ᠲᠠᠰᠬᠠᠯᠵᠢᠭᠤᠯᠤᠭᠴᠢ ᠬᠠᠰᠯᠤᠤ ᠲᠠᠮᠢᠷᠴᠢᠳ ᠎ᠲᠠᠢ ᠪᠠᠨ ᠲᠡᠯᠡᠭᠡᠢ ᠎ᠶᠢᠨ ᠲᠡᠮᠳᠡᠭᠯᠡᠯ ᠎ᠢ ᠲᠠᠬᠢᠨ ᠰᠢᠨᠡᠳᠭᠡᠯ᠎ᠠ
2021-10-29 10:25:02
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

10 ᠰᠠᠷ᠎ᠠ᠎ᠶᠢᠨ 22᠎ᠠᠴᠠ 29᠎ᠤ ᠡᠳᠤᠷ᠎ᠪᠤᠯᠲᠠᠯ᠎ᠠ ᠶᠠᠪᠤᠭᠳᠠᠭᠰᠠᠨ ᠪᠦᠬᠦ ᠤᠯᠤᠰ᠎ᠤᠨ ᠠᠷᠪᠠᠨ ᠨᠢᠭᠡᠳᠤᠭᠡᠷ ᠬᠤᠭᠤᠴᠠᠭᠠᠨ᠎ᠤ ᠵᠡᠮᠳᠡᠭᠴᠤᠳ᠎ᠤᠨ ᠲᠠᠮᠢᠷ᠎ᠤᠨ ᠴᠤᠭᠯᠠᠭᠠᠨ ᠵᠢᠴᠢ ᠨᠠᠢ᠍ᠮᠠᠳᠤᠭᠠᠷ ᠬᠤᠭᠤᠴᠠᠭᠠᠨ᠎ᠤ ᠤᠨᠴᠠᠭᠠᠢ ᠤᠯᠢᠮᠫᠢᠺ᠎ᠤᠨ ᠲᠠᠮᠢᠷ᠎ᠤᠨ ᠴᠤᠭᠯᠠᠭᠠᠨ᠎ᠳᠤ ᠦᠪᠦᠷ ᠮᠤᠩᠭᠤᠯ ᠨᠠᠢᠳᠠ 7 ᠠᠯᠳᠠ ᠤᠯᠤᠭᠰᠠᠨ ᠪᠠᠶᠠᠷ᠎ᠤᠨ ᠴᠢᠮᠡᠭᠡ ᠲᠤᠭᠤᠯᠳᠠᠯ᠎ᠠ᠃ ᠡᠬᠦᠨ᠎ᠳᠤ ᠦᠪᠦᠷ ᠮᠤᠩᠭᠤᠯ᠎ᠤᠨ ᠵᠡᠮᠳᠡᠭᠴᠤᠳ ᠎ᠤᠨ ᠎ᠬᠦᠨᠳᠤ ᠎ᠬᠦᠩᠭᠡᠨ ᠎ᠤ ᠎ᠪᠤᠯᠪᠠᠰᠤᠷᠠᠯ ᠎ᠤᠨ ᠎ᠰᠠᠭᠤᠷᠢᠨ ᠎ᠤ ᠲᠠᠮᠢᠷᠴᠢᠳ ᠲᠠᠰᠬᠠᠯᠵᠢᠭᠤᠯᠤᠭᠴᠢ ᠬᠠᠰᠯᠤᠤ᠎ᠶᠢᠨ ᠲᠠᠭᠠᠭᠤᠯᠭ᠎ᠠ᠎ᠪᠠᠷ 4 ᠠᠯᠳᠠ᠂ 4 ᠮᠦᠩᠭᠦ᠂ 4 ᠬᠦᠷᠡᠯ ᠮᠧᠳᠠᠯ ᠤᠯᠤᠭᠰᠠᠨ ᠪᠦᠬᠡᠳ ᠨᠢᠬᠡ ᠤᠳᠠᠭ᠎ᠠ ᠲᠡᠯᠡᠭᠡᠢ᠎ᠶᠢᠨ ᠲᠡᠮᠳᠡᠭᠯᠡᠯ᠂  ᠭᠤᠷᠪᠠ ᠤᠳᠠᠭ᠎ᠠ ᠪᠦᠬᠦ ᠤᠯᠤᠰ᠎ᠤᠨ ᠲᠡᠮᠳᠡᠭᠯᠡᠯ᠎ᠢ ᠰᠢᠨᠡᠳᠭᠡᠭᠰᠡᠨ ᠰᠢᠯᠢᠳᠡᠭ ᠰᠠᠢᠨ ᠬᠢᠷᠢ ᠪᠦᠳᠦᠮᠵᠢ ᠤᠯᠤᠭᠰᠠᠨ ᠪᠠᠢᠨ᠎ᠠ᠃

ᠲᠤᠰ ᠤᠳᠠᠭᠠᠨ᠎ᠤ ᠤᠷᠤᠯᠳᠤᠭᠠᠨ᠎ᠳᠤ ᠮᠦᠩᠭᠦᠨᠵᠢᠮᠢᠰ F41 ᠲᠡᠰ᠎ᠤᠨ ᠰᠢᠷᠠᠮᠦᠨ ᠪᠦᠮᠪᠦᠭᠡ᠎ᠶᠢᠨ ᠤᠷᠤᠯᠳᠤᠭᠠᠨ᠎ᠳᠤ 8.32᠎ᠮᠧᠲᠷ᠎ᠢᠶᠠᠷ᠎ᠦᠪᠦᠷ ᠮᠤᠩᠭᠤᠯ᠎ᠤᠨ ᠲᠦᠯᠦᠭᠡᠯᠡᠭᠴᠢ᠎ᠶᠢᠨ ᠠᠩᠭᠢ᠎ᠶᠢᠨ ᠠᠩᠬᠠᠨ᠎ᠤ ᠠᠯᠳᠠᠨ ᠮᠧᠳᠠᠯ᠎ᠢ ᠬᠦᠷᠳᠡᠭᠰᠡᠨ ᠪᠦᠬᠡᠳ F41 ᠲᠡᠰ᠎ᠤᠨ ᠵᠡᠭᠡᠷᠡᠩᠭᠡᠢ᠎ᠶᠢᠨ ᠤᠷᠤᠯᠳᠤᠭᠠᠨ᠎ᠳᠤ 29.77 ᠮᠧᠲᠷ᠎ᠤᠨ ᠬᠢᠷᠢ ᠪᠦᠳᠦᠮᠵᠢ᠎ᠪᠠᠷ ᠤᠯᠤᠰ᠎ᠤᠨ ᠲᠡᠮᠳᠡᠭᠯᠡᠯ᠎ᠢ ᠲᠡᠬᠢᠨᠳᠠ ᠰᠢᠨᠡᠳᠭᠡᠨ᠂ ᠬᠤᠶᠠᠳᠠᠬᠢ ᠠᠯᠳᠠᠨ ᠮᠧᠳᠠᠯ ᠵᠢᠠᠷ ᠡᠩᠭᠡᠷ᠎ᠢᠶᠠᠨ ᠮᠢᠯᠢᠶᠠᠯᠭᠠᠵᠠᠢ᠃

ᠰᠠᠶᠢᠬᠠᠨ ᠪᠤᠯᠤᠭᠰᠠᠨ ᠲᠤᠤᠺᠢᠤ᠋᠎ᠶᠢᠨ ᠵᠡᠮᠳᠡᠭᠴᠤᠳ᠎ᠤᠨ ᠤᠯᠢᠮᠫᠢᠺ᠎ᠤᠨ ᠴᠤᠭᠯᠠᠭᠠᠨ᠎ᠳᠤ ᠲᠡᠯᠡᠭᠡᠢ᠎ᠶᠢᠨ ᠲᠡᠮᠳᠡᠭᠯᠡᠯ᠎ᠢ ᠰᠢᠨᠡᠳᠭᠡᠭᠰᠡᠨ ᠠᠯᠳᠠᠨ ᠮᠧᠳᠠᠯᠳᠤ ᠲᠠᠮᠢᠷᠴᠢᠨ ᠰᠦᠨ ᠫᠧᠩ ᠰᠢᠶᠠᠩ᠂ ᠲᠤᠰ ᠤᠳᠠᠭᠠᠨ᠎ᠤ  ᠰᠢᠳᠡᠬᠦᠷ ᠵᠢᠳᠠ᠎ᠶᠢᠨ F41 ᠲᠡᠰ᠎ᠤᠨ ᠤᠷᠤᠯᠳᠤᠭᠠᠨ᠎ᠳᠤ ᠲᠡᠯᠡᠭᠡᠢ᠎ᠶᠢᠨ ᠲᠡᠮᠳᠡᠭᠯᠡᠯ᠎ᠢ ᠰᠢᠨᠡᠳᠭᠡᠨ ᠠᠯᠳᠠ ᠰᠢᠬᠦᠷᠦᠭᠰᠡᠨ ᠪᠦᠬᠡᠳ ᠵᠡᠭᠡᠷᠡᠩᠭᠡᠢ᠎ᠶᠢᠨ ᠤᠷᠤᠯᠳᠤᠭᠠᠨ᠎ᠳᠤ ᠮᠦᠩᠭᠦᠨ ᠮᠧᠳᠠᠯ᠂ ᠰᠢᠷᠠᠮᠦᠨ ᠪᠦᠮᠪᠦᠭᠡ᠎ᠶᠢᠨ ᠤᠷᠤᠯᠳᠤᠭᠠᠨ᠎ᠳᠤ ᠬᠦᠷᠡᠯ ᠮᠧᠳᠠᠯ᠎ᠢᠶᠠᠷ ᠡᠩᠭᠡᠷ᠎ᠢᠶᠠᠨ ᠮᠢᠯᠢᠶᠠᠯᠭᠠᠵᠠᠢ᠃

ᠡᠨᠡ ᠵᠢᠯ 37 ᠨᠠᠰᠤᠳᠠᠢ ᠭᠤᠤ ᠶᠦᠩ ᠴᠢᠶᠠᠩ ᠪᠦᠬᠦ ᠤᠯᠤᠰ᠎ᠤᠨ ᠬᠢᠨᠵᠢᠳᠤ ᠪᠦᠮᠪᠦᠭᠡ᠎ᠶᠢᠨ 52.21 ᠮᠧᠲᠷ᠎ᠤᠨ ᠲᠡᠮᠳᠡᠭᠯᠡᠯ᠎ᠢ 55.37 ᠮᠧᠲᠷ᠎ᠢᠶᠠᠷ ᠰᠢᠨᠡᠳᠬᠡᠵᠤ ᠠᠯᠳᠠ ᠰᠢᠬᠦᠷᠦᠯ᠎ᠠ᠃ ᠲᠡᠷᠡ ᠪᠡᠷ ᠪᠦᠬᠦ ᠤᠯᠤᠰ᠎ᠤᠨ ᠵᠠᠮᠳᠡᠭᠴᠤᠳ᠎ᠤᠨ ᠲᠠᠮᠢᠷ᠎ᠤᠨ ᠴᠤᠭᠯᠠᠭᠠᠨ᠎ᠳᠤ ᠨᠠᠢᠳᠠ 5 ᠤᠳᠠᠭ᠎ᠠ ᠤᠷᠤᠯᠴᠠᠵᠤ᠂ ᠨᠠᠢ᠍ᠮᠠᠳᠤᠭᠠᠷ᠂ ᠶᠢᠰᠦᠳᠦᠬᠡᠷ ᠬᠤᠭᠤᠴᠠᠭᠠᠨ᠎ᠤ ᠪᠦᠬᠦ ᠤᠯᠤᠰ᠎ᠤᠨ ᠵᠠᠮᠳᠡᠭᠴᠤᠳ᠎ᠤᠨ ᠴᠤᠭᠯᠠᠭᠠᠨ᠎ᠤ ᠬᠢᠨᠵᠢᠳᠤ ᠪᠦᠮᠪᠦᠭᠡ᠎ᠶᠢᠨ ᠤᠷᠤᠯᠳᠤᠭᠠᠨ᠎ᠳᠤ ᠲᠤᠰ ᠲᠤᠰ ᠠᠯᠳᠠᠨ ᠮᠧᠳᠠᠯ ᠲᠤᠰᠴᠤ ᠪᠠᠢᠵᠠᠢ᠃

ᠲᠦᠷᠪᠠᠨ ᠵᠢᠯ᠎ᠳᠤ ᠨᠢᠬᠡ ᠤᠳᠠᠭ᠎ᠠ ᠶᠠᠪᠤᠭᠳᠠᠳᠠᠭ ᠪᠦᠬᠦ ᠤᠯᠤᠰ᠎ᠤᠨ ᠵᠡᠮᠳᠡᠭᠴᠤᠳ᠎ᠤᠨ ᠲᠠᠮᠢᠷ᠎ᠤᠨ ᠴᠤᠭᠯᠠᠭᠠᠨ᠎ᠳᠤ ᠤᠷᠤᠯᠴᠠᠨ ᠬᠦᠴᠦ ᠲᠠᠮᠢᠷ ᠤᠷ᠎ᠠ ᠤᠬᠠᠭᠠᠨ᠎ᠢᠶᠠᠨ ᠰᠤᠷᠢᠵᠤ᠂ ᠡᠩᠭᠡᠷ᠎ᠢᠶᠠᠨ ᠠᠯᠳᠠ ᠮᠦᠩᠭᠦᠨ ᠮᠧᠳᠠᠯ᠎ᠢᠶᠠᠷ ᠮᠢᠯᠢᠶᠠᠯᠭᠠᠵᠤ ᠠᠮᠵᠢᠯᠳᠠ᠎ᠲᠠᠢ ᠪᠤᠴᠠᠭᠰᠠᠨ ᠦᠪᠦᠷ ᠮᠤᠩᠭᠤᠯ᠎ᠤᠨ ᠵᠡᠮᠳᠡᠭᠴᠤᠳ᠎ᠤᠨ ᠬᠦᠨᠳᠤ ᠬᠦᠩᠭᠡᠨ᠎ᠤ ᠪᠤᠯᠪᠠᠰᠤᠷᠠᠯ᠎ᠤᠨ ᠰᠠᠭᠤᠷᠢᠨ᠎ᠤ ᠪᠦᠬᠦᠢᠯᠨ ᠲᠠᠮᠢᠷᠴᠢᠳ᠎ᠲᠠᠭᠠᠨ ᠪᠠᠶᠠᠷ ᠬᠦᠷᠭᠡᠶ᠎ᠠ︕ 

ᠳᠠᠮᠢᠷᠴᠢᠳ᠎ᠤᠨ ᠵᠢᠠᠨ ᠤᠯᠠᠮ ᠦᠨᠳᠤᠷ ᠠᠮᠵᠢᠯᠳᠠ ᠤᠯᠬᠤ᠎ᠶᠢ᠎ᠨᠢ ᠬᠦᠰᠡᠨ ᠵᠦᠩᠨᠡᠶ᠎ᠠ︕












ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号