ᠠᠷᠠᠳ ᠢ᠋ᠢᠡᠨ ᠬᠠᠢ᠌ᠷᠠᠯᠠᠨ ᠬᠢᠯᠢ ᠬᠢᠵᠠᠭᠠᠷ ᠢ᠋ᠢᠡᠨ ᠲᠤᠬ᠍ᠲᠠᠪᠤᠷᠢᠵᠢᠭᠤᠯᠵᠦ᠍ ᠴᠤᠬ ᠵᠢᠪᠬᠤᠭ᠎ᠠ ᠪᠠᠨ ᠪᠠᠲᠠᠷᠠᠭᠤᠯᠤᠨ᠎ᠠ ᠊᠊᠊᠊᠊᠊᠊᠊᠊ ᠦᠪᠡᠷᠲᠡᠭᠡᠨ ᠵᠠᠰᠭᠠᠤ ᠤᠷᠤᠨ᠎ᠤ ᠲᠡᠷᠢᠭᠦᠨ᠎ᠤ ᠦᠨᠳᠦᠰᠦᠨ ᠱᠠᠲᠤᠨ᠎ᠤ ᠨᠠᠮ᠎ᠤᠨ ᠵᠤᠬᠢᠶᠠᠨ ᠪᠠᠢ᠌ᠭᠤᠯᠤᠯᠲᠠ ᠪᠤᠯᠬᠤ ᠠᠯᠠᠱᠠ ᠢ᠋ᠢᠨ ᠬᠢᠯᠢ ᠢ᠋ᠢᠨ ᠬᠠᠮᠢᠶᠠᠷᠤᠯᠲᠠ ᠢ᠋ᠢᠨ ᠰᠠᠯᠪᠤᠷᠢ ᠠᠩᠬᠢ ᠢ᠋ᠢᠨ ᠦᠯᠵᠡᠢ᠎ᠳᠡᠬᠢ ᠬᠢᠯᠢ ᠢ᠋ᠢᠨ ᠲᠤᠮᠢᠯᠠᠬ᠍ᠰᠠᠨ ᠰᠠᠯᠪᠤᠷᠢ ᠢ᠋ᠢᠨ ᠨᠠᠮ᠎ᠤᠨ ᠡᠭᠦᠷ᠎ᠢ ᠲᠡᠮᠲᠡᠭ᠌ᠯᠡᠪᠡ
2021-10-26 09:50:03
ᠵᠣᠬᠢᠶᠠᠭ᠍ᠴᠢ᠄
ᠯᠢᠦ ᠬᠤᠩ ᠵᠠᠩ
ᠣᠩᠱᠢᠭ᠍ᠰᠠᠨ ᠣᠳᠠᠭ᠎ᠠ᠄
★★★☆☆

 

《 ᠪᠠᠲᠦ ᠠᠬ᠎ᠠ ᠡ ᠂ ᠲᠠᠨ᠎ᠤ  ᠪᠡᠶ᠎ᠡ  ᠴᠢᠨᠢ  ᠲᠡᠩᠭᠡᠷᠡᠵᠦ᠍  ᠪᠠᠢ᠌ᠨ᠎ᠠ᠎ᠤᠤ? ᠬᠡᠷ ᠲᠸ᠋ ᠴᠢᠨᠢ  ᠪᠢᠲᠡᠨ᠎ᠤ  ᠬᠠᠪᠰᠤᠷᠤᠮᠠᠷ   ᠬᠦᠴᠢᠷᠲᠡᠯ  ᠪᠠᠢ᠌ᠨ᠎ᠠ  ᠎ᠦᠦ?》 ᠤᠢ᠍ᠢᠷ᠎ᠠ᠎ᠳᠤ᠂ ᠠᠯᠠᠱᠠ ᠢ᠋ᠢᠨ ᠬᠢᠯᠢ ᠢ᠋ᠢᠨ ᠬᠠᠮᠢᠶᠠᠷᠤᠯᠲᠠ ᠢ᠋ᠢᠨ ᠰᠠᠯᠪᠤᠷᠢ ᠠᠩᠬᠢ ᠢ᠋ᠢᠨ ᠦᠯᠵᠡᠢ᠎ᠳᠡᠬᠢ  ᠬᠢᠯᠢ ᠢ᠋ᠢᠨ ᠲᠤᠮᠢᠯᠠᠬ᠍ᠰᠠᠨ ᠰᠠᠯᠪᠤᠷᠢ ᠢ᠋ᠢᠨ ᠠᠷᠠᠳ᠎ᠤᠨ ᠴᠠᠬ᠍ᠲᠠᠭ᠎ᠠ ᠬᠠᠷᠢᠶ᠎ᠠ ᠤᠷᠤᠨ᠎ᠳᠠᠭᠠᠨ ᠬᠦᠨᠵᠡᠬᠡᠢᠷᠡᠨ ᠰᠤᠷᠪᠤᠯᠵᠢᠯᠠᠬᠤ᠎ᠳᠠᠭᠠᠨ᠂ ᠮᠠᠯᠴᠢᠨ ᠪᠠᠲᠦᠮᠦ᠋ᠩᠬᠡ ᠢ᠋ᠢᠨ ᠬᠡᠷ ᠲᠸ᠋ ᠲᠤᠰᠭᠠᠢ᠌ᠯᠠᠨ ᠬᠦᠷᠴᠦ᠍ ᠦᠢᠯᠡᠳᠪᠦᠷᠢᠯᠡᠯ  ᠠᠮᠢᠳᠤᠷᠠᠯ  ᠲᠤᠮᠲᠠᠬᠢ  ᠱᠢᠢᠳᠪᠦᠷᠢᠯᠡᠬᠦ᠌  ᠴᠢᠬᠤᠯᠠᠲᠠᠢ  ᠪᠤᠲᠠᠲᠤ  ᠬᠦᠴᠢᠷᠲᠡᠯ᠎ᠢ  ᠨᠢ ᠤᠢ᠍ᠢᠯᠠᠭᠠᠨ᠎ᠠ᠃


QQ图片20211026095219.png


《ᠤᠳᠤ  ᠮᠢᠨᠦ᠍  ᠪᠡᠶ᠎ᠡ  ᠨᠡᠯᠢᠶᠡᠳ ᠰᠠᠢ᠌ᠨ ᠲᠡᠩᠭᠡᠷᠡᠵᠦ᠍ ᠪᠠᠢ᠌ᠨ᠎ᠡ ᠂ ᠡᠨᠡ ᠵᠢᠯ ᠲᠠᠨᠤᠰ ᠢᠷᠡᠵᠦ᠍ ᠴᠠᠬ ᠲᠤᠬᠠᠢ᠎ᠳᠤᠨᠢ ᠢᠮᠠᠭ᠎ᠠ ᠰᠠᠮᠨᠠᠵᠦ ᠦᠭ᠌ᠭᠦᠭ᠌ᠰᠡᠨ ᠦᠭᠡᠢ ᠪᠤᠯ ᠮᠠᠨ᠎ᠤ ᠬᠢᠨ᠎ᠦ ᠬᠤᠬᠢᠷᠠᠯ  ᠶᠡᠬᠡ ᠪᠤᠯᠤᠨ᠎ᠠ ᠂ ᠲᠠᠨᠤᠰ ᠲᠸ᠋ ᠮᠠᠰᠢ ᠪᠠᠶᠠᠷᠯᠠᠯ᠎ᠠ! 》 ᠬᠡᠵᠦ᠍ ᠪᠠᠲᠦᠮᠦ᠋ᠩᠭᠡ ᠠᠷᠠᠳ᠎ᠤᠨ ᠴᠠᠬ᠍ᠲᠠᠭ᠎ᠠ ᠢ᠋ᠢᠨ ᠭᠠᠷ᠎ᠢ   ᠪᠠᠷᠢᠵᠦ᠍  ᠰᠡᠳᠭᠢᠯ  ᠲᠤᠬ᠍ᠲᠤᠯᠤᠨ ᠬᠡᠯᠡᠪᠡ᠃

ᠵᠢᠯ ᠪᠦᠷᠢ  ᠢ᠋ᠢᠨ 5 ᠰᠠᠷ᠎ᠠ ᠪᠤᠯ ᠬᠠᠷᠢᠶ᠎ᠠ ᠤᠷᠤᠨ᠎ᠤ ᠮᠠᠯᠴᠢᠳ᠎ᠤᠨ ᠢᠮᠠᠭ᠎ᠠ  ᠰᠠᠮᠨᠠᠬᠤ ᠴᠠᠬ ᠪᠤᠯᠤᠨ᠎ᠠ ᠂ ᠬᠡᠲᠡᠯ᠎ᠡ ᠬᠡᠷ᠎ᠤᠨ ᠭᠤᠤᠯ ᠬᠦᠲᠡᠯᠮᠦᠷᠢ ᠬᠦᠴᠦᠨ ᠪᠤᠯᠤᠬ᠍ᠰᠠᠨ ᠪᠠᠲᠦᠮᠦ᠋ᠩᠭᠡ ᠲᠤᠬᠠᠢ ᠢ᠋ᠢᠨ ᠦᠶ᠎ᠡ᠎ᠳᠤ ᠶᠠᠬ ᠬᠦᠨᠲᠦ ᠡᠪᠡᠳᠴᠢᠨ᠎ᠳᠤ ᠨᠡᠷᠪᠡᠭ᠌ᠲᠡᠭᠡᠳ ᠰᠤᠪᠢᠯᠠᠯᠳᠠ ᠬᠢᠵᠦ ᠪᠠᠢ᠌ᠬᠰᠠᠨ ᠪᠤᠯᠬᠤᠷ ᠬᠦᠨᠲᠦ ᠬᠦᠲᠡᠯᠮᠦᠷᠢ ᠬᠢᠵᠦ᠍ ᠲᠡᠢ᠌ᠯᠬᠦ᠌ ᠦᠭᠡᠢ ᠪᠠᠢ᠌ᠵᠠᠢ᠃ ᠪᠠᠲᠤᠮᠦ᠋ᠩᠭᠡ ᠢᠮᠠᠭᠠᠨ ᠰᠦᠷᠦᠭ ᠢ᠋ᠢᠡᠨ ᠬᠠᠷᠠᠭᠠᠳ ᠮᠠᠰᠢ ᠪᠠᠴᠢᠮᠲᠠᠨ ᠰᠠᠨᠲᠤᠷᠤᠯ᠎ᠠ᠃ ᠦᠯᠵᠡᠢ᠎ᠳᠡᠬᠢ ᠬᠢᠯᠢ ᠢ᠋ᠢᠨ ᠲᠤᠮᠢᠯᠠᠬ᠍ᠰᠠᠨ ᠰᠠᠯᠪᠤᠷᠢ  ᠢ᠋ᠢᠨ ᠨᠠᠮ᠎ᠤᠨ ᠡᠭᠦᠷ  ᠡᠨᠡ ᠬᠦ᠌  ᠪᠠᠢ᠌ᠲᠠᠯ᠎ᠢ ᠮᠡᠲᠡᠭ᠌ᠰᠡᠨ᠎ᠤ ᠲᠠᠷᠠᠭ᠎ᠠ᠂ ᠺᠠᠳ᠋ᠷ ᠴᠠᠬ᠍ᠲᠠᠭ᠎ᠠ ᠪᠠᠨ ᠵᠤᠬᠢᠶᠠᠨ ᠪᠠᠢ᠌ᠭᠤᠯᠤᠨ ᠲᠡᠲᠡᠨ᠎ᠤ ᠬᠢᠨ᠎ᠳᠤ ᠬᠦᠷᠴᠦ᠍ ᠬᠤᠶᠠᠷ ᠡᠲᠦᠷ᠎ᠦᠨ ᠴᠠᠭ ᠬᠡᠷᠡᠭ᠌ᠰᠡᠨ ᠢᠮᠠᠭᠠᠳ᠎ᠢ ᠨᠢ ᠰᠠᠮᠨᠠᠵᠦ ᠲᠠᠭᠤᠰᠭᠠᠨ ᠂ ᠪᠠᠲᠤᠮᠦ᠋ᠩᠭᠡ ᠢ᠋ᠢᠨ ᠬᠢᠨ᠎ᠢ  ᠠᠵᠦ᠍ ᠠᠬᠤᠢ ᠢ᠋ᠢᠨ ᠬᠤᠬᠢᠷᠠᠯ ᠡᠭᠦᠰᠭᠦ ᠡᠴᠡ ᠵᠠᠢ᠌ᠯᠠᠭᠤᠯᠪᠠ᠃

ᠠᠷᠠᠳ᠎ᠤᠨ ᠲᠦᠯᠦᠭᠡ ᠠᠷᠠᠳ ᠢ᠋ᠢᠡᠨ ᠬᠠᠢ᠌ᠷᠠᠯᠠᠬᠤ ᠡᠢ᠌ᠮᠦᠷᠬᠦᠦ ᠢᠷᠠᠭᠤ ᠠᠯᠲᠠᠷᠲᠦ ᠤᠯᠠᠮᠵᠢᠯᠠᠯ᠎ᠢ ᠦᠯᠵᠡᠢ᠎ᠳᠡᠬᠢ ᠬᠢᠯᠢ ᠢ᠋ᠢᠨ ᠲᠤᠮᠢᠯᠠᠬ᠍ᠰᠠᠨ ᠰᠠᠯᠪᠤᠷᠢ ᠢ᠋ᠢᠨ ᠨᠠᠮ᠎ᠤᠨ ᠡᠭᠦᠷ ᠨᠢᠭᠡᠨᠲᠡ ᠬᠠᠭᠠᠰ ᠵᠠᠭᠤᠨ ᠦᠷᠭᠦᠯᠵᠢᠯᠡᠭᠦᠯᠵᠡᠢ ᠃ ᠦᠯᠵᠡᠢ᠎ᠳᠡᠬᠢ ᠬᠢᠯᠢ  ᠢ᠋ᠢᠨ ᠲᠤᠮᠢᠯᠠᠬ᠍ᠰᠠᠨ ᠰᠠᠯᠪᠤᠷᠢ 1964 ᠤᠨ᠎ᠳᠤ ᠪᠠᠢ᠌ᠭᠤᠯᠤᠬ᠍ᠲᠠᠵᠦ᠍᠂ ᠠᠯᠠᠱᠠ ᠠᠢ᠌ᠮᠠᠭ᠎ᠤᠨ ᠲᠡᠭ᠌ᠷᠢ ᠡᠯᠡᠰᠦᠨ ᠴᠦᠯ᠎ᠤᠨ ᠦᠷᠦᠴᠡᠨ᠎ᠳᠤ ᠰᠠᠬᠢᠨ ᠰᠠᠭᠤᠵᠦ᠍᠂ 7707 ᠲᠡᠭ᠌ᠰᠢ ᠲᠦᠷᠪᠡᠯᠵᠢᠨ ᠺᠢᠯᠤᠮᠸᠲ᠋ᠷ᠎ᠤᠨ ᠬᠢᠯᠢ ᠢ᠋ᠢᠨ ᠬᠠᠮᠢᠶᠠᠷᠤᠯᠲᠠ ᠢ᠋ᠢᠨ ᠤᠷᠤᠨ ᠪᠠ 85.461 ᠺᠢᠯᠤᠮᠸᠲ᠋ᠷ᠎ᠤᠨ ᠬᠢᠯᠢ ᠢ᠋ᠢᠨ ᠱᠤᠭᠤᠮ᠎ᠤᠨ ᠲᠤᠬ᠍ᠲᠠᠭᠤᠨ᠎ᠢ ᠬᠠᠮᠠᠭᠠᠯᠠᠵᠦ᠍ ᠬᠠᠮᠢᠶᠠᠷᠤᠨ ᠡᠵᠡᠮᠲᠡᠬᠦ᠌  ᠡᠭᠦᠷᠭᠡ  ᠵᠢ  ᠡᠭᠦᠷᠭᠡᠯᠡᠵᠦ᠍  ᠪᠤᠢ ᠃    

ᠲᠤᠰ ᠲᠣᠮᠢᠯᠠᠭ᠍ᠰᠠᠨ ᠰᠠᠯᠪᠤᠷᠢ᠎ᠶ᠋ᠢᠨ ᠨᠠᠮ᠎ᠤᠨ ᠡᠭᠦᠷ᠎ᠲᠤ ᠤᠳᠤ 2 ᠨᠠᠮ᠎ᠤᠨ ᠪᠠᠭ᠎ᠠ ᠳᠤᠭᠤᠢᠯᠠᠩ ᠂14 ᠨᠠᠮ᠎ᠤᠨ ᠭᠡᠱᠢᠭᠦᠨ ᠪᠠᠢ᠌ᠵᠦ᠍᠂ ᠨᠠᠮ᠎ᠤᠨ ᠡᠭᠦᠷ᠎ᠦᠨ ᠪᠠᠭ᠎ᠤᠨ ᠪᠦᠷᠢᠯᠳᠦᠬᠦᠨ᠎ᠳᠤ 5 ᠬᠥᠮᠦᠨ᠎ᠲᠡᠶ᠃ ᠰᠠᠭᠤᠭ᠎ᠠ ᠭᠠᠵᠠᠷ᠎ᠤᠨ ᠪᠠᠢᠭᠠᠯᠢ᠎ᠶ᠋ᠢᠨ ᠣᠷᠴᠢᠨ ᠲᠣᠭᠣᠷᠢᠨ ᠲᠤᠢᠯ᠎ᠤᠨ ᠮᠠᠭᠤ᠂ ᠲᠣᠭ᠍ᠲᠠᠭᠤᠨ᠎ᠢ ᠬᠠᠮᠠᠭᠠᠯᠠᠵᠤ ᠬᠠᠮᠢᠶᠠᠷᠤᠨ ᠡᠵᠡᠮᠳᠡᠬᠦ᠌ ᠡᠭᠦᠷᠭᠡ ᠲᠤᠢᠯ᠎ᠤᠨ ᠬᠠᠲᠠᠭᠤ ᠪᠡᠷᠬᠡ ᠪᠠᠢᠬᠤ ᠪᠣᠳᠠᠲᠤ  ᠪᠠᠢᠳᠠᠯ᠎ᠳᠤ  ᠴᠢᠭ᠌ᠯᠡᠭᠦᠯᠦᠨ ᠂ ᠲᠣᠮᠢᠯᠠᠭ᠍ᠰᠠᠨ ᠰᠠᠯᠪᠤᠷᠢ ᠎ᠶ᠋ᠢᠨ ᠨᠠᠮ᠎ᠤᠨ ᠡᠭᠦᠷ ᠲᠣᠰ   ᠪᠡᠶ᠎ᠡ ᠎ᠶ᠋ᠢᠨ ᠵᠣᠬᠢᠶᠠᠨ  ᠪᠠᠢᠭᠤᠯᠤᠯᠲᠠ᠎ᠶ᠋ᠢᠨ  ᠳᠠᠪᠠᠭᠤᠯᠢᠭ ᠎ᠢᠶᠠᠨ  ᠭᠦᠶ᠋ᠴᠡᠳ  ᠪᠠᠳᠠᠷᠠᠭᠤᠯᠵᠤ᠂《 ᠤᠮᠠᠷᠠᠲᠤ ᠬᠢᠯᠢ᠎ᠶ᠋ᠢᠨ ᠦᠨᠳᠦᠰᠦᠨ ᠱᠠᠲᠤᠨ᠎ᠤ ᠨᠠᠮ᠎ᠤᠨ ᠪᠠᠢᠭᠤᠯᠤᠯᠲᠠ᠎ᠶ᠋ᠢᠨ ᠣᠷᠳᠣ ᠬᠣᠩᠭᠢᠯ 》 ᠪᠠ 《 ᠲᠠᠪᠤᠨ ᠬᠢᠯᠢ᠎ᠶ᠋ᠢᠨ ᠠᠵᠢᠯᠯᠠᠭ᠎ᠠ》 ᠎ᠳ᠋ᠤ ᠲᠦᠱᠢᠭ᠌ᠯᠡᠨ᠂ ᠲᠣᠮᠢᠯᠠᠭ᠍ᠰᠠᠨ ᠰᠠᠯᠪᠤᠷᠢ᠎ᠶ᠋ᠢᠨ ᠨᠠᠮ᠎ᠤᠨ ᠡᠭᠦᠷ᠎ᠢ ᠰᠤᠮᠤ᠎ᠶ᠋ᠢᠨ ᠨᠠᠮ᠎ᠤᠨ ᠬᠣᠷᠢᠶ᠎ᠠ᠂ ᠭᠠᠴᠠᠭ᠎ᠠ ᠲᠣᠰᠭᠣᠨ᠎ᠤ ᠨᠠᠮ᠎ᠤᠨ ᠡᠭᠦᠷ᠎ᠦᠨ ᠵᠣᠬᠢᠶᠠᠨ ᠪᠠᠢᠭᠤᠯᠤᠯᠲᠠ᠎ᠲᠠᠶ ᠬᠠᠮᠲᠤᠷᠠᠨ ᠪᠠᠢᠭᠤᠯᠬᠤ᠎ᠶ᠋ᠢ ᠢᠳᠡᠪᠬᠢᠲᠡᠶ ᠠᠬᠢᠭᠤᠯᠵᠤ᠂《ᠨᠠᠮ᠎ᠤᠨ ᠡᠭᠦᠷ᠎ᠢ ᠬᠤᠯᠪᠤᠭᠠᠯᠠᠨ ᠪᠠᠢᠭᠤᠯᠵᠦ᠍᠂ ᠮᠡᠳᠡᠭᠡ ᠵᠠᠩᠭᠢ᠎ᠶ᠋ᠢ ᠬᠣᠯᠪᠣᠭᠠᠯᠠᠨ ᠨᠡᠪᠳᠡᠷᠡᠭᠦᠯᠵᠦ᠍ ᠂ ᠠᠮᠤᠷ᠎ᠢ ᠬᠠᠮᠠᠭᠠᠯᠠᠬᠤ᠎ᠶ᠋ᠢ ᠬᠤᠯᠪᠤᠭᠠᠯᠠᠨ ᠰᠡᠷᠭᠡᠢᠯᠡᠵᠦ᠂ ᠨᠠᠮ᠎ᠤᠨ ᠬᠢᠴᠢᠶᠡᠯ᠎ᠢ ᠬᠠᠮᠳᠤ᠎ᠪᠡᠷ ᠵᠢᠭᠠᠵᠦ᠍᠂ ᠶᠡᠬᠡ  ᠶᠠᠪᠤᠳᠠᠯ᠎ᠢ  ᠬᠠᠮᠳᠤ᠎ᠪᠡᠷ ᠵᠥᠪᠯᠡᠨ᠂ ᠨᠠᠮ᠎ᠤᠨ ᠭᠡᠱᠢᠭᠦᠨ᠎ᠢ ᠬᠠᠮᠲᠤ᠎ᠪᠠᠷ ᠦᠨᠡᠯᠡᠵᠦ᠍᠂ ᠨᠡᠢᠲᠡᠯᠢᠭ ᠵᠢᠱ᠌ᠢᠶ᠎ᠡ᠎ᠶ᠋ᠢ ᠬᠠᠮᠳᠤ᠎ᠪᠡᠷ ᠡᠭᠦᠳᠦᠨ ᠪᠠᠢ᠌ᠭᠤᠯᠬᠤ》 ᠪᠠᠷ ᠭᠤᠤᠯ ᠠᠭᠤᠯᠭ᠎ᠠ ᠪᠣᠯᠭᠠᠭ᠍ᠰᠠᠨ 《 ᠭᠤᠷᠪᠠ᠎ᠶ᠋ᠢ ᠬᠣᠯᠪᠣᠭᠠᠯᠠᠨ ᠳᠥᠷᠪᠡ᠎ᠶ᠋ᠢ ᠬᠠᠮᠳᠤ᠎ᠪᠡᠷ ᠬᠢᠬᠦ᠌ 》 ᠠᠵᠢᠯ᠎ᠤᠨ ᠠᠷᠭ᠎ᠠ᠎ᠶ᠋ᠢ ᠡᠭᠦᠳᠪᠡ᠃ ᠡᠭᠦᠨ᠎ᠦ ᠬᠠᠮᠲᠤ᠌᠂ ᠲᠣᠮᠢᠯᠠᠭ᠍ᠰᠠᠨ ᠰᠠᠯᠪᠤᠷᠢ᠎ᠶ᠋ᠢᠨ ᠭᠤᠤᠯ ᠬᠠᠷᠢᠭᠤᠴᠠᠯᠭᠠᠳᠠᠨ ᠰᠤᠮᠤᠨ᠎ᠤ ᠪᠠᠭ᠎ᠲᠤ ᠤᠷᠤᠯᠴᠠᠨ ᠠᠷᠠᠳ᠎ᠤᠨ ᠴᠠᠭ᠍ᠳᠠᠭ᠎ᠠ ᠲᠠᠢ ᠬᠠᠮᠳᠦ ᠲᠤᠰᠭᠤᠨ᠎ᠤ ᠳᠠᠷᠤᠭ᠎ᠠ᠎ᠶ᠋ᠢᠨ ᠲᠤᠱᠢᠶᠠᠯ᠎ᠢ ᠬᠠᠪᠰᠤᠷᠭᠠᠨ ᠬᠠᠷᠢᠭᠤᠴᠠᠬᠤ ᠡᠨᠡ ᠬᠦ᠌ ᠲᠦᠷᠢᠮ᠎ᠦᠨ ᠲᠣᠭ᠍ᠲᠠᠴᠠ᠎ᠶ᠋ᠢ ᠠᠱᠢᠬ᠍ᠯᠠᠨ᠂ ᠥᠪᠡᠷᠲᠡᠭᠡᠨ ᠵᠠᠰᠠᠬᠤ ᠣᠷᠣᠨ᠎ᠤ 《 ᠬᠢᠯᠢ ᠬᠢᠵᠠᠭᠠᠷ ᠣᠷᠣᠨ᠎ᠢ ᠬᠥᠭ᠌ᠵᠢᠭᠦᠯᠦᠨ ᠠᠷᠠᠳ᠎ᠢ ᠪᠠᠶᠠᠵᠢᠭᠤᠯᠬᠤ》 ᠠᠷᠭ᠎ᠠ ᠬᠡᠮᠵᠢᠶ᠎ᠡ᠎ᠶ᠋ᠢ ᠰᠠᠨᠠᠭᠠᠴᠢᠯᠠᠭ᠎ᠠ ᠡᠴᠡ ᠪᠠᠨ ᠨᠠᠢᠳᠠᠪᠤᠷᠢᠵᠢᠭᠤᠯᠵᠤ ᠂ ᠡᠯ᠎ᠡ ᠲᠥᠷᠥᠯ᠎ᠦᠨ ᠵᠥᠷᠢᠴᠡᠯ ᠵᠠᠭᠤᠷᠠᠯᠳᠤᠭᠠᠨ᠎ᠢ ᠢᠳᠡᠪᠬᠢᠲᠡᠶ ᠡᠶᠡᠳᠡᠭᠦᠯᠦᠨ ᠂ ᠣᠯᠠᠨ ᠲᠦᠮᠡᠨ᠎ᠦ ᠦᠶ᠋ᠯᠡᠳᠪᠦᠷᠢᠯᠡᠯ ᠠᠮᠢᠳᠤᠷᠠᠯ᠎ᠤᠨ ᠬᠦᠴᠢᠷᠳᠡᠯ᠎ᠢ ᠱᠢᠶ᠋ᠳᠪᠦᠷᠢᠯᠡᠵᠦ᠍᠂ ᠦᠨᠳᠦᠰᠦᠨ ᠱᠠᠲᠤᠨ᠎ᠤ ᠣᠯᠠᠨ ᠨᠡᠢᠲᠡ᠎ᠶ᠋ᠢᠨ ᠦᠶ᠋ᠯᠡᠴᠢᠯᠡᠭᠡᠨ᠎ᠦ ᠡᠭᠦᠷᠭᠡ ᠴᠢᠳᠠᠪᠤᠷᠢ᠎ᠶ᠋ᠢ  ᠴᠠᠭ  ᠲᠤᠬᠠᠶ᠎ᠳᠤᠨᠢ  ᠨᠥᠬᠥᠪᠥᠷᠢᠯᠡᠨ ᠴᠢᠩᠭᠠᠳᠭᠠᠵᠤ᠂ ᠬᠢᠯᠢ ᠬᠢᠵᠠᠭᠠᠷ᠎ᠤᠨ ᠦᠨᠳᠦᠰᠦᠲᠡᠨ᠎ᠦ ᠭᠠᠵᠠᠷ ᠣᠷᠣᠨ᠎ᠤ ᠨᠠᠮ᠎ᠤᠨ ᠦᠨᠳᠦᠰᠦᠨ ᠱᠠᠲᠤᠨ᠎ᠤ ᠲᠥᠷᠥ᠍ ᠪᠠᠷᠢᠬᠤ ᠰᠠᠭᠤᠷᠢ᠎ᠶ᠋ᠢ ᠬᠦᠴᠦᠲᠡᠶ ᠪᠠᠲᠤᠳᠭᠠᠪᠠ ᠃ ᠬᠠᠷᠢᠶ᠎ᠠ ᠣᠷᠣᠨ᠎ᠤ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠢ ᠠᠯᠢ ᠲᠦᠷᠭᠡᠨ᠎ᠢᠶᠡᠷ ᠪᠠᠶᠠᠵᠢᠯ᠎ᠤᠨ ᠵᠠᠮ᠎ᠢᠶᠠᠷ ᠵᠠᠮᠨᠠᠭᠤᠯᠬᠤ ᠪᠣᠯ ᠲᠤᠰ ᠲᠣᠮᠢᠯᠠᠭ᠍ᠰᠠᠨ ᠰᠠᠯᠪᠤᠷᠢ᠎ᠶ᠋ᠢᠨ ᠨᠠᠮ᠎ᠤᠨ ᠡᠭᠦᠷ᠎ᠦᠨ ᠵᠠᠢᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠮᠥᠨ᠂ ᠪᠠᠰᠠ ᠴᠤ᠌ ᠬᠢᠯᠢ ᠬᠢᠵᠠᠭᠠᠷ ᠣᠷᠣᠨ᠎ᠤ ᠲᠣᠭ᠍ᠲᠠᠭᠤᠨ ᠪᠠᠢᠳᠠᠯ᠎ᠢ ᠬᠠᠮᠠᠭᠠᠯᠠᠬᠤ᠎ᠶ᠋ᠢᠨ ᠰᠠᠭᠤᠷᠢ ᠮᠥᠨ᠃ ᠦᠯᠵᠡᠢ ᠎ᠳᠡᠬᠢ ᠲᠤᠮᠢᠯᠠᠬᠰᠠᠨ ᠰᠠᠯᠪᠤᠷᠢ ᠵᠢᠨ 7707 ᠲᠡᠭ᠌ᠰᠢ ᠳᠥᠷᠪᠡᠯᠵᠢᠨ ᠺᠢᠯᠣᠮᠧᠲ᠋ᠷ᠎ᠦᠨ ᠬᠢᠯᠢ᠎ᠶ᠋ᠢᠨ ᠬᠠᠮᠢᠶᠠᠷᠤᠯᠲᠠ᠎ᠶ᠋ᠢᠨ ᠣᠷᠣᠨ᠎ᠳᠤ ᠂ ᠵᠥᠪᠬᠡᠨ 364 ᠡᠷᠦᠬᠡ 893 ᠣᠯᠠᠨ ᠲᠦᠮᠡᠨ ᠰᠠᠭᠤᠷᠢᠱᠢᠵᠤ ᠪᠠᠢᠳᠠᠭ᠃ ᠬᠠᠲᠠᠭᠤᠵᠢᠯᠲᠠᠶ ᠪᠦᠬᠡᠳ  ᠪᠣᠢᠳᠠ ᠪᠦᠭ᠌ᠯᠡᠭᠦᠦ ᠭᠠᠵᠠᠷ ᠣᠷᠣᠨ᠎ᠤ ᠣᠷᠴᠢᠨ ᠲᠣᠭᠣᠷᠢᠨ᠎ᠨᠢ ᠣᠯᠠᠨ ᠲᠦᠮᠡᠨ᠎ᠦ ᠦᠶ᠋ᠯᠡᠳᠪᠦᠷᠢᠯᠡᠯ ᠠᠮᠢᠳᠤᠷᠠᠯ᠎ᠳᠤ ᠠᠯᠢ ᠣᠯᠠᠨ ᠬᠦᠴᠢᠷᠳᠡᠯ ᠤᠴᠠᠷᠠᠭᠤᠯᠵᠦ᠍ ᠪᠠᠢ᠌ᠭ᠎ᠠ ᠪᠤᠳᠠᠳᠦ ᠪᠠᠢ᠌ᠳᠠᠯ᠎ᠳᠤ ᠴᠢᠭ᠌ᠯᠡᠭᠦᠯᠦᠨ᠂ ᠲᠣᠮᠢᠯᠠᠭ᠍ᠰᠠᠨ ᠰᠠᠯᠪᠤᠷᠢ᠎ᠶ᠋ᠢᠨ ᠨᠠᠮ᠎ᠤᠨ ᠡᠭᠦᠷ 《 ᠨᠠᠮ᠎ᠤᠨ ᠭᠡᠱᠢᠭᠦᠨ ᠬᠣᠱᠢᠭᠤᠴᠢᠯᠠᠨ ᠲᠣᠭ᠍ᠲᠠᠭᠤᠨ᠎ᠢ  ᠬᠠᠮᠠᠭᠠᠯᠠᠬᠤ + ᠦᠶ᠋ᠯᠡᠴᠢᠯᠡᠭᠡ 》 ᠢ᠋ᠢᠨ ᠡᠭᠦᠷᠭᠡ ᠬᠠᠷᠢᠭᠤᠴᠠᠯᠭ᠎ᠠ᠎ᠪᠠᠨ ᠭᠦᠶ᠋ᠴᠡᠳᠭᠡᠬᠦ᠌ ᠠᠵᠢᠯᠯᠠᠭ᠎ᠠ ᠪᠠ 《ᠰᠤᠷᠤᠯᠭ᠎ᠠ᠎ᠶ᠋ᠢ ᠲᠡᠳᠬᠦᠬᠦ ᠂ ᠨᠠᠰᠤᠲᠠᠢᠴᠤᠳ᠎ᠢ ᠲᠤᠰᠠᠯᠠᠬᠤ ᠂ ᠵᠡᠮᠳᠡᠭ᠌ᠴᠦᠳ᠎ᠢ ᠲᠤᠰᠠᠯᠠᠬᠤ᠂ ᠥᠨᠥᠴᠢᠨ ᠥᠷᠥᠭᠡᠰᠦᠨ᠎ᠢ ᠲᠤᠰᠠᠯᠠᠬᠤ ᠂ ᠭᠠᠳᠠᠨᠠᠬᠢ᠎ᠶ᠋ᠢ ᠲᠤᠰᠠᠯᠠᠬᠤ 》 ᠲᠠᠪᠤᠨ ᠲᠠᠯ᠎ᠠ᠎ᠶ᠋ᠢᠨ ᠦᠶ᠋ᠯᠡᠳᠦᠯᠭᠡ᠎ᠶ᠋ᠢᠨ ᠠᠵᠢᠯᠯᠠᠭ᠎ᠠ᠎ᠶ᠋ᠢ  ᠥᠷᠨᠢᠭᠦᠯᠵᠦ᠍ ᠂ ᠠᠷᠭ᠎ᠠ ᠪᠦᠬᠦᠨ᠎ᠢ ᠰᠦᠪᠡᠭ᠌ᠴᠢᠯᠡᠨ ᠬᠢᠯᠢ ᠬᠢᠵᠠᠭᠠᠷ᠎ᠤᠨ ᠴᠥᠭᠡᠨ ᠲᠣᠭᠠᠲᠤ ᠦᠨᠳᠦᠰᠦᠲᠡᠨ᠎ᠦ ᠣᠯᠠᠨ ᠲᠦᠮᠡᠨ᠎ᠢ ᠬᠠᠪᠰᠤᠷᠤᠨ ᠶᠠᠳᠠᠭᠤ ᠡᠴᠡ ᠠᠩᠭᠢᠵᠢᠷᠠᠭᠤᠯᠵᠤ᠂ ᠮᠠᠯᠴᠢᠨ ᠲᠦᠮᠡᠨ᠎ᠦ ᠠᠮᠢᠳᠤᠷᠠᠯ᠂ ᠡᠮ ᠡᠮᠨᠡᠯᠭᠡ᠂ ᠶᠠᠳᠠᠭᠤ᠎ᠶ᠋ᠢ ᠲᠡᠳᠬᠦᠨ ᠬᠦᠴᠢᠷᠳᠡᠯ ᠲᠠᠢ ᠤᠯᠠᠨ ᠲᠦᠮᠡᠨ᠎ᠢ ᠬᠠᠪᠰᠤᠷᠬᠤ᠂ ᠠᠶᠤᠯ ᠡᠴᠡ ᠠᠪᠤᠷᠠᠨ ᠭᠠᠮᠱᠢᠭ ᠡᠴᠡ ᠠᠪᠤᠷᠬᠠᠸ᠋ ᠵᠡᠷᠭᠡ ᠲᠠᠯ᠎ᠠ᠎ᠪᠠᠷ ᠣᠷᠣᠱᠢᠵᠤ ᠪᠠᠢᠭ᠎ᠠ ᠠᠰᠠᠭᠤᠳᠠᠯ᠎ᠢ ᠵᠣᠬᠢᠴᠠᠭᠤᠯᠤᠨ ᠬᠠᠪᠰᠤᠷᠴᠤ᠌ ᠱᠢᠶ᠋ᠳᠪᠦᠷᠢᠯᠡᠪᠡ᠃

ᠣᠢᠷ᠎ᠠ᠎ᠵᠢᠨ ᠵᠢᠯ᠎ᠳᠤ ᠂ ᠲᠣᠰ ᠲᠣᠮᠢᠯᠠᠭ᠍ᠰᠠᠨ ᠰᠠᠯᠪᠤᠷᠢ᠎ᠵᠢᠨ ᠬᠢᠨ ᠭᠤᠤᠯᠳᠠᠯᠭ᠎ᠠ᠎ᠲᠠᠶ ᠠᠵᠢᠯ ᠵᠢᠡᠨ ᠶᠠᠳᠠᠭᠤ ᠡᠴᠡ ᠠᠩᠭᠢᠵᠢᠷᠠᠭᠤᠯᠬᠤ ᠪᠤᠭᠤᠮᠳᠠ ᠱᠢᠪᠳᠤᠯᠬᠤ ᠠᠵᠢᠯ᠎ᠲᠠᠶ ᠬᠠᠮᠲᠤ᠎ᠳᠤᠨᠢ ᠪᠠᠢᠷᠢᠯᠠᠭᠤᠯᠤᠨ ᠵᠡᠷᠭᠡ᠎ᠪᠡᠷ ᠠᠬᠢᠭᠤᠯᠵᠦ᠍ ᠂ 8 ᠥᠨᠥᠴᠢᠨ ᠪᠡᠯᠪᠡᠰᠦᠨ᠂ ᠵᠡᠮᠳᠡᠭ ᠬᠥᠮᠦᠨ᠂ ᠬᠦᠴᠢᠷᠳᠡᠯ  ᠲᠡᠶ    ᠣᠯᠠᠨ  ᠲᠦᠮᠡᠨ     ᠲᠡᠶ      ᠬᠠᠪᠰᠤᠷᠤᠨ ᠲᠡᠳᠬᠦᠬᠦ᠌   ᠬᠠᠷᠢᠴᠠᠭ᠎ᠠ   ᠪᠠᠢ᠌ᠭᠤᠯᠵᠤ᠂ 6 ᠭᠤᠤᠨᠢ ᠨᠠᠰᠤᠲᠠᠨ᠂ 2 ᠬᠦᠴᠢᠷᠳᠡᠯ ᠲᠡᠶ ᠰᠣᠷᠣᠭ᠍ᠴᠢ᠎ᠳᠤ ᠲᠥᠪᠯᠡᠷᠡᠭᠦᠯᠦᠨ ᠪᠡᠶ᠎ᠡ᠎ᠵᠢᠨ ᠪᠠᠢᠴᠠᠭᠠᠯᠲᠠ ᠬᠢᠵᠦ᠍ ᠦᠭ᠌ᠭᠦ ᠪᠠ ᠡᠳ᠋ ᠮᠥᠩᠭᠥ᠎ᠪᠡᠷ ᠰᠤᠷᠤᠯᠭ᠎ᠠ᠎ᠶ᠋ᠢ ᠨᠢ ᠲᠡᠳᠬᠦᠵᠦ᠍᠂ ᠠᠯᠪᠠᠨ ᠵᠢᠷᠤᠮ᠎ᠤᠨ ᠡᠮᠴᠢᠯᠡᠭᠡ᠎ᠵᠢ 10 ᠭᠠᠷᠤᠶ ᠤᠳᠠᠭ᠎ᠠ ᠬᠠᠮᠲᠤᠷᠠᠨ ᠥᠷᠨᠢᠭᠦᠯᠵᠦ᠍᠂ 5000 ᠭᠠᠷᠤᠶ ᠲᠥᠭᠥᠷᠢᠭ᠎ᠦᠨ ᠡᠮ᠎ᠦᠨ ᠵᠦᠶ᠋ᠯ᠎ᠢ ᠬᠦᠷᠭᠡᠵᠦ᠍᠂ 5 ᠲᠦᠮᠡ ᠭᠠᠷᠤᠶ ᠲᠥᠭᠥᠷᠢᠭ᠎ᠦᠨ ᠦᠷᠳᠡᠭ ᠪᠦᠬᠦᠢ  ᠬᠤᠪᠴᠠᠰᠤ  ᠬᠤᠨᠠᠷ ᠵᠡᠷᠭᠡ ᠵᠢ ᠬᠠᠨᠳᠢᠪᠯᠠᠵᠤ ᠂ ᠣᠯᠠᠨ ᠲᠦᠮᠡᠨ᠎ᠳᠦ 200 ᠭᠠᠷᠤᠶ ᠪᠣᠳᠠᠲᠤ ᠶᠠᠪᠤᠳᠠᠯ ᠬᠢᠵᠦ᠍ ᠥᠭ᠌ᠭᠦᠨ᠂ ᠣᠯᠠᠨ ᠲᠦᠮᠡᠨ᠎ᠤ ᠬᠦᠴᠢᠷᠳᠡᠯ᠎ᠢ 500 ᠭᠠᠷᠤᠶ ᠤᠳᠠᠭ᠎ᠠ ᠬᠠᠪᠰᠤᠷᠤᠨ ᠱᠢᠶ᠋ᠳᠪᠦᠷᠢᠯᠡᠵᠦ᠍ ᠥᠭ᠌ᠴᠡᠶ; ᠡᠯᠡᠰᠦᠨ ᠱᠢᠭᠤᠷᠭ᠎ᠠ᠂ ᠴᠠᠰᠤ ᠱᠢᠭᠤᠷᠭᠠᠨ᠎ᠤ ᠳᠤᠮᠳᠠ 500 ᠭᠠᠷᠤᠶ ᠠᠳᠤᠭᠤ ᠮᠠᠯ᠎ᠢ ᠡᠷᠢᠨ ᠤᠯᠵᠤ ᠂ 100 ᠭᠠᠷᠤᠶ ᠲᠦᠮᠡᠨ ᠲᠥᠭᠥᠷᠢᠭ᠎ᠦᠨ ᠠᠵᠤ ᠠᠬᠤᠶ᠎ᠵᠢᠨ ᠬᠣᠬᠢᠷᠠᠯ᠎ᠢ ᠡᠭᠡᠭᠦᠯᠦᠨ ᠠᠪᠴᠢᠷᠠᠪᠠ;ᠴᠠᠰᠤᠨ ᠱᠢᠭᠤᠷᠭᠠᠨ᠎ᠳᠤ ᠬᠤᠷᠢᠬ᠍ᠳᠠᠬ᠍ᠰᠠᠨ 80  ᠭᠠᠷᠤᠶ ᠲᠡᠷᠭᠡ ᠂ 120 ᠭᠠᠷᠤᠶ ᠬᠥᠮᠦᠨ᠎ᠢ ᠠᠪᠤᠷᠠᠨ ᠲᠤᠰᠠᠯᠠᠵᠠᠶ᠃

2016 ᠣᠨ᠎ᠡᠴᠠ ᠨᠠᠭᠠᠰᠢ ᠂ ᠥᠯᠵᠡᠶ ᠪᠣᠭᠣᠮᠲᠠ᠎ᠵᠢᠨ ᠬᠥᠭ᠌ᠵᠢᠯᠳᠡ ᠪᠦᠳᠦᠭᠡᠨ ᠪᠠᠢᠭᠤᠯᠤᠯᠲᠠ ᠪᠠ ᠪᠡᠭᠡᠵᠢᠩ ᠡᠴᠨ ᠱᠢᠨᠵᠢᠶᠠᠩ᠎ᠬᠦᠷᠬᠦ  ᠲᠦᠷᠭᠡᠨ᠎ᠦ ᠵᠠᠰᠠᠮᠠᠯ ᠵᠠᠮ ᠨᠡᠪᠲᠡᠷᠡᠬᠦ᠌᠎ᠵᠢ ᠳᠠᠭᠠᠯᠳᠤᠨ᠂ ᠬᠢᠯᠢ ᠬᠢᠵᠠᠭᠠᠷ ᠣᠷᠣᠨ᠎ᠤ ᠵᠠᠮ ᠬᠠᠷᠢᠯᠴᠠᠭᠠᠨ᠎ᠤ ᠴᠢᠬᠤᠯᠠ ᠵᠠᠮ᠂ ᠭᠤᠤᠯᠳᠠᠯᠭ᠎ᠠ᠎ᠲᠠᠶ ᠭᠠᠵᠠᠷ ᠣᠷᠣᠨ᠎ᠤ ᠬᠠᠮᠢᠶᠠᠷᠤᠯᠲᠠ ᠡᠵᠡᠮᠳᠡᠯ᠎ᠳᠦ ᠤᠯᠠᠮ᠎ᠡᠴᠠ ᠤᠯᠠᠮ ᠬᠦᠨᠳᠦ ᠬᠡᠴᠡᠭᠦᠦ ᠨᠠᠷᠢᠨ ᠪᠤᠳᠤᠯᠢᠶᠠᠨᠲᠠᠶ ᠥᠷᠢᠰᠥᠯᠳᠦᠭᠡᠨ ᠲᠤᠯᠭᠠᠷᠠᠪᠠ᠃ ᠡᠭᠦᠨ᠎ᠦ ᠲᠤᠯᠠᠳᠠ᠂ ᠲᠣᠰ ᠲᠣᠮᠢᠯᠠᠭ᠍ᠰᠠᠨ ᠰᠠᠯᠪᠤᠷᠢ᠎ᠵᠢᠨ ᠨᠠᠮ᠎ᠤᠨ ᠡᠭᠦᠷ  ᠨᠢ ᠰᠠᠭᠤᠭ᠎ᠠ  ᠭᠠᠵᠠᠷ᠎ᠤᠨ ᠨᠠᠮ᠎ᠤᠨ ᠬᠣᠷᠢᠶ᠎ᠠ ᠵᠠᠰᠠᠭ᠎ᠤᠨ ᠣᠷᠳᠣᠨ ᠪᠠ ᠬᠢᠯᠢ᠎ᠵᠢᠨ ᠬᠠᠮᠠᠭᠠᠯᠠᠯᠲᠠ᠎ᠵᠢᠨ ᠴᠡᠷᠢᠭ ᠠᠩᠭᠢ᠎ᠲᠠᠶ ᠬᠣᠯᠪᠣᠭᠠᠯᠠᠵᠦ᠍᠂ ᠬᠠᠮᠲᠤᠷᠠᠨ ᠲᠣᠭᠣᠷᠢᠨ ᠴᠠᠭ᠍ᠳᠠᠬᠤ ᠪᠠ ᠵᠢᠭ᠍ᠰᠠᠭᠠᠨ ᠪᠠᠢᠴᠠᠭᠠᠬᠤ ᠡᠷᠴᠢᠮ᠎ᠢᠶᠡᠨ ᠲᠠᠰᠤᠷᠠᠯᠲᠠ ᠥᠬᠡᠶ ᠴᠢᠩᠭᠠᠷᠠᠭᠤᠯᠵᠤ ᠂ ᠰᠦᠷᠳᠡᠭᠦᠯᠦᠯ᠎ᠳᠦ ᠬᠣᠯᠪᠣᠭ᠍ᠳᠠᠭ᠍ᠰᠠᠨ ᠂ ᠫᠤᠤ ᠵᠡᠪᠰᠡᠭ᠎ᠲᠦ ᠬᠣᠯᠪᠣᠭ᠍ᠳᠠᠭ᠍ᠰᠠᠨ ᠂ ᠳᠡᠯᠪᠡᠷᠡᠯᠲᠡ᠎ᠳᠦ ᠬᠣᠯᠪᠣᠭ᠍ᠳᠠᠭ᠍ᠰᠠᠨ᠂ ᠭᠠᠵᠢᠭᠤ ᠨᠣᠮᠯᠠᠯ ᠵᠡᠷᠭᠡ ᠨᠢᠭᠤᠴᠠ ᠮᠡᠳᠡᠭᠡ ᠵᠠᠩᠭᠢ᠎ᠵᠢ ᠪᠥᠬᠥ᠌ ᠲᠠᠯ᠎ᠠ᠎ᠪᠠᠷ ᠰᠤᠳᠤᠯᠤᠨ ᠮᠠᠭᠠᠳᠯᠠᠠ ᠴᠤᠬ᠍ᠯᠠᠭᠤᠯᠵᠤ᠂ ᠲᠤᠰᠭᠠᠶ ᠲᠦᠷᠦᠯ᠎ᠤᠨ ᠰᠡᠷᠭᠡᠢᠯᠡᠨ ᠴᠣᠬᠢᠯᠲᠠ ᠥᠭ᠌ᠬᠦ  ᠠᠵᠢᠯ᠎ᠢ ᠯᠠᠪᠳᠠᠭᠤᠨ ᠪᠠᠲᠤᠲᠠᠶ ᠰᠠᠢᠲᠤᠷ ᠬᠢᠪᠠ᠃ 2019 ᠣᠨ ᠡᠴᠠ ᠨᠠᠭᠠᠰᠢ ᠂ ᠲᠣᠮᠢᠯᠠᠭ᠍ᠰᠠᠨ ᠰᠠᠯᠪᠤᠷᠢ  ᠨᠡᠢᠲᠡ 792 ᠰᠤᠮᠤ᠂ 2  ᠫᠤᠤ ᠵᠡᠪᠰᠡᠭ᠂ 9 ᠲᠡᠰᠦᠷᠡᠭᠦᠯᠦᠭ᠌ᠴᠢ᠎ᠵᠢ ᠬᠣᠷᠢᠶᠠᠨ ᠠᠪᠴᠤ᠌᠂ ᠤᠷᠭᠤᠨ ᠳᠤᠲᠠᠭᠠᠵᠤ ᠪᠠᠢᠭ᠎ᠠ 2 ᠬᠥᠮᠦᠨ᠎ᠢ ᠪᠠᠷᠢᠪᠴᠢᠯᠠᠵᠤ᠂ ᠬᠢᠯᠢ᠎ᠵᠢᠨ ᠱᠤᠭᠤᠮ ᠵᠢᠡᠷ ᠡᠨᠳᠡᠭᠦᠷᠡᠨ ᠣᠷᠣᠵᠤ ᠢᠷᠡᠭ᠌ᠰᠡᠨ 12 ᠬᠥᠮᠦᠨ ᠤᠳᠠᠭ᠎ᠠ᠎ᠵᠢ ᠬᠠᠱᠢᠵᠤ᠂ ᠪᠣᠳᠠᠲᠤ ᠦᠢᠯᠡ ᠠᠵᠢᠯᠯᠠᠭ᠎ᠠ᠎ᠪᠠᠷ᠎ᠢᠶᠠᠨ ᠤᠮᠠᠷᠠᠲᠤ ᠬᠢᠯᠢ᠎ᠵᠢᠨ ᠠᠮᠤᠷ ᠲᠦᠪᠱᠢᠨ ᠲᠣᠭ᠍ᠲᠠᠭᠤᠨ᠎ᠤ ᠬᠠᠯᠬᠠᠪᠴᠢ᠎ᠵᠢ ᠴᠣᠭ᠍ᠴᠠᠯᠠᠪᠠ᠃

ᠲᠣᠰ ᠲᠣᠮᠢᠯᠠᠭ᠍ᠰᠠᠨ ᠰᠠᠯᠪᠤᠷᠢ ᠨᠢ ᠤᠷᠢᠳ ᠬᠣᠵᠢᠳ ᠮᠤᠵᠢ ᠶᠠᠮᠤᠨ᠎ᠤ ᠲᠠᠰ᠎ᠤᠨ ᠬᠥᠬᠢᠭᠦᠯᠦᠯ᠎ᠢ 19 ᠵᠦᠶ᠋ᠯ ᠬᠦᠷᠳᠡᠭ᠌ᠰᠡᠨ ᠪᠥᠭᠡᠳ ᠳᠣᠲᠣᠭᠠᠳᠤ᠎ᠵᠢ ᠬᠠᠮᠠᠭᠠᠯᠠᠬᠤ ᠶᠠᠮᠤᠨ᠎ᠤ ᠬᠣᠶᠠᠳᠤᠭᠠᠷ  ᠳᠡᠰ᠎ᠤᠨ ᠭᠠᠪᠢᠶ᠎ᠠ᠎ᠵᠢ 1 ᠤᠳᠠᠭ᠎ᠠ ᠬᠦᠷᠳᠡᠪᠡ᠃ ᠡᠨᠡ ᠵᠢᠯ᠎ᠦᠨ 6 ᠰᠠᠷ᠎ᠠ᠎ᠵᠢᠨ 29 ᠎ᠦ ᠡᠳᠦᠷ ᠂ ᠲᠣᠮᠢᠯᠠᠭ᠍ᠰᠠᠨ ᠰᠠᠯᠪᠤᠷᠢ᠎ᠵᠢᠨ ᠨᠠᠮ᠎ᠤᠨ ᠡᠭᠦᠷ ᠨᠢ ᠥᠪᠡᠷᠲᠡᠭᠡᠨ ᠵᠠᠰᠠᠬᠤ ᠣᠷᠣᠨ᠎ᠤ ᠲᠡᠷᠢᠭᠦᠨ᠎ᠦ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠪᠠᠷ ᠦᠨᠡᠯᠡᠭ᠌ᠳᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号