10 ᠰᠠᠷ᠎ᠠ᠎ᠶᠢᠨ 27 ᠤ᠋ ᠡᠳᠦᠷ᠎ᠤᠨ
9 ᠴᠠᠭ 10 ᠮᠢᠨᠦ᠋ᠲ᠎ᠲᠦ᠂ ᠪᠥᠬᠥ᠌ ᠤᠯᠤᠰ᠎ᠤᠨ ᠠᠷᠪᠠᠨ ᠨᠢᠭᠡᠳᠦᠭᠡᠷ ᠬᠤᠭᠤᠴᠠᠭᠠᠨ᠎ᠤ ᠵᠡᠮᠳᠡᠭᠴᠦᠳ᠎ᠦᠨ ᠲᠠᠮᠢᠷ᠎ᠤᠨ
ᠴᠤᠬᠯᠠᠭᠠᠨ ᠵᠢᠴᠢ ᠨᠠᠢ᠍ᠮᠠᠳᠤᠭᠠᠷ ᠬᠤᠭᠤᠴᠠᠭᠠᠨ᠎ᠤ ᠣᠨᠴᠠᠭᠠᠶ ᠣᠯᠢᠮᠫᠢᠺ᠎ᠤᠨ ᠲᠠᠮᠢᠷ᠎ᠤᠨ ᠴᠤᠬᠯᠠᠭᠠᠨ᠎ᠤ ᠬᠦᠨᠳᠦ
ᠬᠥᠩᠭᠡᠨ ᠲᠠᠮᠢᠷ᠎ᠤᠨ ᠤᠷᠤᠯᠳᠤᠭᠠᠨ᠎ᠤ ᠲᠠᠯᠠᠪᠤᠷ᠎ᠲᠤ᠂ ᠡᠷᠡᠭᠲᠡᠶ᠎ᠶᠢᠨ 800ᠮᠧᠲ᠋ᠷ᠎ᠦᠨT11 ᠲᠠᠰ᠎ᠤᠨ ᠱᠢᠶ᠋ᠳᠪᠦᠷᠢᠲᠦ ᠤᠷᠤᠯᠳᠤᠭᠠᠨ ᠡᠬᠢᠯᠡᠪᠡ᠃
ᠡᠨᠡ ᠨᠢ ᠬᠠᠷᠠᠭᠠᠨ᠎ᠤ ᠰᠠᠭᠠᠳ᠎ᠲᠠᠶ ᠲᠠᠮᠢᠷᠴᠢᠨ᠎ᠤ ᠬᠣᠭᠣᠷᠣᠨᠳᠣᠬᠢ
ᠦᠵᠡᠯᠴᠡᠭᠡᠨ ᠪᠠᠢᠵᠦ᠂ ᠲᠠᠮᠢᠷᠴᠢᠳ ᠡᠴᠡ ᠳᠠᠭᠠᠭᠤᠯᠤᠬᠴᠢ᠎ᠶᠢᠨ ᠬᠠᠪᠰᠤᠷᠤᠯᠭ᠎ᠠ ᠳᠤᠤᠷ᠎ᠠ ᠤᠷᠤᠯᠳᠤᠭᠠᠨ᠎ᠢ ᠪᠡᠶᠡᠯᠡᠭᠦᠯᠳᠡᠭ᠃
ᠬᠡᠰᠡᠭ ᠲᠠᠮᠢᠷᠴᠢᠳ ᠵᠣᠬᠢᠬᠤ ᠬᠡᠮᠵᠢᠶᠡᠨ᠎ᠦ ᠭᠡᠷᠡᠯ᠎ᠦᠨ ᠮᠡᠳᠡᠷᠡᠮᠵᠢ᠎ᠲᠡᠶ ᠪᠣᠯᠬᠣᠷ᠂ ᠡᠷᠬᠡ ᠲᠡᠭᠰᠢ ᠪᠠᠢᠬᠤ᠎ᠶᠢ
ᠪᠠᠲᠤᠯᠠᠬᠤ᠎ᠶᠢᠨ ᠲᠥᠯᠥᠭᠡ᠂ ᠲᠠᠮᠢᠷᠴᠢᠨ ᠨᠢᠭᠡ ᠪᠦᠷᠢ ᠴᠥᠮ ᠵᠠᠪᠠᠯ ᠭᠡᠷᠡᠯ ᠨᠡᠪᠲᠡᠷᠡᠬᠦ᠌ ᠦᠭᠡᠢ ᠨᠢᠳᠦᠨ ᠪᠦᠲᠡᠭᠡᠯᠭᠡ
ᠲᠠᠢ᠎ᠪᠡᠷ ᠤᠷᠤᠯᠳᠤᠭᠠᠨ᠎ᠳᠤ ᠤᠷᠤᠯᠴᠠᠬᠤ ᠴᠢᠬᠤᠯᠠᠳᠠᠢ ᠪᠠᠢᠳᠠᠭ᠃ ᠤᠷᠤᠯᠳᠤᠭᠠᠨ᠎ᠤ ᠲᠠᠯᠠᠪᠠᠢ ᠳ᠋ᠤ᠂ ᠲᠠᠮᠢᠷᠴᠢᠨ
ᠨᠢᠭᠡ ᠪᠦᠷᠢ᠎ᠶᠢᠨ ᠬᠠᠵᠠᠭᠤ᠎ᠳᠠᠬᠢ ᠳᠠᠭᠠᠭᠤᠯᠤᠭᠴᠢ ᠪᠣᠯ ᠳᠠᠷᠤᠶ ᠲᠡᠳᠡᠨ᠎ᠦ ᠨᠢᠳᠦ ᠪᠢᠯᠡ᠃
ᠥᠪᠥᠷ ᠮᠣᠩᠭᠣᠯ᠎ᠠᠴᠠ ᠢᠷᠡᠭᠰᠡᠨ ᠲᠠᠮᠢᠷᠴᠢᠨ ᠯᠢ ᠬᠤᠸᠠᠨ ᠪᠣᠯᠤᠨ ᠲᠡᠭᠦᠨ᠎ᠦ
ᠳᠠᠭᠠᠭᠤᠯᠤᠬᠴᠢ ᠶᠠᠩ ᠠᠶ ᠷᠦᠢ 7 ᠳ᠋ᠤᠭᠠᠷ ᠤᠷᠤᠯᠳᠤᠭᠠᠨ᠎ᠤ ᠵᠠᠮ ᠡᠴᠡ ᠮᠣᠷᠳᠠᠪᠠ᠃ ᠬᠣᠶᠠᠷ ᠬᠥᠮᠦᠨ᠎ᠦ ᠭᠠᠷ᠎ᠢ
ᠬᠤᠯᠪᠤᠬᠰᠠᠨ ᠬᠦᠲᠦᠯᠦᠨ ᠵᠢᠯᠤᠭᠤᠳᠬᠤ ᠳᠡᠭᠡᠰᠦ ᠪᠣᠯ ᠲᠡᠳᠡᠨ᠎ᠦ ᠬᠣᠭᠣᠷᠣᠨᠳᠣᠬᠢ ᠴᠢᠬᠤᠯᠠ ᠬᠣᠯᠪᠣᠭᠠᠰᠤ ᠪᠠᠢᠵᠦ᠂
ᠮᠢᠩᠭ᠎ᠠ ᠲᠦᠮᠡᠨ ᠤᠳᠠᠭᠠᠨ᠎ᠤ ᠪᠣᠯᠪᠠᠰᠤᠷᠠᠯ ᠨᠢ ᠲᠡᠳᠡᠨ᠎ᠢ ᠨᠢᠭᠡᠨᠲᠡ ᠲᠤᠢᠯ᠎ᠤᠨ ᠳᠠᠰᠤᠯ ᠪᠤᠯᠭᠠᠵᠠᠢ᠃ ᠤᠷᠤᠯᠳᠤᠭᠠᠨ᠎ᠤ ᠳᠤᠮᠳᠠ᠂ ᠶᠠᠩ ᠠᠶ ᠷᠦᠢ ᠬᠥᠲᠥᠯᠥᠨ ᠵᠢᠯᠣᠭᠣᠳᠭᠤ
ᠳᠡᠭᠡᠰᠦ ᠪᠠ ᠦᠭᠡ᠎ᠪᠡᠷ ᠵᠢᠡᠷ ᠯᠢ ᠬᠤᠸᠠᠨ᠎ᠳᠤ ᠴᠢᠭᠯᠡᠯ᠎ᠢ ᠵᠢᠭᠠᠵᠤ᠂ ᠬᠥᠲᠥᠯᠥᠨ ᠵᠢᠯᠣᠭᠣᠳᠭᠤ ᠳᠡᠭᠡᠰᠦ᠎ᠶᠢᠨ
ᠬᠣᠯᠪᠣᠯᠲᠠ ᠪᠠ ᠨᠢᠭᠡᠳᠦᠯᠲᠠᠢ ᠬᠦᠶᠦᠯᠳᠡ ᠪᠡᠷ ᠳᠡᠳᠡ ᠨᠡᠷ ᠡᠴᠦᠰ᠎ᠲᠡᠬᠡᠨ 2 ᠮᠢᠨᠦ᠋ᠲ 10 ᠰᠧᠺᠦ᠋ᠨ᠋ᠳ᠋ 87
ᠵᠢᠨ ᠬᠢᠷᠢ ᠪᠦᠲᠦᠮᠵᠢ᠎ᠪᠡᠷ ᠬᠦᠷᠡᠯ ᠮᠧᠳᠠᠯ ᠣᠯᠵᠡᠢ᠃
ᠲᠤᠰ ᠡᠳᠦᠷ᠎ᠦᠨ 11 ᠴᠠᠭ 10 ᠮᠢᠨᠦ᠋ᠲ᠎ᠲᠦ᠂ ᠯᠢ ᠬᠤᠸᠠᠨ᠂ ᠶᠠᠩ ᠠᠶ
ᠷᠦᠢ ᠪᠠᠰᠠ ᠭᠤᠸᠠᠩᠰᠢ᠎ᠶᠢᠨ ᠠᠩᠭᠢ᠂ ᠵᠢᠶᠠᠩᠰᠢ᠎ᠶᠢᠨ ᠠᠩᠭᠢ᠎ᠶᠢᠨ ᠲᠠᠮᠢᠷᠴᠢᠨ᠎ᠲᠠᠶ ᠬᠣᠯᠪᠣᠭᠠᠲᠤ ᠠᠩᠭᠢ ᠪᠠᠢᠭᠤᠯᠵᠤ᠂
ᠡᠷᠡᠭᠲᠡᠶ᠎ᠶᠢᠨ 4 x 100 ᠪᠤᠤᠬᠢᠶ᠎ᠠ ᠵᠠᠯᠭᠠᠬᠤ T11— T13 ᠲᠡᠰ᠎ᠤᠨ ᠪᠡᠯᠡᠳᠭᠡᠯ ᠤᠷᠤᠯᠳᠤᠭᠠᠨ᠎ᠳᠤ ᠣᠷᠣᠯᠴᠠᠭᠰᠠᠨ ᠪᠥᠭᠡᠳ ᠱᠢᠢᠳᠪᠦᠷᠢᠲᠦ ᠤᠷᠤᠯᠳᠤᠭᠠᠨ᠎ᠳᠤ
ᠤᠷᠤᠯᠴᠠᠬᠤ ᠡᠷᠬᠡ ᠵᠢ ᠤᠯᠪᠠ᠃