ᠡᠮᠳᠤ᠎ᠶ᠋ᠢᠨ ᠭᠤᠤᠯ᠎ᠤᠨ ᠲᠡᠨᠵᠢᠨ᠎ᠳᠤ ᠲᠡᠯᠬᠡᠷᠡᠭ᠌ᠰᠡᠨ ᠪᠦᠯᠬᠦᠮᠳᠠᠯ᠎ᠤᠨ ᠴᠡᠴᠡᠭ
2021-10-09 10:51:39
ᠵᠣᠬᠢᠶᠠᠭ᠍ᠴᠢ᠄
ᠬᠡᠱᠢᠭ᠌ᠪᠦᠶᠠᠨ
ᠣᠩᠱᠢᠭ᠍ᠰᠠᠨ ᠣᠳᠠᠭ᠎ᠠ᠄
★★★☆☆

ᠥᠨᠳᠥᠷ ᠰᠦᠷᠯᠢᠭ ᠬᠢᠩᠭᠠᠨ ᠳᠠᠪᠠᠭ᠎ᠠ᠎ᠶ᠋ᠢᠨ ᠬᠤᠷᠮᠣᠶ᠎ᠳᠤ᠂ ᠬᠤᠯᠠ ᠣᠢᠷ᠎ᠠ᠎ᠳᠤ ᠠᠯᠳᠠᠷᠱᠢᠭ᠍ᠰᠠᠨ 《ᠣᠳᠣᠨ ᠲᠡᠰ》 ᠎ᠤᠨ ᠲᠣᠰᠭᠤᠨ ᠪᠤᠯᠬᠤ ᠬᠤᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠤ ᠪᠠᠶᠠᠬᠤᠪᠣᠭ᠎ᠠ ᠭᠠᠴᠠᠭ᠎ᠠ᠎ᠳᠤ ᠬᠢᠲᠠᠳ᠂ ᠮᠣᠩᠭᠤᠯ᠂ ᠣᠷᠣᠰ᠂ ᠮᠠᠨᠵᠤ᠂ ᠳ᠋ᠠᠶ ᠦᠨᠳᠦᠰᠦᠲᠡᠨ ᠵᠡᠷᠭᠡ 5 ᠦᠨᠳᠦᠰᠦᠲᠡᠨ ᠲᠥᠪᠯᠡᠷᠡᠨ ᠰᠠᠭᠤᠷᠢᠱᠢᠵᠦ᠍ ᠠᠮᠢᠳᠤᠷᠠᠵᠦ᠍ ᠪᠠᠢᠳᠠᠬ᠃ ᠪᠠᠶᠠᠬᠤᠪᠤᠭ᠎ᠠ ᠭᠠᠴᠠᠭ᠎ᠠ ᠢᠮᠠᠭ᠍ᠲᠠ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠪᠠᠷ ᠭᠤᠣᠯ ᠱᠢᠵᠢᠮ ᠪᠤᠯᠭᠠᠵᠤ᠂ ᠡᠯ᠎ᠡ ᠦᠨᠳᠦᠰᠦᠲᠡᠨ᠎ᠤ ᠪᠦᠯᠬᠦᠮᠳᠠᠯ ᠨᠢᠬ᠍ᠳᠠᠷᠠᠯ᠎ᠢ ᠠᠬᠢᠭᠤᠯᠵᠤ ᠪᠠᠢᠭ᠎ᠠ᠎ᠨᠢ ᠮᠠᠬ᠍ᠳᠠᠭᠤᠱᠢᠳᠠᠢ!

ᠥᠷᠯᠥᠭᠡ ᠡᠷᠲᠡ 66 ᠨᠠᠰᠤᠲᠠᠶ ᠬᠢᠲᠠᠳ ᠨᠠᠰᠤᠳᠠᠨ ᠸᠠᠩ ᠱᠦ᠍ ᠴᠦᠨ ᠮᠣᠩᠭᠤᠯ ᠲᠡᠷᠯᠢᠭ ᠬᠡᠳᠦᠷᠴᠤ᠌᠂ ᠬᠥᠬᠡ ᠵᠢᠷᠤᠭᠠᠰᠤ᠎ᠲᠠᠢ ᠪᠦᠰᠡ ᠪᠦᠰᠡᠯᠡᠵᠦ᠍᠂ ᠪᠠᠶᠠᠰᠭᠤᠯᠠᠩᠲᠤ ᠳᠥᠷᠪᠡᠨ ᠤᠲᠠᠰᠤᠲᠤ ᠬᠤᠭᠤᠷ᠎ᠤᠨ ᠬᠥᠭ᠌ᠵᠢᠮ᠎ᠤᠨ ᠠᠶ᠎ᠠ᠎ᠶ᠋ᠢ ᠲᠠᠭᠠᠵᠦ᠍᠂ ᠰᠣᠶᠣᠯ᠎ᠤᠨ ᠠᠭᠤᠳᠠᠮ ᠲᠠᠯᠠᠪᠠᠶ᠎ᠳᠤ 20 ᠭᠠᠷᠤᠶ ᠲᠣᠰᠭᠤᠨ᠎ᠤ ᠠᠷᠠᠳ᠎ᠲᠠᠢ ᠬᠠᠮᠳᠤ ᠠᠨᠳᠠᠶ ᠪᠥᠵᠢᠭ ᠪᠥᠵᠢᠭ᠌ᠯᠡᠨ᠎ᠠ᠃

ᠸᠡᠩ ᠨᠠᠰᠤᠳᠠᠨ᠄ 《ᠪᠢ ᠬᠢᠲᠠᠳ ᠦᠨᠳᠦᠰᠦᠲᠡᠨ ᠪᠣᠯᠪᠠᠴᠤ᠌ ᠲᠠᠪᠤ ᠵᠢᠷᠭᠤᠭᠠᠨ ᠮᠣᠩᠭᠤᠯ ᠪᠥᠵᠢᠭ ᠪᠥᠵᠢᠭ᠌ᠯᠡᠵᠦ᠍ ᠴᠢᠳᠠᠨ᠎ᠠ᠃ ᠪᠠᠶᠠᠬᠤᠪᠤᠭ᠎ᠠ ᠭᠠᠴᠠᠭ᠎ᠠ᠎ᠳᠤ᠂ ᠡᠮᠡᠭ᠌ᠲᠡᠢᠴᠦᠳ ᠡᠳᠦᠷ ᠪᠦᠷᠢ ᠰᠣᠶᠣᠯ᠎ᠤᠨ ᠠᠭᠤᠳᠠᠮ ᠲᠠᠯᠠᠪᠠᠢ᠎ᠳᠤ ᠴᠤᠭ᠍ᠯᠠᠷᠠᠵᠤ᠂ ᠬᠢᠲᠠᠳ ᠦᠨᠳᠦᠰᠦᠲᠡᠨ ᠮᠣᠩᠭᠤᠯ ᠦᠨᠳᠦᠰᠦᠲᠡᠨ᠎ᠳᠤ ᠶᠠᠩᠭᠠᠷ ᠪᠥᠵᠢᠭ ᠵᠢᠭᠠᠵᠤ᠂ ᠮᠣᠩᠭᠤᠯ ᠦᠨᠳᠦᠰᠦᠲᠡᠨ ᠬᠢᠲᠠᠳ ᠦᠨᠳᠦᠰᠦᠲᠡᠨ᠎ᠳᠤ ᠠᠨᠳᠠᠢ ᠪᠥᠵᠢᠭ ᠵᠢᠭᠠᠨ ᠬᠠᠮᠳᠤ᠎ᠪᠠᠷ ᠪᠥᠵᠢᠭ᠌ᠯᠡᠳᠡᠭ》 ᠭᠡᠵᠤ ᠪᠠᠶᠠᠷᠳᠠᠢᠬᠠᠨ ᠶᠠᠷᠢᠨ᠎ᠠ᠃

ᠭᠠᠴᠠᠭᠠᠨ᠎ᠤ ᠨᠠᠮ᠎ᠤᠨ ᠡᠬᠦᠷ᠎ᠤᠨ ᠱᠦᠵᠢ ᠵᠠᠩ ᠵᠢᠶᠦ᠋ᠨ᠄ 《ᠮᠠᠨ᠎ᠤ ᠭᠠᠴᠠᠭᠠᠨ᠎ᠳᠤ ᠡᠨᠡ ᠬᠦ᠌ 1000 ᠲᠡᠭ᠌ᠰᠢ ᠳᠥᠷᠪᠡᠯᠵᠢᠨ ᠮᠧᠲᠷ ᠲᠠᠯᠠᠪᠠᠢ᠎ᠲᠠᠢ ᠰᠣᠶᠣᠯ᠎ᠤᠨ ᠠᠭᠤᠳᠠᠮ ᠲᠠᠯᠠᠪᠠᠶ ᠪᠤᠯ ᠬᠠᠮᠤᠭ᠎ᠤᠨ ᠬᠥᠭ᠌ᠵᠢᠶᠡᠨᠲᠡᠶ ᠭᠠᠵᠠᠷ ᠪᠤᠯᠬᠤ ᠶᠤᠮ᠂ ᠲᠣᠰᠭᠤᠨ᠎ᠤ ᠠᠷᠠᠳ᠎ᠤᠨ ᠰᠣᠶᠣᠯ᠎ᠤᠨ ᠨᠠᠢᠷ᠂ ᠰᠣᠨᠢᠷᠬᠠᠯᠲᠤ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠵᠡᠷᠭᠡ ᠠᠵᠢᠯᠯᠠᠭ᠎ᠠ ᠥᠷᠨᠢᠭᠦᠯᠬᠦ᠌ ᠬᠠᠮᠤᠭ᠎ᠤᠨ ᠭᠤᠤᠯ ᠲᠠᠯᠠᠪᠤᠷ ᠪᠣᠯᠤᠨ᠎ᠠ᠂ ᠦᠨᠳᠦᠰᠦᠲᠡᠨ᠎ᠨᠦᠭᠦᠳ᠎ᠤᠨ ᠶᠠᠪᠤᠯᠴᠠᠭ᠎ᠠ᠂ ᠰᠣᠯᠢᠯᠴᠠᠭ᠎ᠠ᠂ ᠠᠭᠤᠰᠤᠯᠴᠠᠯ᠎ᠤᠨ ᠲᠣᠮᠣ 〈ᠵᠣᠴᠢᠨ᠎ᠤ ᠥᠷᠥᠭᠡ〉 ᠪᠤᠯᠵᠠᠢ》 ᠬᠡᠵᠦ᠍ ᠬᠡᠯᠡᠨ᠎ᠠ᠃

ᠣᠷᠳᠣ ᠬᠤᠭᠤᠴᠠᠭᠠᠨ᠎ᠤ ᠲᠤᠷᠰᠢ᠂ ᠭᠠᠴᠠᠭᠠᠨ᠎ᠤ᠎ᠬᠢᠨ ᠦᠨᠳᠦᠰᠦᠲᠡᠨ᠎ᠤ ᠪᠦᠯᠬᠦᠮᠳᠡᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠨ᠂ ᠠᠳᠠᠯᠢ ᠪᠤᠰᠤ ᠦᠨᠳᠦᠰᠦᠲᠡᠨ᠎ᠤ ᠺᠠᠳ᠋ᠷ ᠤᠯᠠᠨ ᠲᠦᠮᠡᠨ᠎ᠤ ᠬᠤᠭᠤᠷᠣᠨᠳᠣ ᠵᠢᠭᠠᠰᠤ ᠤᠰᠤᠨ᠎ᠤ ᠪᠠᠷᠢᠯᠳᠤᠯᠭ᠎ᠠ᠂ ᠵᠢᠷᠭᠠᠯ ᠵᠣᠪᠠᠯᠠᠩ᠎ᠢᠶᠠᠨ ᠬᠠᠮᠲᠤᠤᠡᠬᠠᠭ᠍ᠰᠠᠨ ᠭᠦᠨ ᠵᠤᠵᠠᠭᠠᠨ ᠨᠥᠬᠦᠷᠯᠡᠯ᠎ᠢ ᠪᠠᠢᠭᠤᠯᠵᠤ᠂ ᠬᠠᠮᠲᠤ᠎ᠪᠠᠷ ᠲᠠᠪᠱᠢᠬᠤ᠂ ᠬᠠᠷᠢᠯᠴᠠᠨ ᠬᠠᠪᠰᠤᠷᠤᠯᠴᠠᠬᠤ᠂ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠪᠦᠯᠬᠦᠮᠳᠡᠯ᠎ᠢ ᠬᠠᠮᠠᠭᠠᠯᠠᠬᠤ᠂ ᠦᠨᠳᠦᠰᠦᠲᠡᠨ᠎ᠤ ᠶᠡᠭᠡ ᠭᠡᠷ ᠪᠦᠯᠢ᠎ᠶ᠋ᠢᠨ ᠡᠶ᠎ᠡ ᠵᠣᠬᠢᠴᠠᠯ᠎ᠢ ᠬᠠᠮᠠᠭᠠᠯᠠᠬᠤ ᠱᠢᠯᠢᠳᠡᠭ ᠤᠯᠠᠮᠵᠢᠯᠠᠯ᠎ᠢ ᠪᠤᠢ ᠪᠣᠯᠭᠠᠵᠤ᠂ ᠭᠠᠴᠠᠭᠠᠨ᠎ᠤ ᠬᠥᠮᠦᠨ ᠪᠦᠬᠦᠨ ᠴᠥᠮ ᠦᠨᠳᠦᠰᠦᠲᠡᠨ᠎ᠤ ᠪᠦᠯᠬᠦᠮᠳᠡᠯ᠎ᠤᠨ  ᠦᠢᠯᠡᠳᠣᠯᠭᠡᠵᠢᠭᠦᠯᠦᠭ᠌ᠴᠢ᠂ ᠬᠠᠮᠠᠭᠠᠯᠠᠭ᠍ᠴᠢ ᠪᠤᠯᠤᠯ᠎ᠡ᠃ ᠭᠠᠴᠠᠭ᠎ᠠ᠎ᠨᠢ ᠤᠷᠢᠳ ᠬᠤᠵᠢᠳ 《ᠪᠥᠬᠦ᠌ ᠤᠯᠤᠰ᠎ᠤᠨ ᠪᠣᠯᠪᠠᠰᠤᠨ ᠲᠣᠰᠭᠤᠨ》᠂ 《ᠪᠥᠬᠦ᠌ ᠤᠯᠤᠰ᠎ᠤᠨ ᠠᠩᠬᠠᠳᠤᠭᠠᠷ ᠬᠤᠭᠤᠴᠠᠭᠠᠨ᠎ᠤ 100 ᠣᠨᠴᠠᠯᠢᠭ᠍ᠲᠤ ᠲᠣᠰᠭᠤᠨ》᠂ 《ᠬᠢᠩᠭᠠᠨ ᠠᠢᠮᠠᠭ᠎ᠤᠨ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠲᠣᠰᠭᠤᠨ》 ᠎ᠤ ᠢᠷᠠᠭᠤ ᠠᠯᠳᠡᠷ᠎ᠢ ᠬᠦᠷᠳᠡᠵᠦ᠍᠂ 2019 ᠣᠨ᠎ᠤ 《ᠪᠥᠬᠦ᠌ ᠤᠯᠤᠰ᠎ᠤᠨ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶᠡᠴᠢ ᠬᠠᠮᠲᠤ ᠨᠢᠬᠡᠴᠢ》 ᠎ᠪᠠᠷ ᠦᠨᠡᠯᠡᠭ᠌ᠳᠡᠪᠡ᠃

ᠪᠠᠶᠠᠬᠤᠪᠣᠭ᠎ᠠ ᠭᠠᠴᠠᠭ᠎ᠠ ᠪᠣᠯ ᠣᠯᠠᠨ ᠦᠨᠳᠦᠰᠦᠲᠡᠨ ᠲᠥᠪᠯᠡᠷᠡᠨ ᠰᠠᠭᠤᠷᠢᠱᠢᠭ᠍ᠰᠠᠨ ᠨᠡᠢᠲᠡᠯᠢᠭ ᠲᠣᠰᠭᠤᠨ ᠪᠣᠯᠤᠨ᠎ᠠ᠂ ᠠᠩᠬ᠎ᠠ ᠡᠬᠢᠨ᠎ᠳᠡᠭᠡᠨ ᠰᠠᠭᠤᠭᠠᠯᠢ ᠠᠷᠠᠳ᠎ᠨᠢ ᠮᠣᠩᠭᠤᠯ ᠦᠨᠳᠦᠰᠦᠲᠡᠨ ᠪᠠ ᠬᠢᠲᠠᠳ ᠦᠨᠳᠦᠰᠦᠲᠡᠨ᠎ᠢᠶᠠᠷ ᠭᠤᠤᠯᠯᠠᠵᠤ ᠪᠠᠢᠭ᠍ᠰᠠᠨ᠎ᠢᠶᠠᠨ ᠰᠡᠭᠦᠯᠡᠷ᠎ᠨᠢ ᠣᠷᠣᠰ᠂ ᠮᠠᠨᠵᠤ᠂ ᠳ᠋ᠠᠶ ᠵᠡᠷᠭᠡ ᠦᠨᠳᠦᠰᠦᠲᠡᠨ ᠨᠡᠮᠡᠭ᠌ᠳᠡᠵᠦ᠍᠂ ᠣᠲᠣ ᠨᠢᠭᠡᠨᠲᠡ 326 ᠡᠷᠦᠬᠡ᠂ 1036 ᠬᠥᠮᠦᠨ ᠠᠮᠠ᠎ᠲᠠᠢ ᠭᠠᠴᠠᠭ᠎ᠠ ᠪᠣᠯᠵᠠᠶ᠃ ᠡᠭᠦᠨ᠎ᠳᠤ᠂ ᠮᠣᠩᠭᠤᠯ ᠦᠨᠳᠦᠰᠦᠲᠡᠨ 50% ᠎ᠶ᠋ᠢ ᠡᠵᠡᠯᠡᠵᠦ᠍ ᠪᠤᠢ᠃

ᠭᠠᠴᠠᠭᠠᠨ᠎ᠤ ᠨᠠᠮ᠎ᠤᠨ ᠡᠭᠦᠷ ᠴᠥᠭᠡᠨ ᠲᠣᠭᠠᠲᠤ ᠦᠨᠳᠦᠰᠦᠲᠡᠨ᠎ᠤ ᠪᠡᠯᠡᠳᠭᠡᠯ ᠺᠠᠳ᠋ᠷ᠎ᠢ ᠬᠥᠮᠦᠵᠢᠭᠦᠯᠬᠦ᠌᠎ᠶ᠋ᠢ ᠴᠢᠬᠤᠯᠠᠴᠢᠯᠠᠵᠤ᠂ ᠣᠳᠣ ᠭᠠᠴᠠᠭᠠᠨ᠎ᠤ ᠨᠠᠮ᠎ᠤᠨ ᠡᠬᠦᠷ ᠭᠠᠴᠠᠭᠠᠨ᠎ᠤ ᠵᠥᠪᠯᠡᠯ᠎ᠤᠨ 5 ᠭᠡᠱᠢᠭᠦᠨ᠎ᠤ ᠳᠣᠲᠣᠷ᠎ᠠ 3 ᠴᠥᠭᠡᠨ ᠲᠣᠭᠠᠲᠤ ᠦᠨᠳᠦᠰᠦᠲᠡᠨ ᠪᠣᠢ᠃ ᠭᠠᠴᠠᠭᠠᠨ᠎ᠤ ᠱᠦᠵᠢ᠂ ᠲᠣᠰᠭᠤᠨ᠎ᠳᠤ ᠰᠠᠭᠤᠭ᠎ᠠ ᠨᠢᠭᠡᠳᠦᠭᠡᠷ ᠱᠦᠵᠢ ᠤᠳᠤᠷᠢᠤᠡᠬᠤ ᠪᠠᠭ᠎ᠤᠨ ᠭᠡᠱᠢᠬᠦᠳ᠎ᠢᠶᠠᠨ ᠳᠠᠭᠠᠭᠤᠯᠤᠨ ᠦᠷᠭᠦᠯᠵᠢ ᠲᠣᠰᠭᠤᠨ᠎ᠤ ᠠᠷᠠᠳ᠎ᠲᠠᠢ ᠬᠠᠮᠲᠤ ᠬᠥᠳᠡᠯᠮᠦᠷᠢᠯᠡᠵᠦ᠍᠂ ᠬᠠᠮᠲᠤ᠎ᠪᠠᠷ ᠰᠣᠶᠣᠯ ᠪᠡᠶ᠎ᠠ᠎ᠶ᠋ᠢᠨ ᠲᠠᠮᠢᠷ᠎ᠤᠨ ᠠᠵᠢᠯᠯᠠᠭ᠎ᠠ᠎ᠳᠤ ᠣᠷᠣᠯᠴᠠᠵᠤ᠂ ᠮᠣᠩᠭᠤᠯ ᠬᠢᠲᠠᠳ ᠬᠤᠤᠰ ᠬᠡᠯᠡ᠎ᠪᠠᠷ ᠨᠠᠮ᠎ᠤᠨ ᠡᠯ᠎ᠡ ᠲᠦᠷᠦᠯ᠎ᠤᠨ ᠴᠢᠭ᠌ᠯᠡᠯᠲᠡ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠵᠤ᠂ ᠣᠯᠠᠨ ᠲᠦᠮᠡᠨ᠎ᠲᠠᠢ ᠬᠠᠮᠲᠤ᠎ᠪᠠᠷ ᠪᠠᠶᠠᠵᠢᠯ᠎ᠤᠨ ᠵᠠᠮ᠎ᠢᠶᠠᠷ ᠵᠠᠮᠨᠠᠵᠤ᠂ ᠣᠯᠠᠨ ᠲᠦᠮᠡᠨ᠎ᠤ ᠬᠦᠰᠡᠯ ᠱᠠᠭᠠᠷᠳᠠᠯᠭ᠎ᠠ᠎ᠶ᠋ᠢ ᠰᠣᠨᠣᠰᠴᠤ᠌᠂ ᠣᠯᠠᠨ ᠲᠦᠮᠡᠨ᠎ᠤ ᠲᠤᠰᠭᠠᠭ᠍ᠰᠠᠨ ᠠᠰᠠᠭᠤᠳᠠᠯ᠎ᠢ ᠴᠤᠭ᠍ᠯᠠᠭᠤᠯᠤᠨ ᠡᠮᠬᠢᠯᠡᠵᠦ᠍᠂ ᠶᠠᠪᠤᠳᠠᠯ ᠪᠣᠯᠭᠠᠨ᠎ᠢ ᠬᠠᠮᠢᠶᠠᠷᠬᠤ ᠬᠥᠮᠦᠨ᠎ᠲᠠᠢ᠂ ᠶᠠᠪᠤᠳᠠᠯ ᠪᠣᠯᠭᠠᠨ᠎ᠢ ᠨᠠᠢᠳᠠᠪᠤᠷᠢᠵᠢᠭᠤᠯᠬᠤ᠎ᠶ᠋ᠢ ᠪᠡᠶᠡᠯᠡᠭᠦᠯᠵᠠᠢ᠃

ᠠᠵᠤ ᠦᠢᠯᠡᠰ᠎ᠤᠨ ᠰᠠᠭᠤᠷᠢ᠂ ᠡᠬᠢ ᠪᠠᠶᠠᠯᠢᠭ᠎ᠤᠨ ᠳᠠᠪᠠᠭᠤᠯᠢᠭ ᠪᠠ ᠣᠷᠣᠨ ᠪᠠᠢᠷᠢ᠎ᠶ᠋ᠢᠨ ᠳᠠᠪᠠᠭᠤᠯᠢᠭ᠎ᠲᠠᠢ ᠤᠶᠠᠯᠳᠤᠭᠤᠯᠤᠨ᠂ ᠪᠠᠶᠠᠬᠤᠪᠣᠭ᠎ᠠ ᠭᠠᠴᠠᠭ᠎ᠠ᠎ᠨᠢ ᠬᠥᠳᠡᠭᠡ ᠲᠣᠰᠭᠤᠨ᠎ᠤ ᠵᠢᠭᠤᠯᠴᠢᠯᠠᠯ᠎ᠢ ᠶᠡᠭᠡ᠎ᠪᠠᠷ ᠬᠥᠭ᠌ᠵᠢᠭᠦᠯᠵᠦ᠍᠂ ᠦᠢᠯᠡᠳᠪᠦᠷᠢᠯᠡᠯ᠂ ᠵᠢᠭᠤᠯᠴᠢᠯᠠᠯ᠂ ᠰᠡᠯᠡᠭᠦᠴᠡᠯ᠂ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠂ ᠰᠤᠷᠭᠠᠨ ᠬᠥᠮᠦᠵᠢᠯ᠎ᠢ ᠨᠢᠭᠡ ᠴᠣᠭ᠍ᠴᠠᠵᠢᠭᠤᠯᠤᠭ᠍ᠰᠠᠨ ᠠᠮᠢ ᠠᠬᠤᠢ᠎ᠶ᠋ᠢᠨ ᠬᠡᠯᠪᠡᠷᠢ᠎ᠶ᠋ᠢᠨ ᠵᠢᠭᠤᠯᠴᠢᠯᠠᠯ ᠠᠮᠠᠷᠠᠯᠲᠠ᠎ᠶ᠋ᠢᠨ ᠲᠣᠰᠭᠤᠨ᠎ᠢ ᠪᠠᠢᠭᠤᠯᠪᠠ᠃ ᠣᠳᠣᠬᠠᠨ᠎ᠳᠤ᠂ ᠠᠮᠠᠷᠠᠯᠲᠠ᠎ᠶ᠋ᠢᠨ ᠲᠣᠰᠭᠤᠨ᠎ᠨᠢ ᠨᠢᠭᠡᠨᠲᠡ ᠠᠷᠠᠳ᠎ᠤᠨ ᠵᠠᠩ  ᠦᠢᠯᠡ᠎ᠶ᠋ᠢᠨ ᠣᠷᠳᠣᠨ᠂ ᠣᠪᠣᠭᠠᠨ ᠰᠣᠶᠣᠯ᠎ᠤᠨ ᠲᠣᠭᠤᠷᠢᠭ᠂ ᠴᠡᠴᠡᠭ᠎ᠤᠨ ᠲᠡᠯᠡᠶ᠎ᠪᠠᠷ ᠵᠢᠭᠤᠯᠴᠢᠯᠠᠬᠤ ᠲᠣᠭᠤᠷᠢᠭ᠂ ᠬᠡᠦᠬᠡᠳ᠎ᠤᠨ ᠴᠡᠩᠭᠡᠯ᠎ᠤᠨ ᠬᠦᠷᠢᠶᠡᠯᠡᠩ ᠲᠣᠭᠤᠷᠢᠭ᠂ ᠵᠢᠮᠢᠰ ᠨᠤᠭᠤᠭ᠎ᠠ ᠲᠡᠭᠦᠬᠦ᠌ ᠲᠣᠭᠤᠷᠢᠭ᠂ ᠬᠡᠭᠡᠷ᠎ᠡ᠎ᠶ᠋ᠢᠨ ᠠᠮᠢᠲᠠᠨ᠎ᠤ ᠦᠵᠡᠮᠦᠷᠢ᠎ᠶ᠋ᠢᠨ ᠲᠣᠭᠤᠷᠢᠭ᠂ ᠡᠪᠡᠰᠦᠨ᠎ᠳᠤ ᠭᠤᠯᠭᠤᠬᠤ ᠪᠡᠶᠡᠴᠢᠯᠡᠨ ᠣᠢᠯᠠᠭᠠᠬᠤ ᠲᠣᠭᠤᠷᠢᠭ᠂ ᠬᠥᠪᠪᠥᠮᠡᠯ ᠲᠣᠭᠤᠷᠢᠭ᠂ ᠤᠮᠪᠠᠯᠲᠠ᠎ᠶ᠋ᠢᠨ ᠲᠣᠭᠤᠷᠢᠭ᠂ ᠪᠣᠬᠢᠷᠲᠤᠯ ᠥᠬᠡᠶ ᠣᠷᠭᠠᠨᠢᠭ ᠰᠠᠭᠤᠷᠢᠨ᠂ ᠤᠨᠴᠠᠯᠢᠭ᠍ᠳᠤ ᠠᠮᠲᠠᠲᠤ ᠢᠳᠡᠭᠡᠨ᠎ᠤ ᠲᠣᠭᠤᠷᠢᠭ᠂ ᠠᠷᠠᠳ᠎ᠤᠨ ᠰᠠᠭᠤᠴᠠ᠎ᠶ᠋ᠢᠨ ᠲᠣᠭᠤᠷᠢᠭ ᠵᠡᠷᠭᠡ ᠣᠯᠠᠨ ᠴᠢᠳᠠᠮᠵᠢᠲᠤ ᠲᠣᠭᠤᠷᠢᠭ᠎ᠢ ᠪᠠᠢᠭᠤᠯᠪᠠ᠃ 2019 ᠣᠨ᠎ᠳᠤ᠂ ᠠᠮᠠᠷᠠᠯᠲᠠ᠎ᠶ᠋ᠢᠨ ᠲᠣᠰᠭᠤᠨ᠎ᠤ ᠱᠢᠨ᠎ᠡ᠎ᠪᠠᠷ ᠪᠠᠢᠭᠤᠯᠤᠭ᠍ᠰᠠᠨ ᠵᠢᠭᠤᠯᠴᠢᠯᠠᠭ᠍ᠰᠠᠳ᠎ᠲᠤ ᠦᠢᠯᠡᠴᠢᠯᠡᠬᠦ᠌ ᠲᠥᠪ ᠪᠣᠯᠤᠨ ᠠᠮᠲᠠᠲᠤ ᠢᠳᠡᠭᠡᠨ᠎ᠤ ᠵᠡᠭᠡᠯᠢ ᠠᠱᠢᠬ᠍ᠯᠠᠯᠲᠠ᠎ᠳᠤ ᠣᠷᠣᠵᠤ᠂ ᠵᠢᠭᠤᠯᠴᠢᠯᠠᠭ᠍ᠰᠡᠳ᠎ᠲᠤ ᠳᠥᠭᠦᠮ ᠳᠥᠲᠡ ᠦᠢᠯᠡᠴᠢᠯᠡᠭᠡ ᠬᠠᠩᠭᠠᠬᠤ᠎ᠶ᠋ᠢᠨ ᠬᠠᠮᠲᠤ᠌᠂ ᠲᠤᠬᠠᠶ᠎ᠶ᠋ᠢᠨ ᠭᠠᠵᠠᠷ᠎ᠤᠨ ᠦᠨᠳᠦᠰᠦᠲᠡᠨ᠎ᠨᠦᠭᠦᠳ᠎ᠤᠨ ᠣᠯᠠᠨ ᠲᠦᠮᠡᠨ᠎ᠳᠤ ᠠᠵᠢᠯ ᠤᠯᠭᠤᠵᠦ᠍ ᠬᠡᠷ᠎ᠤᠨ ᠡᠭᠦᠳᠡᠨ᠎ᠳᠡᠭᠡᠨ ᠮᠠᠢᠮᠠᠢ ᠬᠢᠵᠦ᠍ ᠤᠷᠤᠯᠭ᠎ᠠ᠎ᠪᠠᠨ ᠨᠡᠮᠡᠭ᠌ᠳᠡᠬᠦᠯᠬᠦ᠌ ᠪᠤᠯᠭᠠᠵᠠᠢ᠃ ᠬᠢᠲᠠᠳ ᠦᠨᠳᠦᠰᠦᠲᠡᠨ᠎ᠤ ᠲᠠᠩ ᠸᠠᠨ ᠬᠤᠩ ᠵᠠᠢᠷᠮᠠᠭ ᠬᠤᠳᠠᠯᠳᠤᠵᠤ᠂ ᠮᠣᠩᠭᠤᠯ ᠦᠨᠳᠦᠰᠦᠲᠡᠨ᠎ᠤ ᠢᠦᠶ ᠷᠦᠩ ᠮᠣᠩᠭᠤᠯ ᠬᠠᠯᠠᠭᠤᠨ ᠲᠣᠭᠤᠭᠠᠨ᠎ᠤ ᠳᠡᠯᠭᠡᠭᠦᠷ ᠨᠡᠭᠡᠭᠡᠪᠡ᠃ ᠵᠠᠢᠷᠮᠠᠭ ᠬᠤᠳᠠᠯᠳᠤᠬᠤ᠂ ᠮᠣᠩᠭᠤᠯ ᠦᠨᠳᠦᠰᠦᠲᠡᠨ᠎ᠤ ᠤᠯᠠᠮᠵᠢᠯᠠᠯᠲᠤ ᠬᠠᠯᠠᠭᠤᠨ ᠲᠣᠭᠤᠭᠠᠨ᠎ᠤ ᠳᠡᠯᠭᠡᠭᠦᠷ ᠡᠷᠬᠢᠯᠡᠬᠦ᠂ ᠭᠦᠢᠵᠧᠦ᠎ᠶ᠋ᠢᠨ ᠣᠨᠴᠠ ᠭᠠᠷᠤᠯᠲᠠ᠎ᠶ᠋ᠢ ᠬᠤᠳᠠᠯᠳᠤᠬᠤ ᠵᠡᠷᠬᠡ᠎ᠪᠠᠷ ᠦᠨᠳᠦᠰᠦᠲᠡᠨ᠎ᠨᠦᠭᠦᠳ᠎ᠤᠨ ᠠᠷᠠᠳ ᠤᠯᠠᠨ ᠬᠠᠮᠲᠤᠷᠠᠯᠴᠠᠨ ᠡᠵᠡᠩᠨᠡᠵᠦ᠍᠂ 《ᠠᠮᠢ ᠠᠬᠤᠢ᠎ᠪᠠᠨ ᠲᠦᠱᠢᠭ᠌ᠯᠡᠵᠦ᠍᠂ ᠠᠮᠢ ᠠᠬᠤᠢ᠎ᠪᠠᠷ ᠪᠠᠶᠠᠵᠢᠬᠤ᠂ ᠰᠣᠶᠣᠯ ᠵᠢᠭᠤᠯᠴᠢᠯᠠᠯ᠎ᠤᠨ ᠦᠢᠯᠡᠰ᠎ᠢ ᠬᠦᠭ᠌ᠵᠢᠬᠦᠯᠦᠭ᠌ᠰᠡᠨ》 ᠰᠠᠢᠨ ᠰᠠᠢᠬᠠᠨ ᠠᠮᠢᠳᠤᠷᠠᠯ᠎ᠢ ᠡᠳ᠋ᠯᠡᠬᠦ᠌ ᠪᠣᠯᠵᠠᠢ᠃

ᠪᠠᠶᠠᠬᠤᠪᠣᠭ᠎ᠠ ᠭᠠᠴᠠᠭ᠎ᠠ 2016 ᠣᠨ᠎ᠤ ᠰᠡᠬᠦᠯᠴᠢ ᠪᠤᠯᠬᠤ᠎ᠳᠤ ᠨᠢᠭᠡᠨᠲᠡ ᠪᠥᠬᠦ᠌ ᠲᠣᠰᠭᠤᠨ᠎ᠢᠶᠠᠷ᠎ᠢᠶᠠᠨ ᠶᠠᠳᠠᠭᠤ᠎ᠠᠴᠠ ᠠᠩᠭᠢᠵᠢᠷᠠᠪᠠ᠃ 2019 ᠣᠨ᠎ᠳᠤ᠂ ᠪᠠᠶᠠᠬᠤᠪᠣᠭ᠎ᠠ ᠭᠠᠴᠠᠭᠠᠨ᠎ᠤ ᠵᠢᠭᠤᠯᠴᠢᠯᠠᠯ᠎ᠤᠨ ᠠᠮᠠᠷᠠᠯᠲᠠ᠎ᠶ᠋ᠢᠨ ᠲᠣᠰᠭᠤᠨ᠎ᠤ ᠭᠥᠯᠢᠶᠡᠨ ᠠᠪᠤᠭ᠍ᠰᠠᠨ ᠵᠢᠭᠤᠯᠴᠢᠯᠠᠭ᠍ᠰᠡᠳ 30 ᠲᠦᠮᠡᠨ ᠬᠥᠮᠦᠨ ᠤᠳᠠᠭ᠎ᠠ᠎ᠶ᠋ᠢ ᠳᠠᠪᠠᠵᠤ᠂ ᠬᠥᠮᠦᠨ ᠳᠤᠮᠳᠠᠴᠢ᠎ᠶ᠋ᠢᠨ ᠵᠢᠯ᠎ᠤᠨ ᠣᠷᠣᠯᠭ᠎ᠠ 3000 ᠲᠥᠭᠦᠷᠢᠭ ᠬᠥᠷᠬᠦ᠌ ᠥᠬᠡᠶ ᠪᠠᠢᠭ᠍ᠰᠠᠨ᠎ᠠᠴᠠ᠎ᠪᠠᠨ ᠨᠡᠮᠡᠭ᠌ᠳᠡᠭᠡᠳ 29100 ᠲᠥᠭᠦᠷᠢᠭ ᠪᠣᠯᠵᠣ᠂ ᠭᠠᠴᠠᠭᠠᠨ᠎ᠤ ᠬᠠᠮᠲᠤ᠎ᠶ᠋ᠢᠨ ᠠᠵᠤ ᠠᠬᠤᠶ᠎ᠶ᠋ᠢᠨ ᠣᠷᠣᠯᠭ᠎ᠠ 220 ᠲᠦᠮᠡᠨ ᠲᠥᠭᠦᠷᠢᠭ᠎ᠲᠤ ᠬᠦᠷᠴᠡᠶ᠃ ᠭᠠᠴᠠᠭ᠎ᠠ᠎ᠨᠢ ᠡᠨᠡ ᠬᠦ᠌ ᠬᠠᠮᠲᠤ᠎ᠶ᠋ᠢᠨ ᠠᠵᠤ ᠠᠬᠤᠶ᠎ᠶ᠋ᠢᠨ ᠣᠷᠣᠯᠭ᠎ᠠ᠎ᠶ᠋ᠢ ᠠᠵᠤ ᠦᠢᠯᠡᠰ᠎ᠤᠨ ᠬᠥᠭ᠌ᠵᠢᠯᠲᠡ ᠪᠣᠯᠤᠨ ᠪᠥᠬᠦ᠌ ᠲᠣᠰᠭᠤᠨ᠎ᠤ ᠨᠡᠢᠲᠡ᠎ᠶ᠋ᠢᠨ ᠠᠰᠠᠷᠠᠮᠵᠢ᠎ᠶ᠋ᠢᠨ ᠦᠢᠯᠡᠰ᠎ᠲᠤ ᠬᠡᠷᠡᠭ᠌ᠯᠡᠵᠦ᠍᠂ ᠲᠣᠰᠭᠤᠨ᠎ᠤ ᠠᠷᠠᠳ᠎ᠤᠨ ᠡᠮ ᠡᠮᠨᠡᠯᠭᠡ᠎ᠶ᠋ᠢᠨ ᠳᠠᠭᠠᠳᠭᠠᠯ᠂ ᠭᠠᠴᠠᠭᠠᠨ᠎ᠤ ᠲᠠᠷᠢᠶᠠᠨ ᠭᠠᠵᠠᠷ᠎ᠲᠤ ᠤᠰᠤ ᠴᠠᠬᠢᠯᠭᠠᠨ᠎ᠤ ᠰᠦᠢᠳᠭᠡᠯ᠂ ᠤᠶᠤᠲᠠᠳ᠎ᠤᠨ ᠰᠤᠷᠤᠯᠭ᠎ᠠ᠎ᠶ᠋ᠢᠨ ᠳᠡᠳᠬᠦᠮᠵᠢ᠂ ᠬᠥᠭ᠌ᠰᠢᠨ ᠪᠠᠭᠤᠷᠠᠶ ᠡᠪᠡᠳᠴᠢᠨ᠎ᠲᠠᠢ ᠵᠡᠮᠳᠡᠭ ᠲᠣᠰᠭᠤᠨ᠎ᠤ ᠠᠷᠠᠳ᠎ᠢ ᠲᠡᠳᠬᠦᠨ ᠲᠤᠰᠠᠯᠠᠬᠤ᠎ᠳᠤ ᠭᠡᠷᠡᠭ᠌ᠯᠡᠭ᠌ᠰᠡᠨ ᠠᠵᠢ᠃

ᠵᠠᠩ ᠵᠢᠶᠦ᠋ᠨ᠄ 《ᠭᠠᠴᠠᠭᠠᠨ᠎ᠤ ᠬᠥᠭ᠌ᠵᠢᠯᠲᠡ ᠬᠤᠪᠢᠷᠠᠯᠲᠠ᠎ᠨᠢ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠰᠡᠳᠭᠢᠯ ᠨᠢᠭᠡᠳᠦᠨ ᠬᠦᠴᠦ᠎ᠪᠠᠨ ᠬᠠᠮᠲᠤᠤᠡᠬᠠᠬᠤ᠎ᠳᠤ ᠲᠦᠱᠢᠭ᠌ᠯᠡᠨ᠎ᠡ᠃ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠭᠦᠯᠬᠦ᠌ ᠵᠠᠮ ᠳᠡᠭᠡᠷ᠎ᠡ ᠪᠢᠳᠡ ᠶᠠᠮᠠᠷᠪᠠ ᠦᠨᠳᠦᠰᠦᠲᠡᠨ᠂ ᠶᠠᠮᠠᠷᠪᠠ ᠬᠥᠮᠦᠨ᠎ᠢ ᠴᠦ᠍ ᠡᠩᠨᠡᠭᠡ᠎ᠠᠴᠠ ᠬᠤᠴᠣᠷᠤᠭᠤᠯᠬᠤ ᠦᠭᠡᠢ》 ᠭᠡᠵᠦ᠍ ᠢᠳᠡᠭᠡᠯ ᠲᠡᠬᠦᠯᠳᠡᠷ ᠶᠠᠷᠢᠯ᠎ᠡ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号