ᠮᠠᠯᠴᠢᠨ ᠭᠠᠩᠳᠡᠮᠤᠷ ᠤᠶᠤᠨᠳᠤ ᠮᠠᠯ ᠤᠰᠤᠯᠠᠬᠤ ᠮᠠᠱᠢᠨ ᠵᠤᠬᠢᠶᠠᠭᠠᠳ ᠤᠯᠤᠰ᠎ᠤᠨ ᠲᠤᠰᠭᠠᠢ ᠠᠱᠢᠭ᠎ᠤᠨ ᠡᠷᠭᠡ ᠤᠯᠤᠯ᠎ᠠ
2021-10-08 10:00:57
ᠵᠣᠬᠢᠶᠠᠭ᠍ᠴᠢ᠄
ᠲᠠᠪᠱᠢᠯᠳᠤ
ᠣᠩᠱᠢᠭ᠍ᠰᠠᠨ ᠣᠳᠠᠭ᠎ᠠ᠄
★★★☆☆

ᠥᠢᠷ᠎ᠠ᠎ᠳᠤ᠂ ᠠᠯᠠᠱᠠ ᠪᠠᠷᠠᠭᠤᠨ ᠬᠤᠱᠢᠭᠤᠨ᠎ᠤ ᠠᠯᠳ᠋ᠬᠠᠤᠪᠤᠭ᠎ᠠ ᠪᠠᠯᠭᠠᠰᠤᠨ᠎ᠤ ᠬᠥᠨᠳᠠᠯᠠᠢ ᠭᠠᠴᠠᠭᠠᠨ᠎ᠤ ᠮᠠᠯᠴᠢᠨ ᠭᠠᠩᠳᠠᠮᠤᠷ ᠥᠪᠡᠷ᠎ᠤᠨ ᠰᠤᠳᠤᠯᠤᠨ ᠵᠤᠬᠢᠶᠠᠭ᠍ᠰᠠᠨ ᠤᠶᠤᠨᠳᠤ ᠮᠠᠯ ᠤᠰᠤᠯᠠᠬᠤ ᠮᠠᠱᠢᠨ᠎ᠢᠶᠠᠷ᠎ᠢᠶᠠᠨ ᠤᠯᠤᠰ᠎ᠤᠨ ᠲᠤᠰᠭᠠᠢ ᠠᠱᠢᠭ᠎ᠤᠨ ᠡᠷᠭᠡ ᠤᠯᠤᠭ᠍ᠰᠠᠨ ᠪᠠᠢᠨ᠎ᠠ᠃

ᠮᠠᠯᠴᠢᠨ ᠭᠠᠩᠳᠠᠮᠤᠷ ᠤᠶᠤᠨᠳᠤ ᠮᠠᠯ ᠤᠰᠤᠯᠠᠬᠤ ᠮᠠᠱᠢᠨ᠎ᠢᠶᠠᠨ 2018 ᠤᠨ᠎ᠤ ᠵᠢᠯ᠎ᠤᠨ ᠡᠴᠤᠰ᠎ᠠᠴᠠ ᠡᠬᠢᠯᠡᠵᠤ ᠰᠤᠳᠤᠯᠤᠭᠠᠳ ᠤᠯᠠᠨ ᠤᠳᠠᠭᠠᠨ᠎ᠤ ᠲᠤᠷᠱᠢᠯᠳᠠ᠎ᠪᠠᠷ ᠲᠠᠮᠵᠢᠭᠠᠳ ᠡᠴᠤᠰ᠎ᠲᠡᠭᠡᠨ ᠠᠮᠵᠢᠯᠳᠠ ᠤᠯᠤᠭ᠍ᠰᠠᠨ ᠪᠠᠢᠨ᠎ᠠ᠃ ᠲᠡᠷᠡ᠎ᠪᠠᠷ ᠶᠡᠷᠤ᠎ᠶ᠋ᠢᠨ ᠴᠠᠭ᠎ᠲᠠᠭᠠᠨ ᠠᠯᠳ᠋ᠬᠠᠤᠪᠤᠭ᠎ᠠ ᠪᠠᠯᠭᠠᠰᠤᠨ᠎ᠳᠤ ᠰᠠᠭᠤᠵᠤ ᠮᠠᠱᠢᠨ ᠲᠡᠷᠬᠡ ᠰᠠᠯᠪᠢᠨ ᠵᠠᠰᠠᠵᠤ ᠤᠷᠤᠯᠭ᠎ᠠ ᠤᠯᠳᠠᠭ ᠪᠤᠯᠬᠤᠷ ᠬᠥᠳᠡᠭᠡ ᠬᠡᠷ᠎ᠲᠡᠭᠡᠨ ᠬᠠᠷᠢᠵᠤ ᠲᠡᠮᠡᠭᠡ ᠮᠠᠯ᠎ᠢᠶᠠᠨ ᠤᠰᠤᠯᠠᠬᠤ᠎ᠳᠤ 100 ᠺᠢᠯᠤᠮᠧᠲᠷ᠎ᠤᠨ ᠵᠠᠮ ᠶᠠᠪᠤᠬᠤ ᠪᠤᠯᠬᠤᠷ ᠡᠳᠤᠷ᠎ᠤᠨ ᠤᠳᠠᠭᠠᠨ᠎ᠳᠤ ᠠᠵᠤ ᠠᠬᠤᠢ᠎ᠶ᠋ᠢᠨ ᠵᠠᠷᠤᠳᠠᠯ᠎ᠨᠢ ᠨᠡᠯᠢᠶᠡᠳ ᠶᠡᠭᠡ ᠪᠤᠯᠳᠠᠭ ᠪᠠᠢᠨ᠎ᠠ᠃ ᠡᠨᠡ ᠭᠦ᠌ ᠪᠠᠢᠳᠠᠯ᠎ᠢ ᠬᠤᠪᠢᠷᠠᠭᠤᠯᠬᠤ᠎ᠶ᠋ᠢᠨ ᠲᠥᠯᠤᠬᠡ ᠭᠠᠩᠳᠡᠮᠤᠷ ᠠᠯᠤᠰ ᠡᠵᠡᠮᠳᠡᠭᠦᠷ᠎ᠢᠶᠠᠷ ᠲᠡᠮᠡᠭᠡ ᠮᠠᠯ᠎ᠢᠶᠠᠨ ᠤᠰᠤᠯᠠᠵᠤ ᠴᠢᠳᠠᠬᠤ ᠲᠥᠭᠦᠮ ᠲᠤᠨᠤᠭ᠎ᠢ ᠰᠤᠳᠤᠯᠤᠨ ᠡᠭᠦᠳᠴᠠᠢ᠃

ᠪᠠᠷᠤᠭ ᠭᠤᠷᠪᠠᠨ ᠵᠢᠯ᠎ᠤᠨ ᠰᠤᠳᠤᠯᠭᠠᠨ᠎ᠢᠶᠠᠷ ᠲᠠᠮᠵᠢᠭᠠᠳ ᠤᠶᠤᠨᠳᠤ ᠮᠠᠯ ᠤᠰᠤᠯᠠᠬᠤ ᠮᠠᠱᠢᠨ᠎ᠳᠠᠭᠠᠨ ᠭᠤᠷᠪᠠ ᠤᠳᠠᠭᠠᠨ᠎ᠤ ᠱᠢᠨᠡᠴᠢᠯᠡᠯᠳᠡ ᠬᠢᠵᠤ ᠲᠡᠰ ᠲᠡᠪᠱᠢᠭᠦᠯᠤᠬᠡᠳ ᠤᠯᠤᠰ᠎ᠤᠨ ᠲᠤᠰᠭᠠᠢ ᠠᠱᠢᠭ᠎ᠤᠨ ᠡᠷᠭᠡ ᠭᠤᠶᠤᠴᠢᠯᠠᠭ᠍ᠰᠠᠨ ᠶᠤᠮ᠃ ᠲᠤᠰᠭᠠᠢ ᠠᠱᠢᠭ᠎ᠤᠨ ᠡᠷᠬᠡ᠎ᠶ᠋ᠢ ᠤᠯᠤᠭ᠍ᠰᠠᠨ᠎ᠤ ᠲᠠᠷᠠᠭ᠎ᠠ ᠭᠠᠩᠳᠡᠮᠤᠷ ᠤᠶᠤᠨᠳᠤ ᠮᠠᠯ ᠤᠰᠤᠯᠠᠬᠤ ᠮᠠᠱᠢᠨ᠎ᠳᠠᠭᠠᠨ 《ᠠᠯᠳᠠᠨ ᠪᠤᠯᠠᠭ》 ᠬᠡᠰᠡᠨ ᠲᠠᠸᠠᠷ᠎ᠤᠨ ᠲᠡᠮᠳᠡᠭ᠎ᠢ ᠭᠤᠶᠤᠴᠢᠯᠠᠨ 《ᠠᠯᠳᠠᠨ ᠪᠤᠯᠠᠭ》 ᠲᠡᠮᠳᠡᠭ᠌ᠳᠤ ᠤᠶᠤᠨᠳᠤ ᠮᠠᠯ ᠤᠰᠤᠯᠠᠬᠤ ᠮᠠᠱᠢᠨ᠎ᠢᠶᠠᠨ ᠬᠤᠯᠠ ᠥᠢᠷ᠎ᠠ᠎ᠶ᠋ᠢᠨ ᠮᠠᠯᠴᠢᠨ ᠲᠥᠮᠡᠨ᠎ᠳᠤ ᠪᠤᠷᠤᠯᠠᠭᠤᠯᠵᠤ ᠪᠤᠢ᠃ ᠤᠳᠤ ᠲᠡᠭᠦᠨ᠎ᠤ ᠵᠤᠬᠢᠶᠠᠭ᠍ᠰᠠᠨ ᠤᠶᠤᠨᠳᠤ ᠮᠠᠯ ᠤᠰᠤᠯᠠᠬᠤ ᠮᠠᠱᠢᠨ᠎ᠨᠢ ᠬᠡᠷᠡᠭ᠌ᠯᠡᠭᠦ᠎ᠳᠤ ᠲᠥᠭᠦᠮ᠂ ᠴᠠᠬᠢᠯᠭᠠᠨ᠎ᠳᠤ ᠠᠷᠪᠢᠳᠠᠢ᠂ ᠴᠢᠳᠠᠯ ᠶᠡᠬᠡᠳᠠᠢ ᠵᠡᠷᠬᠡ ᠤᠨᠴᠠᠯᠢᠭ᠎ᠢᠶᠠᠷ᠎ᠢᠶᠠᠨ ᠮᠠᠯᠴᠢᠨ ᠲᠥᠮᠡᠨ᠎ᠳᠤ ᠲᠠᠭᠠᠱᠢᠶᠠᠭ᠍ᠳᠠᠵᠤ᠂ ᠠᠯᠠᠱᠠ ᠪᠠᠷᠠᠭᠤᠨ ᠬᠤᠱᠢᠭᠤ ᠪᠤᠯᠤᠨ ᠠᠯᠠᠱᠠ ᠵᠡᠭᠦᠨ ᠬᠤᠱᠢᠭᠤᠨ᠎ᠤ 70 ᠭᠠᠷᠤᠢ ᠮᠠᠯᠴᠢᠨ ᠡᠷᠤᠬᠡ ᠲᠡᠭᠦᠨ᠎ᠤ ᠵᠤᠬᠢᠶᠠᠭ᠍ᠰᠠᠨ ᠮᠠᠯ ᠤᠰᠤᠯᠠᠬᠤ ᠮᠠᠱᠢᠨ᠎ᠢ ᠬᠡᠷᠡᠭ᠌ᠯᠡᠵᠤ ᠪᠠᠢᠨ᠎ᠠ᠃

《ᠮᠠᠨ᠎ᠤ ᠮᠠᠯᠵᠢᠬᠤ ᠤᠷᠤᠨ᠎ᠳᠤ 4G ᠲᠤᠬᠢᠶ᠎ᠠ ᠤᠷᠤᠵᠤ ᠢᠷᠡᠭ᠌ᠰᠡᠨ᠎ᠠᠴᠠ ᠬᠤᠢᠰᠢ ᠤᠶᠤᠨᠳᠤ ᠮᠠᠯ ᠤᠰᠤᠯᠠᠬᠤ ᠮᠠᠱᠢᠨ᠎ᠢ ᠰᠤᠳᠤᠯᠤᠨ ᠡᠭᠦᠳᠭᠦ᠌ ᠰᠠᠨᠠᠭ᠎ᠠ ᠤᠷᠤᠭ᠍ᠰᠠᠨ ᠶᠤᠮ᠃ ᠰᠥᠯᠵᠢᠶᠡᠨ ᠲᠡᠬᠡᠷ᠎ᠡ ᠤᠯᠠᠨ ᠶᠠᠭᠤᠮ᠎ᠠ᠎ᠶ᠋ᠢ ᠠᠯᠤᠰ ᠡᠵᠡᠮᠳᠡᠭᠦᠷ᠎ᠢᠶᠠᠷ ᠡᠵᠡᠮᠳᠡᠬᠡᠳ ᠪᠠᠢᠨ᠎ᠠ᠃ ᠲᠡᠭᠦᠨ᠎ᠢ ᠥᠬᠡᠷᠡᠴᠢᠯᠡᠨ ᠮᠠᠯ ᠤᠰᠤᠯᠠᠬᠤ ᠮᠠᠱᠢᠨ᠎ᠢ ᠡᠵᠡᠮᠳᠡᠭᠦ᠎ᠪᠠᠷ ᠬᠡᠳᠤᠨ ᠵᠢᠯ ᠴᠢᠷᠮᠠᠢᠯ᠎ᠠ᠃ ᠴᠠᠬᠢᠯᠭᠠᠨ ᠬᠥᠶᠤᠳᠡᠯ᠎ᠢ ᠥᠬᠡᠷᠡᠴᠢᠯᠡᠭᠦ᠌᠂ ᠠᠥ᠋ᠲ᠋ᠤᠴᠢᠯᠠᠯᠳᠠ᠎ᠶ᠋ᠢ ᠥᠬᠡᠷᠡᠴᠢᠯᠡᠭᠦ᠌᠂ ᠬᠥᠴᠤᠳᠠᠯ ᠥᠬᠡᠷᠡᠴᠢᠯᠡᠭ᠌ᠴᠢ᠎ᠶ᠋ᠢ ᠥᠬᠡᠷᠡᠴᠢᠯᠡᠭᠦ᠌ ᠵᠡᠷᠬᠡ ᠲᠠᠯ᠎ᠠ᠎ᠪᠠᠷ ᠰᠤᠳᠤᠯᠤᠨ ᠥᠬᠡᠷᠡᠴᠢᠯᠡᠵᠤ ᠪᠠᠢᠭᠠᠳ ᠮᠠᠨ᠎ᠤ ᠨᠤᠳᠤᠭ᠎ᠲᠤ ᠲᠤᠬᠢᠷᠠᠳᠠᠭ ᠮᠥᠷᠳᠡᠭᠡᠨ ᠡᠵᠡᠮᠳᠡᠵᠤ ᠤᠷᠤᠯᠳᠤᠬᠤ᠎ᠳᠤ ᠬᠢᠯᠪᠠᠷ ᠮᠠᠯ ᠤᠰᠤᠯᠠᠬᠤ ᠲᠥᠭᠦᠮ ᠮᠠᠱᠢᠨ᠎ᠢ ᠵᠤᠬᠢᠶᠠᠵᠤ ᠭᠠᠷᠭᠠᠯ᠎ᠠ》 ᠬᠡᠮᠡᠨ ᠭᠠᠩᠳᠠᠮᠤᠷ ᠪᠠᠶᠠᠷᠳᠠᠢᠬᠠᠨ ᠶᠠᠷᠢᠪᠠ᠃ ᠭᠠᠩᠳᠠᠮᠤᠷ ᠤᠶᠤᠨᠳᠤ ᠮᠠᠯ ᠤᠰᠤᠯᠠᠬᠤ ᠮᠠᠱᠢᠨ ᠵᠤᠬᠢᠶᠠᠵᠤ ᠤᠯᠤᠰ᠎ᠤᠨ ᠲᠤᠰᠭᠠᠢ ᠠᠱᠢᠭ᠎ᠤᠨ ᠡᠷᠭᠡ ᠤᠯᠤᠭ᠍ᠰᠠᠨ᠎ᠤ ᠲᠠᠷᠠᠭ᠎ᠠ ᠱᠢᠨᠵᠢᠶᠠᠩ᠂ ᠱᠢᠯᠢ᠎ᠶ᠋ᠢᠨ ᠭᠤᠤᠯ ᠵᠡᠷᠬᠡ ᠭᠠᠵᠠᠷ ᠤᠷᠤᠨ᠎ᠤ ᠮᠠᠯᠴᠢᠳ᠎ᠤᠨ ᠵᠠᠬᠢᠶᠠᠯᠠᠭ᠎ᠠ᠎ᠶ᠋ᠢ ᠲᠤᠰᠴᠤ᠌᠂ ᠮᠠᠯᠵᠢᠬᠤ ᠤᠷᠤᠨ᠎ᠤ ᠤᠯᠠᠮᠵᠢᠯᠠᠯᠳᠤ ᠮᠠᠶᠢᠭ᠎ᠢᠶᠠᠷ ᠲᠡᠮᠡᠭᠡ ᠮᠠᠯ᠎ᠢᠶᠠᠨ ᠤᠰᠤᠯᠠᠬᠤ ᠪᠠᠢᠳᠠᠯ᠎ᠢ ᠥᠬᠡᠷᠡᠴᠢᠯᠡᠨ ᠬᠥᠴᠤ᠌ ᠠᠷᠪᠢᠯᠠᠬᠤ᠂ ᠮᠥᠩᠭᠦ᠌ ᠠᠷᠪᠢᠯᠠᠬᠤ ᠮᠥᠷᠳᠡᠭᠡᠨ ᠴᠠᠭ᠎ᠢ ᠠᠷᠪᠢᠯᠠᠬᠤ ᠤᠶᠤᠨᠳᠤ ᠲᠤᠨᠤᠭ᠎ᠢ ᠵᠤᠬᠢᠶᠠᠵᠤ ᠮᠠᠯ ᠠᠵᠤ ᠠᠬᠤᠢ᠎ᠶ᠋ᠢᠨ ᠬᠥᠭ᠌ᠵᠢᠯᠳᠡ᠎ᠶ᠋ᠢ ᠠᠬᠢᠭᠤᠯᠬᠤ᠂ ᠬᠥᠳᠡᠭᠡ ᠲᠤᠰᠭᠤᠨ᠎ᠢ ᠬᠥᠭ᠌ᠵᠢᠭᠦᠯᠤᠨ ᠮᠠᠨᠳᠤᠭᠤᠯᠬᠤ᠎ᠳᠤ ᠬᠥᠴᠤ᠎ᠪᠠᠨ ᠡᠷᠭᠦᠭ᠌ᠰᠡᠨ ᠪᠠᠢᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号