠷᠠᠭ᠎ᠠ ᠬᠡᠷᠬᠢᠨ ᠲᠦᠯᠦᠪᠤᠷᠢ ᠦᠭ᠌ᠭᠦ᠂ ᠬᠡᠳᠦᠢ ᠲᠦᠯᠦᠪᠤᠷᠢ ᠦᠭ᠌ᠬᠦ᠎ᠪᠠᠨ ᠮᠡᠳᠡᠬᠦ᠌ ᠦᠭᠡᠢ ᠪᠠᠢᠳᠠᠭ᠂ ᠪᠢᠳᠡ ᠲᠡᠳᠡᠡ ᠨᠡᠷ᠎ᠢ ᠵᠦᠪ᠎ᠢᠶᠠᠷ ᠬᠦᠳᠦᠯᠭᠦ᠌ ᠴᠢᠬᠤᠯᠠᠳᠠᠢ᠃ ᠮᠠᠰᠢ ᠤᠯᠠᠨ ᠲᠦᠯᠦᠪᠤᠷᠢ᠎ᠶ᠋ᠢᠨ ᠲᠦᠷᠦᠯ᠎ᠢ ᠲᠤᠬᠠᠢ᠎ᠶ᠋ᠢᠨ ᠬᠦᠮᠦᠨ ᠤᠢ᠍ᠢᠯᠠᠭᠠᠬᠤ ᠦᠭᠡᠢ ᠪᠤᠯᠬᠤᠷ ᠲᠦᠯᠦᠪᠦᠷᠢ ᠠᠪᠬᠤ ᠡᠷᠬᠡ᠎ᠪᠠᠨ ᠬᠠᠶᠠᠳᠠᠭ᠂ ᠪᠢᠳᠠ ᠲᠤᠬᠠᠢ᠎ᠶ᠋ᠢᠨ ᠬᠦᠮᠦᠨ᠎ᠤ ᠵᠦᠢ ᠵᠤᠬᠢᠰᠳᠠᠢ ᠲᠦᠯᠦᠪᠤᠷᠢ ᠤᠯᠬᠤ᠎ᠶ᠋ᠢ ᠪᠠᠳᠤᠯᠠᠬᠤ ᠬᠡᠷᠡᠭ᠌ᠳᠡᠢ》 ᠭᠡᠵᠦ᠍ ᠬᠡᠯᠡᠯ᠎ᠠ᠃

《ᠲᠤᠬᠠᠢ᠎ᠶ᠋ᠢᠨ ᠬᠦᠮᠦᠨ ᠱᠢᠷᠠᠬ᠍ᠳᠤᠬ᠍ᠰᠠᠨ ᠬᠡᠷᠡᠭ᠎ᠢ ᠡᠶᠡᠳᠡᠬᠦᠯᠬᠦ᠌᠎ᠳᠤ ᠬᠠᠷᠢᠴᠠᠩᠭᠤᠢ᠎ᠪᠠᠷ ᠬᠢᠯᠪᠠᠷᠬᠠᠨ᠂ ᠠᠮᠢ ᠨᠠᠰᠤ᠎ᠲᠠᠢ ᠬᠤᠯᠪᠤᠬ᠍ᠳᠠᠬ᠍ᠰᠠᠨ ᠵᠠᠷᠢᠮ ᠬᠡᠷᠡᠭ᠎ᠢ ᠬᠢᠴᠢᠶᠡᠮᠵᠢ ᠦᠭᠡᠢ ᠪᠤᠯ ᠡᠶᠡᠳᠡᠬᠦᠯᠵᠦ᠍ ᠲᠡᠢᠯᠬᠦ᠌ ᠦᠭᠡᠢ ᠪᠠᠢᠳᠠᠭ᠃》 2020 ᠤᠨ᠎ᠤ 7 ᠰᠠᠷ᠎ᠠ᠎ᠶ᠋ᠢᠨ 16 ᠎ᠤ ᠪᠤᠷᠤᠭᠠᠨ᠎ᠲᠠᠢ ᠰᠦᠨᠢ᠂ 39 ᠨᠠᠰᠤᠳᠠᠢ ᠵᠤᠤ ᠤᠪᠤᠬ᠍ᠳᠤ ᠲᠤᠬ᠍ᠳᠠᠭᠠᠯ᠎ᠠᠴᠠ ᠵᠦᠷᠢᠴᠡᠨ ᠲᠡᠷᠭᠡ ᠵᠢᠯᠤᠭᠤᠳᠴᠦ᠍ ᠪᠠᠢᠭᠠᠳ 68 ᠨᠠᠰᠤᠳᠠᠢ ᠱᠢᠨ ᠯᠦᠡᠭ ᠵᠦᠡᠭ᠎ᠢ ᠳᠠᠭᠠᠷᠢᠨ ᠠᠮᠢ ᠨᠠᠰᠤ ᠊ᠦᠭᠡᠢ ᠪᠤᠯᠭᠠᠭ᠍ᠰᠠᠨ ᠪᠠᠢᠪᠠ᠃ ᠵᠠᠮ ᠬᠠᠷᠢᠯᠴᠠᠭᠠᠨ᠎ᠤ ᠠᠳᠡᠯ᠎ᠤᠨ ᠲᠦᠯᠦᠪᠤᠷᠢ ᠦᠭ᠌ᠭᠦ᠎ᠳᠤ ᠵᠤᠤ ᠤᠪᠤᠬ᠍ᠳᠤ᠎ᠠᠴᠠ ᠱᠢᠨ ᠯᠦᠡᠭ ᠵᠦᠡᠭ᠎ᠤᠨ ᠭᠡᠷ᠎ᠤᠨ᠎ᠬᠢᠨ᠎ᠠᠴᠠ ᠠᠭᠤᠴᠢᠯᠠᠯ ᠬᠦᠰᠡᠵᠦ᠍᠂ ᠠᠭᠤᠴᠢᠯᠠᠯ᠎ᠤᠨ ᠮᠦᠡᠭ᠌ᠭᠦ ᠦᠭ᠌ᠬᠦ᠎ᠪᠠᠷ ᠪᠤᠯᠪᠠ᠃ ᠬᠡᠳᠡᠯ᠎ᠠ ᠵᠤᠤ ᠤᠪᠤᠭ᠍ᠳᠤ᠎ᠶ᠋ᠢᠨ ᠮᠠᠱᠢᠨ ᠲᠡᠷᠭᠡ᠎ᠨᠢ ᠱᠠᠨ ᠰᠢ᠎ᠶ᠋ᠢᠨ ᠬᠠᠷᠢᠶᠠᠨ᠎ᠳᠠᠬᠢ ᠲᠡᠷᠭᠡ ᠮᠦᠷᠳᠡᠭᠡᠨ ᠴᠠᠭ ᠲᠠᠷᠤᠢ᠎ᠳᠤᠨᠢ ᠲᠡᠷᠭᠡ᠎ᠪᠠᠨ ᠪᠠᠢᠴᠠᠭᠠᠬ᠍ᠰᠠᠨ ᠦᠭᠡᠢ᠎ᠠᠴᠠ ᠪᠣᠯᠵᠣ ᠲᠠᠭᠠᠳᠭᠠᠯ᠎ᠤᠨ ᠺᠤᠮᠫᠠᠨᠢ ᠠᠭᠤᠴᠢᠯᠠᠯ᠎ᠤᠨ ᠰᠦᠢᠳᠭᠡᠯ ᠦᠭ᠌ᠭᠦ᠎ᠶ᠋ᠢ ᠲᠡᠪᠴᠢᠵᠤ᠂ ᠬᠡᠷᠡᠭ ᠶᠠᠪᠤᠳᠠᠯ᠎ᠨᠢ ᠪᠤᠳᠤᠯᠢᠶᠠᠨᠳᠠᠢ ᠪᠤᠯᠵᠠᠢ ᠁

ᠠᠳᠡᠯ ᠪᠤᠯᠤᠭ᠍ᠰᠠᠨ ᠬᠤᠶᠠᠷ ᠡᠳᠡᠭᠡᠳ᠎ᠢᠶᠠᠷ᠎ᠢᠶᠠᠨ ᠪᠦᠷ ᠵᠠᠷᠭᠤ ᠬᠢᠬᠦ᠌ ᠰᠠᠨᠠᠭ᠎ᠠ ᠦᠭᠡᠢ᠂ ᠲᠡᠭᠡᠭᠡᠳ ᠵᠢᠨᠢᠩ ᠲᠤᠭᠤᠷᠢᠭ᠎ᠤᠨ ᠬᠠᠤᠯᠢ ᠴᠠᠭᠠᠵᠠ᠎ᠶ᠋ᠢᠨ ᠲᠤᠪᠴᠢᠶ᠎ᠠ᠎ᠶ᠋ᠢᠨ ᠵᠠᠮ ᠬᠠᠷᠢᠯᠴᠠᠭᠠᠨ᠎ᠤ ᠠᠳᠡᠯ᠎ᠢ ᠡᠶᠡᠳᠡᠬᠦᠯᠬᠦ᠌ ᠵᠦᠪᠯᠡᠯ᠎ᠤᠨ᠎ᠬᠢᠨ᠎ᠳᠤ ᠢᠷᠡᠵᠦ᠍ ᠱᠢᠤᠢ ᠹᠸᠡᠭ᠎ᠢ ᠡᠷᠢᠵᠤ᠂ ᠡᠶᠡᠳᠡᠬᠦᠯᠭᠡ᠎ᠪᠠᠷ ᠲᠤᠰ ᠬᠡᠷᠡᠭ᠎ᠢ ᠱᠢᠢᠳᠪᠤᠷᠢᠯᠡᠬᠦ᠌᠎ᠶ᠋ᠢ ᠬᠦᠰᠡᠪᠡ᠃ ᠬᠡᠷᠡᠭ᠎ᠤᠨ ᠪᠠᠢᠳᠠᠯ᠎ᠢ ᠤᠢ᠍ᠢᠯᠠᠭᠠᠬ᠍ᠰᠠᠨ᠎ᠤ ᠲᠠᠷᠠᠭ᠎ᠠ᠂ ᠱᠢᠤᠢ ᠹᠸᠡᠭ ᠬᠡᠷᠡᠭ᠎ᠤᠨ ᠦᠨᠳᠦᠰᠦ — ᠴᠠᠭ ᠲᠤᠬᠠᠢ᠎ᠳᠤᠨᠢ ᠲᠡᠷᠭᠡ᠎ᠪᠠᠨ ᠪᠠᠢᠴᠠᠭᠠᠯᠭᠠᠭ᠍ᠰᠠᠨ ᠦᠭᠡᠢ᠂ ᠲᠠᠭᠠᠳᠭᠠᠯ᠎ᠤᠨ ᠺᠤᠮᠫᠠᠨᠢ ᠲᠦᠯᠦᠪᠤᠷᠢ ᠦᠭ᠌ᠬᠦ᠎ᠶ᠋ᠢ ᠲᠡᠪᠴᠢᠵᠦ᠍ ᠪᠠᠢᠬᠤ᠎ᠶ᠋ᠢ ᠮᠡᠳᠡᠭ᠌ᠰᠡᠨ᠎ᠤ ᠲᠠᠷᠠᠭ᠎ᠠ᠂ ᠲᠠᠷᠡ ᠬᠡᠷᠡᠭ ᠭᠠᠷᠭᠠᠬ᠍ᠰᠠᠨ ᠡᠳᠡᠭᠡᠳ᠎ᠤᠨ ᠲᠠᠭᠠᠳᠭᠠᠯ᠎ᠤᠨ ᠺᠤᠮᠫᠠᠨᠢ — ᠨᠣᠮᠣᠬᠠᠨ ᠳᠠᠯᠠᠢ ᠲᠠᠭᠠᠳᠭᠠᠯ᠎ᠤᠨ ᠺᠤᠮᠫᠠᠨᠢ᠎ᠶ᠋ᠢᠨ ᠲᠠᠢᠶᠤᠸᠠᠨ᠎ᠳᠠᠬᠢ ᠬᠤᠪᠢᠶᠠᠷᠢ ᠺᠤᠮᠫᠠᠨᠢ᠎ᠲᠠᠢ ᠬᠠᠷᠢᠯᠴᠠᠵᠤ᠂ ᠬᠡᠷᠪᠡ ᠠᠳᠡᠯ᠎ᠤᠨ ᠬᠤᠶᠠᠷ ᠡᠳᠡᠭᠡᠳ᠎ᠢᠶᠠᠷ᠎ᠢᠶᠠᠨ ᠵᠠᠭᠠᠯᠳᠤᠯᠭ᠎ᠠ ᠬᠢᠵᠦ᠍᠂ ᠲᠠᠭᠠᠳᠭᠠᠯ᠎ᠤᠨ ᠺᠤᠮᠫᠠᠨᠢ ᠮᠦᠨ ᠬᠦ᠌ ᠲᠦᠯᠦᠪᠤᠷᠢ ᠦᠭ᠌ᠭᠦ᠎ᠳᠤ ᠬᠦᠷᠪᠡᠯ ᠭᠠᠷ ᠬᠦᠢᠴᠡᠳᠭᠡᠯ᠎ᠨᠢ ᠬᠠᠷᠢᠨ ᠨᠡᠩ ᠪᠤᠳᠤᠯᠢᠶᠠᠨᠳᠠᠢ ᠪᠤᠯᠤᠨ᠎ᠠ ᠭᠡᠵᠦ᠍ ᠢᠯᠡᠷᠭᠡᠢᠯᠡᠪᠡ᠃ ᠱᠢᠤᠢ ᠹᠸᠡᠭ᠎ᠤᠨ ᠤᠯᠠᠨ ᠤᠳᠠᠭ᠎ᠠ᠎ᠶ᠋ᠢᠨ ᠡᠶᠡᠳᠡᠬᠦᠯᠭᠡ᠎ᠪᠠᠷ ᠳᠠᠮᠵᠢᠨ ᠨᠣᠮᠣᠬᠠᠨ ᠳᠠᠯᠠᠢ ᠲᠠᠭᠠᠳᠭᠠᠯ᠎ᠤᠨ ᠺᠤᠮᠫᠠᠨᠢ ᠲᠦᠯᠦᠪᠤᠷᠢ ᠦᠭ᠌ᠭᠦ᠎ᠶ᠋ᠢ ᠵᠦᠪᠱᠢᠶᠠᠷᠡᠵᠦ᠍᠂ ᠡᠴᠤᠰ᠎ᠲᠤ ᠵᠤᠤ ᠤᠪᠤᠬ᠍ᠳᠤ ᠱᠢᠨ ᠯᠦᠡᠭ ᠵᠦᠡᠭ᠎ᠤᠨ ᠭᠡᠷ᠎ᠤᠨ ᠬᠦᠮᠦᠰ᠎ᠤᠨ ᠠᠭᠤᠴᠢᠯᠠᠯ᠎ᠢ ᠤᠯᠵᠤ᠂ ᠠᠳᠡᠯ᠎ᠢ ᠲᠤᠬᠢᠳᠠᠢ ᠱᠢᠢᠳᠪᠤᠷᠢᠯᠡᠭ᠌ᠰᠡᠨ ᠪᠠᠢᠨ᠎ᠠ᠃

2020 ᠤᠨ ᠨᠢᠭᠡ ᠯᠡ ᠵᠢᠯ᠎ᠳᠤ᠂ ᠱᠢᠤᠢ ᠹᠸᠡᠭ 200 ᠭᠠᠷᠤᠢ ᠵᠠᠮ ᠬᠠᠷᠢᠯᠴᠠᠭᠠᠨ᠎ᠤ ᠠᠳᠡᠯ᠎ᠤᠨ ᠵᠢᠭᠤᠷᠠᠭᠠᠨ᠎ᠢ ᠬᠦᠯᠢᠶᠠᠨ ᠱᠢᠢᠳᠪᠤᠷᠢᠯᠡᠵᠦ᠍᠂ ᠡᠴᠦᠰ᠎ᠲᠤ ᠵᠦᠪᠭᠡᠨ 10 ᠭᠠᠷᠤᠢ᠎ᠨᠢ ᠵᠠᠭᠠᠯᠳᠤᠯᠭ᠎ᠠ᠎ᠶ᠋ᠢᠨ ᠭᠤᠭ᠍ᠴᠤᠭ᠎ᠠ᠎ᠳᠤ ᠣᠷᠣᠵᠣ᠂ ᠪᠤᠰᠤᠳ᠎ᠢ᠎ᠨᠢ ᠪᠦᠷ ᠠᠮᠵᠢᠯᠳᠠ᠎ᠲᠠᠢ ᠡᠶᠡᠳᠡᠬᠦᠯᠵᠡᠢ᠃ ᠶᠠᠬ ᠡᠢᠮᠦᠷᠬᠦᠤ 10 ᠵᠢᠯ᠎ᠢ ᠨᠢᠭᠡ ᠡᠳᠦᠷ ᠮᠡᠳᠦ ᠦᠡᠭ᠌ᠭᠡᠷᠡᠬᠦᠯᠦᠭ᠌ᠰᠡᠨ ᠠᠷᠠᠳ ᠲᠦᠮᠡᠨ᠎ᠳᠤ ᠦᠢᠯᠡᠴᠢᠯᠡᠬᠦ᠌ ᠠᠵᠢᠯ᠎ᠤᠨ ᠤᠪᠤᠷ᠎ᠢᠶᠠᠷ᠎ᠢᠶᠠᠨ 2013 ᠤᠨ᠎ᠳᠤ ᠱᠢᠤᠢ ᠹᠸᠡᠭ ᠤᠯᠠᠭᠠᠨᠴᠠᠪ ᠬᠤᠳᠠ᠎ᠶ᠋ᠢᠨ ᠬᠠᠤᠯᠢ ᠴᠠᠭᠠᠵᠠ᠎ᠶ᠋ᠢᠨ ᠳᠣᠪᠴᠢᠶ᠎ᠠ᠎ᠶ᠋ᠢᠨ 《ᠱᠢᠯᠢᠳᠡᠭ ᠬᠠᠤᠯᠢ ᠴᠠᠭᠠᠵᠠ᠎ᠶ᠋ᠢᠨ ᠠᠵᠢᠯᠳᠠᠨ》 ᠎ᠤ ᠢᠷᠠᠭᠤ ᠠᠯᠳᠠᠷ᠎ᠢ ᠬᠦᠷᠳᠡᠵᠦ᠍᠂ 2017 ᠤᠨ᠎ᠳᠤ ᠬᠠᠤᠯᠢ ᠴᠠᠭᠠᠵᠠ᠎ᠶ᠋ᠢᠨ ᠶᠠᠮᠤᠨ᠎ᠳᠤ 《ᠪᠦᠬᠦ᠌ ᠤᠯᠤᠰ᠎ᠤᠨ ᠵᠢᠱ᠌ᠢᠶᠡᠴᠢ ᠠᠷᠠᠳ᠎ᠤᠨ ᠡᠶᠡᠳᠡᠬᠦᠯᠦᠭ᠌ᠴᠢ》 ᠎ᠪᠠᠷ ᠴᠤᠯᠠᠯᠠᠭ᠍ᠳᠠᠵᠤ᠂ 2018 ᠤᠨ᠎ᠳᠤ ᠦᠪᠡᠷᠳᠡᠭᠡᠨ ᠵᠠᠰᠠᠬᠤ ᠤᠷᠤᠨ᠎ᠤ ᠬᠠᠤᠯᠢ ᠴᠠᠭᠠᠵᠠ᠎ᠶ᠋ᠢᠨ ᠲᠢᠩᠭᠢᠮ᠎ᠤᠨ 《ᠠᠯᠳᠠ ᠮᠧᠳᠠᠯᠳᠤ ᠠᠷᠠᠳ᠎ᠤᠨ ᠡᠶᠡᠳᠡᠬᠦᠯᠦᠭ᠌ᠴᠢ》 ᠎ᠶ᠋ᠢᠨ ᠴᠤᠯᠠ ᠬᠦᠷᠳᠡᠪᠡ᠃ ᠠᠯᠢ ᠤᠯᠠᠨ ᠢᠷᠠᠭᠤ ᠠᠯᠳᠠᠷ᠎ᠢ ᠱᠢᠤᠢ ᠹᠸᠡᠭ᠄ 《ᠨᠠᠳᠠ᠎ᠳᠤ ᠬᠡᠳᠦᠢ ᠤᠯᠠᠨ ᠢᠷᠠᠭᠤ ᠠᠯᠳᠠᠷ ᠤᠯᠭᠤᠬ᠍ᠰᠠᠨ ᠴᠤ᠌ ᠮᠦᠨ ᠬᠢᠳᠡᠭ᠎ᠢᠶᠠᠨ ᠬᠢᠵᠤ᠂ ᠢᠷᠠᠭᠤ ᠠᠯᠳᠠᠷ᠎ᠠᠴᠠ ᠪᠤᠯᠵᠤ ᠦᠪᠡᠷ᠎ᠤᠨ ᠠᠵᠢᠯ᠎ᠤᠨ ᠤᠪᠤᠷ᠎ᠢᠶᠠᠨ ᠬᠤᠪᠢᠷᠠᠭᠤᠯᠬᠤ ᠦᠭᠡᠢ᠂ ᠵᠠᠮ ᠬᠠᠷᠢᠯᠴᠠᠭᠠᠨ᠎ᠤ ᠠᠳᠡᠯ᠎ᠳᠤ ᠶᠡᠭᠡ ᠪᠠᠭ᠎ᠠ ᠭᠡᠵᠦ᠍ ᠦᠭᠡᠢ᠂ ᠬᠡᠳᠦᠨ ᠵᠠᠭᠤᠨ ᠲᠦᠮᠡᠨ ᠲᠦᠭᠦᠷᠢᠭ ᠪᠤᠶᠤ ᠬᠡᠳᠦᠨ ᠵᠠᠭᠤᠨ ᠲᠦᠭᠦᠷᠢᠭ᠎ᠤᠨ ᠬᠡᠷᠡᠭ᠎ᠢ ᠪᠢ ᠪᠦᠷ ᠠᠳᠠᠯᠢᠬᠠᠨ᠎ᠢᠶᠠᠷ ᠦᠵᠡᠵᠦ᠍᠂ ᠲᠤᠬᠠᠢ᠎ᠶ᠋ᠢᠨ ᠬᠦᠮᠦᠨ ᠬᠤᠶᠠᠷ ᠡᠳᠡᠭᠡᠳ᠎ᠢᠶᠠᠷ᠎ᠢᠶᠠᠨ ᠲᠤᠰᠠᠯᠠᠮᠵᠢ ᠬᠦᠰᠡᠵᠦ᠍ ᠢᠷᠡᠬᠦ᠌᠎ᠨᠢ ᠨᠠᠳᠠ᠎ᠶ᠋ᠢ ᠢᠳᠡᠭᠡᠵᠦ᠍ ᠪᠠᠢᠬᠤ ᠪᠣᠯᠬᠤᠷ ᠬᠠᠤᠯᠢ ᠴᠠᠭᠠᠵᠠ᠎ᠶ᠋ᠢᠨ ᠵᠦᠪᠱᠢᠶᠡᠷᠡᠬᠦ᠌ ᠬᠡᠪᠴᠢᠶᠡᠨ᠎ᠳᠤ ᠪᠢ ᠬᠤᠶᠠᠷ ᠡᠳᠡᠭᠡᠳ᠎ᠢ ᠴᠦᠮ ᠬᠠᠨᠤᠮᠵᠢᠳᠠᠢ ᠪᠤᠯᠭᠠᠬᠤ᠎ᠪᠠᠷ ᠴᠢᠷᠮᠠᠢᠨ᠎ᠠ》 ᠭᠡᠵᠦ᠍ ᠬᠡᠯᠡᠵᠦ᠍ ᠪᠠᠢᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号