ᠮᠠᠩᠬᠠᠨ ᠠᠶᠠᠯᠭᠤ᠄ ᠰᠡᠳᠭᠢᠯ᠎ᠤᠨ ᠤᠭ ᠡᠴᠡ ᠤᠨᠳᠤᠷᠤᠭᠰᠠᠨ ᠠᠶ᠎ᠠ ᠲᠠᠭᠤᠤ
2021-11-12 10:16:05
ᠵᠣᠬᠢᠶᠠᠭ᠍ᠴᠢ᠄
ᠶᠤᠸᠠᠨ ᠱᠢᠤ ᠴᠢᠨ
ᠣᠩᠱᠢᠭ᠍ᠰᠠᠨ ᠣᠳᠠᠭ᠎ᠠ᠄
★★★☆☆

ᠳᠤᠮᠳᠠᠳᠤ ᠵᠢᠨ ᠦᠨᠳᠦᠰᠦᠳᠡᠨ᠎ᠤ ᠬᠠᠮᠳᠦ ᠵᠢᠨ ᠴᠤᠬᠴᠠ ᠵᠢᠨ ᠤᠬᠠᠮᠰᠠᠷ᠎ᠢ ᠪᠠᠳᠤ ᠴᠤᠬᠴᠠᠯᠠᠬᠤ ᠪᠤᠯ ᠳᠠᠷᠤᠢ ᠦᠨᠳᠦᠰᠦᠳᠡᠨ ᠨᠤᠬᠦᠳ᠎ᠤᠨ ᠠᠷᠠᠳ ᠲᠦᠮᠡᠨ᠎ᠢ ᠬᠦᠳᠦᠯᠦᠨ ᠳᠠᠭᠠᠭᠤᠯᠵᠤ ᠪᠠᠢᠭᠠᠳ ᠬᠦᠴᠢᠷ ᠪᠡᠷᠭᠡ ᠵᠢ ᠬᠠᠮᠳᠤ ᠪᠡᠷ ᠲᠤᠭᠤᠯᠬᠤ᠂ ᠵᠢᠷᠭᠠᠯ ᠵᠤᠪᠠᠯ ᠵᠢᠡᠨ ᠬᠠᠮᠳᠤᠳᠬᠠᠬᠤ᠂ ᠦᠬᠦᠵᠦ ᠰᠡᠭᠡᠬᠦ ᠪᠡᠨ ᠬᠠᠮᠳᠤᠳᠬᠠᠬᠤ᠂ ᠬᠤᠪᠢ ᠵᠠᠶᠠᠭ᠎ᠠ ᠪᠡᠨ ᠬᠠᠮᠳᠤᠳᠬᠠᠬᠤ ᠬᠠᠮᠳᠤ ᠵᠢᠨ ᠴᠤᠬᠴᠠ ᠵᠢᠨ ᠦᠢᠯᠠᠭᠠᠭᠳᠠᠬᠤᠨ᠎ᠢ ᠪᠠᠳᠤ ᠪᠤᠢ ᠪᠤᠯᠭᠠᠬᠤ ᠶᠠᠪᠤᠳᠠᠯ ᠪᠤᠯᠤᠨ᠎ᠠ᠃

— ᠶᠡᠷᠦᠩᠭᠡᠢ ᠱᠦᠵᠢ ᠰᠢ ᠵᠢᠨ ᠫᠢᠩ᠎ᠤᠨ ᠲᠦᠪ᠎ᠤᠨ ᠦᠨᠳᠦᠰᠦᠳᠡᠨ᠎ᠤ ᠠᠵᠢᠯ᠎ᠤᠨ ᠬᠤᠷᠠᠯ ᠳᠡᠭᠡᠷᠡᠬᠢ ᠶᠠᠷᠢᠶ᠎ᠡ ᠡᠴᠡ(2021 ᠤᠨ᠎ᠤ 8 ᠰᠠᠷ᠎ᠠ ᠵᠢᠨ 27 ᠡᠴᠡ 28 ᠎ᠤ᠋ ᠡᠳᠦᠷ)

《ᠬᠠᠷ᠎ᠠ ᠦᠬᠡᠷ ᠲᠠᠷᠢᠶᠠᠨ ᠭᠠᠵᠠᠷ᠎ᠲᠤ ᠠᠨᠵᠢᠰᠤ ᠲᠠᠲᠠᠵᠤ ᠱᠢᠷᠣᠢ ᠤᠷᠪᠠᠭᠤᠯᠤᠨ᠎ᠠ᠂ ᠤᠷᠠᠨ ᠭᠠᠷ ᠠᠨᠵᠢᠰᠤᠨ ᠪᠠᠷᠢᠭᠤᠯ᠎ᠢ ᠪᠠᠷᠢᠵᠤ ᠴᠢᠭᠯᠡᠯ᠎ᠢ ᠵᠠᠯᠠᠨ᠎ᠠ ᠁》᠃ ᠡᠨᠡ  ᠬᠥ᠌ ᠮᠠᠩᠬᠠᠨ ᠠᠶᠠᠯᠭᠤ ᠰᠠᠯᠬᠢᠨ᠎ᠤ ᠠᠶᠠᠰ ᠵᠢᠡᠷ ᠠᠭᠤᠯᠠᠰ᠎ᠤᠨ ᠲᠤᠯᠤᠭᠠᠢ ᠳᠠᠮᠵᠢᠨ ᠬᠤᠯᠠ ᠵᠢ ᠵᠤᠷᠢᠨ᠎ᠠ᠃ ᠪᠦᠷᠦᠢ ᠪᠤᠯᠬᠤ᠎ᠳᠤ ᠨᠢᠭᠡ ᠡᠳᠦᠷ ᠶᠠᠭᠠᠷᠠᠭ᠍ᠰᠠᠨ ᠦᠴᠦᠸᠠᠨ᠎ᠤ ᠬᠥᠮᠦᠰ ᠶᠠᠳᠠᠷᠠᠯ ᠵᠦᠳᠡᠷᠡᠯ᠎ᠢᠶᠡᠨ ᠲᠠᠶᠠᠭ᠍ᠳᠠᠨ᠂ ᠠᠭᠤᠯᠠᠨ ᠬᠥᠲᠥᠯ ᠳᠡᠭᠡᠷ᠎ᠡ ᠵᠣᠭ᠍ᠰᠣᠭᠠᠳ ᠮᠠᠩᠬᠠᠨ ᠠᠶᠠᠯᠭᠤ ᠳᠠᠭᠤᠯᠠᠵᠤ ᠤᠷᠮ᠎ᠠ ᠰᠡᠳᠬᠢᠯ ᠵᠢᠡᠨ ᠰᠡᠷᠭᠦᠭᠡᠨ᠎ᠡ᠂ ᠪᠠᠰᠠ ᠪᠠᠶᠠᠷ ᠪᠠᠶᠠᠰᠤᠯ ᠵᠤᠪᠠᠯ ᠭᠤᠨᠢᠭ ᠵᠢᠡᠨ ᠳᠠᠭᠤᠯᠠᠨ᠎ᠠ᠃

ᠮᠠᠩᠬᠠᠨ ᠠᠶᠠᠯᠭᠤ ᠪᠣᠯ ᠦᠴᠦᠸᠠᠨ᠎ᠤ ᠠᠷᠠᠳ᠎ᠤᠨ ᠤᠶᠤᠨ ᠤᠬᠠᠭᠠᠨ᠎ᠤ ᠤᠬᠢ ᠪᠦᠲᠦᠭᠡᠯ ᠮᠥᠨ᠂ ᠮᠦᠨ ᠴᠦ᠍ ᠳᠤᠮᠳᠠᠳᠤ᠎ᠶ᠋ᠢᠨ ᠰᠣᠶᠣᠯ ᠤᠷᠠᠯᠢᠭ᠎ᠤᠨ ᠦᠨᠡᠲᠦ ᠡᠷᠳᠡᠨᠢ ᠪᠤᠯᠬᠤᠷ ᠦᠶ᠎ᠡ᠎ᠶ᠋ᠢᠨ ᠦᠶ᠎ᠡ᠎ᠳᠦ ᠤᠯᠠᠮᠵᠢᠯᠠᠭ᠍ᠳᠠᠵᠠᠢ᠃ 1953 ᠣᠨ᠎ᠳᠤ《ᠮᠠᠩᠬᠠᠨ ᠠᠶᠠᠯᠭᠤ ᠵᠢᠨ ᠸᠠᠩ》ᠬᠡᠮᠡᠭᠦ ᠠᠯᠳᠠᠷ ᠲᠠᠢ ᠵᠠᠩ ᠡᠯ ᠶᠢᠨ ᠬ᠍ᠤ ᠲᠤᠬᠠᠶ᠎ᠶ᠋ᠢᠨ ᠦᠶ᠎ᠡ᠎ᠶ᠋ᠢᠨ ᠰᠦᠢᠶᠤᠸᠠᠨ ᠮᠤᠵᠢ᠎ᠶ᠋ᠢᠨ ᠤᠷᠠᠨ ᠰᠠᠢᠬᠠᠨ᠎ᠤ ᠪᠦᠯᠬᠦᠮ᠎ᠢ ᠳᠠᠭᠠᠵᠤ ᠪᠡᠭᠡᠵᠢᠩ᠎ᠳᠦ ᠠᠩᠬ᠎ᠠ ᠢᠷᠡᠵᠦ᠍ ᠲᠣᠭ᠍ᠯᠠᠯᠲᠠ ᠭᠠᠷᠭᠠᠭᠠᠳ ᠬᠦᠮᠦᠰ᠎ᠢ ᠰᠣᠴᠢᠭᠠᠪᠠ᠃ ᠡᠭᠦᠨ᠎ᠡᠴᠡ ᠬᠤᠢᠰᠢ ᠨᠤᠲᠤᠭ ᠤᠷᠤᠨ᠎ᠳᠠᠭᠠᠨ ᠳᠡᠯᠭᠡᠷᠡᠵᠦ ᠪᠠᠢᠬᠰᠠᠨ ᠮᠠᠩᠬᠠᠨ ᠠᠶᠠᠯᠭᠤ ᠨᠡᠩ ᠣᠯᠠᠨ ᠬᠦᠮᠦᠰ᠎ᠤᠨ ᠬᠠᠷᠠᠭᠠᠨ᠎ᠳᠤ ᠣᠷᠣᠵᠤ᠂ ᠠᠷᠠᠳ᠎ᠤᠨ ᠰᠣᠶᠣᠯ ᠤᠷᠠᠯᠢᠭ᠎ᠤᠨ ᠲᠠᠢᠰᠠᠨ ᠳᠡᠭᠡᠷ᠎ᠡ ᠣᠳᠣ ᠪᠣᠯᠲᠠᠯ᠎ᠠ ᠴᠡᠴᠡᠭ᠌ᠯᠡᠨ ᠬᠥᠭ᠌ᠵᠢᠭᠰᠡᠭᠡᠷ ᠢᠷᠡᠵᠡᠢ᠃ 2007 ᠣᠨ᠎ᠤ 6 ᠰᠠᠷ᠎ᠠ᠎ᠳᠤ᠂ ᠮᠠᠩᠬᠠᠨ ᠠᠶᠠᠯᠭᠤ ᠥᠪᠡᠷᠲᠡᠭᠡᠨ ᠵᠠᠰᠠᠬᠤ ᠣᠷᠣᠨ᠎ᠤ ᠲᠦᠷᠦᠬᠦᠦ ᠪᠦᠯᠦᠭ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠨᠡᠷᠡᠰ᠎ᠲᠦ ᠵᠢᠭ᠍ᠰᠠᠭᠠᠭ᠍ᠳᠠᠵᠤ᠂ 2008 ᠣᠨ᠎ᠤ 6 ᠰᠠᠷ᠎ᠠ᠎ᠳᠤ᠂ ᠤᠯᠤᠰ᠎ᠤᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠨᠡᠷᠡᠰ᠎ᠲᠦ ᠤᠷᠤᠪᠠ᠃ ᠲᠤᠰ ᠵᠢᠯ᠎ᠳᠦ ᠥᠪᠡᠷᠲᠡᠭᠡᠨ ᠵᠠᠰᠠᠬᠤ ᠣᠷᠣᠨ᠎ᠠᠴᠠ ᠦᠴᠦᠸᠠᠨ ᠰᠢᠶᠠᠨ᠎ᠳᠤ《ᠮᠠᠩᠬᠠᠨ ᠠᠶᠠᠯᠭᠤ ᠵᠢᠨ ᠨᠤᠲᠤᠭ》ᠭᠡᠬᠦ᠌ ᠢᠷᠠᠭᠤ ᠠᠯᠳᠠᠷ᠎ᠤᠨ ᠴᠣᠯᠠ ᠣᠯᠭᠣᠭ᠍ᠰᠠᠨ ᠪᠠᠢᠨ᠎ᠠ᠃

ᠠᠭᠤᠯᠠᠨ ᠬᠦᠲᠦᠯ ᠳᠡᠭᠡᠷᠡᠬᠢ ᠴᠢᠯᠥᠭᠡᠲᠦ ᠳᠠᠭᠤᠤ

ᠮᠤᠷᠤᠶ ᠰᠠᠷᠤᠶ ᠡᠷᠲᠡᠨ᠎ᠦ ᠵᠠᠮ ᠵᠢᠡᠷ ᠲᠡᠮᠡᠭᠡᠨ ᠵᠢᠩ᠎ᠦᠨ ᠬᠣᠩᠬᠣ ᠵᠢᠩᠬᠢᠨᠡᠨ᠂ ᠥᠩᠭᠡᠷᠡᠭ᠌ᠰᠡᠨ᠎ᠦ ᠠᠷᠠᠯᠵᠢᠶ᠎ᠠ ᠬᠤᠳᠠᠯᠳᠤᠭᠠᠨ᠎ᠤ ᠬᠤᠲᠠ ᠪᠠᠯᠭᠠᠰᠤ᠎ᠶ᠋ᠢ ᠬᠣᠯᠪᠣᠨ᠎ᠠ;ᠠᠢᠯ᠎ᠤᠨ ᠬᠤᠯᠠᠩ ᠡᠴᠡ ᠤᠳᠤᠭ᠎ᠠ ᠰᠤᠭᠤᠨᠠᠭ᠍ᠯᠠᠵᠤ ᠂ ᠠᠮᠲᠠᠲᠤ ᠬᠤᠭᠤᠯᠠ ᠵᠢᠨ ᠦᠨᠦᠷ ᠬᠠᠩᠬᠤᠯᠤᠨ᠎ᠠ;ᠥᠨᠳᠥᠷ ᠠᠭᠤᠯᠠ᠎ᠶ᠋ᠢᠨ ᠬᠦᠲᠦᠯ ᠳᠡᠭᠡᠷ᠎ᠡ ᠮᠠᠩᠬᠠᠨ ᠠᠶᠠᠯᠭᠤ ᠰᠡᠳᠬᠢᠯ᠎ᠤᠨ ᠬᠦᠪᠴᠢ ᠵᠢ ᠴᠢᠪᠬᠠᠳᠠᠨ᠎ᠠ᠃ ᠡᠨᠡ ᠪᠤᠯ ᠦᠴᠦᠸᠠᠨ ᠱᠢᠶᠠᠨ ᠪᠣᠯᠤᠨ᠎ᠠ ᠂ ᠥᠪᠥᠷ ᠮᠣᠩᠭᠣᠯ᠎ᠤᠨ ᠳᠤᠮᠳᠠ ᠬᠡᠰᠡᠭ᠎ᠲᠦ ᠳᠠᠯᠠᠨ ᠬᠠᠷ᠎ᠠ ᠠᠭᠤᠯᠠ᠎ᠶ᠋ᠢᠨ ᠠᠷᠤ ᠬᠣᠷᠮᠣᠶ᠎ᠳᠤ ᠪᠠᠢᠷᠢᠯᠠᠵᠤ᠂ ᠮᠤᠨᠢ ᠠᠭᠤᠯᠠ᠎ᠶ᠋ᠢᠨ ᠡᠮᠦᠨ᠎ᠡ ᠤᠮᠠᠷ᠎ᠠ᠎ᠶ᠋ᠢᠨ ᠵᠠᠮ ᠬᠠᠷᠢᠯᠴᠠᠭᠠᠨ᠎ᠤ ᠬᠦᠢᠰᠦ᠎ᠶ᠋ᠢ ᠰᠠᠬᠢᠵᠤ ᠪᠤᠢ᠂ ᠳᠠᠯᠠᠨ ᠬᠠᠷ᠎ᠠ ᠠᠭᠤᠯᠠ ᠡᠴᠡ ᠵᠦᠩᠶᠤᠸᠠᠨ ᠣᠷᠣᠨ᠎ᠳᠤ ᠣᠷᠣᠬᠤ᠎ᠳᠤ ᠵᠠᠪᠠᠯ ᠦᠴᠦᠸᠠᠨ ᠵᠢᠡᠷ ᠳᠠᠮᠵᠢᠳᠠᠭ᠃

ᠡᠨᠳᠡᠬᠢ ᠬᠥᠮᠦᠰ ᠤᠶᠤᠨ ᠤᠬᠠᠭᠠᠨ᠂ ᠬᠦᠴᠦ ᠬᠦᠳᠡᠯᠮᠦᠷᠢ ᠪᠡᠷ᠎ᠵᠢᠡᠨ᠎ᠨᠤᠲᠤᠭ ᠤᠰᠤ ᠪᠠᠨ ᠪᠦᠲᠦᠭᠡᠨ ᠪᠠᠢᠭᠤᠯᠵᠤ᠂ ᠵᠢᠷᠭᠠᠯᠲᠤ ᠠᠮᠢᠳᠤᠷᠠᠯ᠎ᠢᠶᠠᠨ ᠴᠣᠭ᠍ᠴᠠᠯᠠᠨ᠎ᠠ᠂ ᠲᠡᠳᠡ ᠥᠪᠥᠷ ᠮᠣᠩᠭᠣᠯ᠎ᠤᠨ ᠳᠤᠮᠳᠠ ᠪᠠᠷᠠᠭᠤᠨ ᠣᠷᠣᠨ᠎ᠳᠤ ᠳᠡᠯᠭᠡᠷᠡᠭ᠌ᠰᠡᠨ ᠣᠬᠣᠷ ᠬᠦᠭ᠌ᠳᠦ ᠠᠷᠠᠳ᠎ᠤᠨ ᠳᠠᠭᠤᠤ ᠪᠤᠯᠬᠤ ᠮᠠᠩᠬᠠᠨ ᠠᠶᠠᠯᠭᠤ ᠵᠢ ᠵᠤᠬᠢᠶᠠᠭᠰᠠᠨ ᠶᠤᠮ᠃ ᠪᠠᠳᠠᠭ ᠪᠠᠳᠠᠭ ᠮᠠᠩᠬᠠᠨ ᠠᠶᠠᠯᠭᠤ ᠮᠣᠩᠭᠣᠯ᠎ᠤᠨ ᠥᠨᠳᠥᠷᠯᠢᠭ᠎ᠦᠨ ᠨᠡᠢᠭᠡᠮ᠎ᠦᠨ ᠬᠤᠪᠢᠰᠤᠯ ᠂ ᠣᠷᠣᠨ ᠨᠤᠲᠤᠭ᠎ᠤᠨ ᠰᠤᠶᠤᠯ ᠢᠷᠭᠡᠨᠰᠢᠯ᠂ ᠬᠥᠳᠡᠯᠮᠦᠷᠢ ᠦᠢᠯᠡᠳᠪᠦᠷᠢᠯᠡᠯ᠂ ᠬᠠᠢᠷ᠎ᠠ ᠳᠤᠷᠠᠯᠠᠯ᠎ᠤᠨ ᠦᠯᠢᠭᠡᠷ᠎ᠢ ᠬᠦᠦᠷᠨᠢᠵᠤ ᠪᠠᠢᠳᠠᠭ᠃

ᠡᠸ᠋ ᠰᠠᠨ ᠵᠢᠶᠦ᠋ᠨ 1982 ᠣᠨ᠎ᠳᠤ ᠦᠴᠦᠸᠠᠨ ᠰᠢᠶᠠᠨ᠎ᠳᠤ ᠲᠦᠷᠦᠵᠦ ᠂ ᠬᠠᠷᠠᠬᠠᠨ ᠪᠠᠭ᠎ᠠ ᠡᠴᠡ ᠪᠠᠨ ᠮᠠᠩᠬᠠᠨ ᠠᠶᠠᠯᠭᠤ᠎ᠳᠤ ᠪᠦᠪᠡᠢᠯᠡᠭᠳᠡᠨ ᠦᠰᠴᠡᠢ᠃ ᠮᠠᠩᠬᠠᠨ ᠠᠶᠠᠯᠭᠤ ᠵᠢᠨ ᠬᠦᠭ ᠠᠶᠠᠰ ᠲᠡᠭᠦᠨ᠎ᠦ ᠵᠢᠷᠦᠬᠡ ᠰᠡᠳᠬᠢᠯ᠎ᠳᠤ ᠱᠢᠩᠭᠡᠨ᠂ ᠨᠢᠭᠡ ᠮᠡᠳᠡᠬᠦ᠎ᠳᠤ ᠦᠪᠡᠷ᠎ᠤᠨ ᠡᠷᠬᠡ ᠦᠭᠡᠢ ᠳᠠᠭᠤᠯᠠᠵᠤ ᠴᠢᠳᠠᠭᠰᠠᠨ ᠪᠠᠢᠳᠠᠭ᠃ ᠡᠦ ᠰᠠᠨ ᠵᠢᠶᠦ᠋ᠨ᠎ᠦ ᠬᠢᠨ ᠦᠶ᠎ᠡ ᠤᠯᠠᠷᠢᠨ ᠲᠠᠷᠢᠶᠠᠯᠠᠩ ᠦᠢᠯᠡᠳᠪᠦᠷᠢᠯᠡᠯ᠎ᠳᠤ ᠲᠦᠰᠢᠨ ᠠᠮᠢᠳᠤᠷᠠᠭᠰᠡᠭᠠᠷ ᠢᠷᠡᠪᠡ᠂ ᠠᠪᠤ ᠨᠢ ᠤᠳᠭ᠎ᠠ ᠤᠷᠠᠯᠢᠭ ᠲᠦ᠍ ᠳᠤᠷ᠎ᠠ ᠪᠠᠬᠠᠲᠠᠢ᠂ ᠨᠡᠩ ᠢᠯᠡᠩᠭᠤᠶ᠎ᠠ ᠯᠢᠮᠪᠦ᠌ ᠦᠯᠢᠶᠡᠬᠦ᠌᠂ ᠮᠠᠩᠬᠠᠨ ᠠᠶᠠᠯᠭᠤ ᠳᠠᠭᠤᠯᠠᠬᠤ ᠳᠤᠷᠠᠲᠠᠢ᠃ ᠡᠳᠦᠭᠡ᠂ ᠡᠸ᠋ ᠰᠠᠨ ᠵᠢᠶᠦ᠋ᠨ ᠪᠣᠯ ᠮᠠᠩᠬᠠᠨ ᠠᠶᠠᠯᠭᠤ ᠵᠢᠨ ᠬᠥᠬᠡᠬᠣᠲᠠ᠎ᠶ᠋ᠢᠨ ᠲᠡᠰ᠎ᠤᠨ ᠤᠯᠠᠮᠵᠢᠯᠠᠭᠴᠢ ᠪᠤᠯᠵᠠᠢ᠃ ᠡᠸ᠋ ᠰᠠᠨ ᠵᠢᠶᠦ᠋ᠨ ᠮᠠᠩᠬᠠᠨ ᠠᠶᠠᠯᠭᠤ ᠵᠢᠨ ᠲᠤᠬᠠᠢ ᠶᠠᠷᠢᠬᠤ᠎ᠳᠤ ᠬᠡᠯᠡᠭᠡᠳ ᠪᠠᠷᠠᠬᠤ ᠦᠭᠡᠢ ᠵᠤᠭᠤᠭ ᠲᠠᠢ ᠂ ᠲᠡᠭᠦᠨ᠎ᠤ ᠶᠠᠷᠢᠬᠤ ᠪᠡᠷ᠂ ᠦᠴᠦᠸᠠᠨ᠎ᠤ ᠬᠢᠯᠢ ᠳᠣᠲᠣᠷ᠎ᠠ ᠳᠡᠯᠭᠡᠷᠡᠭ᠌ᠰᠡᠨ ᠮᠠᠩᠬᠠᠨ ᠠᠶᠠᠯᠭᠤ᠎ᠶ᠋ᠢ ᠪᠠᠰᠠ ᠠᠷᠤ ᠠᠭᠤᠯᠠ᠎ᠶ᠋ᠢᠨ ᠳᠠᠭᠤᠤ ᠭᠡᠳᠡᠭ᠂ ᠲᠡᠭᠦᠨ᠎ᠦ ᠡᠭᠦᠰᠦᠯ᠎ᠢ ᠴᠢᠩ ᠤᠯᠤᠰ᠎ᠤᠨ ᠲᠩᠷᠢ ᠲᠡᠳᠬᠦᠭ᠌ᠴᠢ᠂ ᠰᠠᠢᠱᠢᠶᠠᠯᠲᠤ ᠢᠷᠥᠭᠡᠯᠲᠦ᠍᠎ᠶ᠋ᠢᠨ ᠦᠶ᠎ᠡ ᠬᠦᠷᠲᠡᠯ᠎ᠡ ᠮᠦᠷᠳᠡᠵᠦ ᠪᠤᠯᠤᠨ᠎ᠠ᠂ ᠾᠸᠪᠸᠢ ᠂ ᠱᠠᠨᠰᠢ ᠂ ᠡᠾᠧᠨᠠᠨ ᠵᠡᠷᠭᠡ ᠭᠠᠵᠠᠷ᠎ᠤᠨ ᠮᠠᠰᠢ ᠤᠯᠠᠨ ᠨᠡᠭᠦᠳᠡᠯ ᠠᠷᠠᠳ ᠵᠦᠩᠶᠤᠸᠠᠨ ᠣᠷᠣᠨ ᠡᠴᠡ ᠨᠡᠭᠦᠭᠡᠳ ᠳᠠᠯᠠᠨ ᠬᠠᠷ᠎ᠠ ᠠᠭᠤᠯᠠ ᠡᠴᠡ ᠪᠣᠷᠣᠲᠣᠬᠣᠶ᠎ᠶ᠋ᠢᠨ ᠲᠠᠯ᠎ᠠ ᠭᠠᠵᠠᠷ ᠬᠦᠷᠲᠡᠯᠡᠬᠢ ᠭᠠᠵᠠᠷ ᠤᠷᠤᠨ᠎ᠳᠤ ᠢᠷᠡᠵᠦ ᠨᠤᠲᠤᠭᠰᠢᠵᠠᠢ ᠂ ᠲᠤᠬᠠᠶ᠎ᠶ᠋ᠢᠨ ᠭᠠᠵᠠᠷ᠎ᠤᠨ ᠬᠥᠮᠦᠨ ᠾᠧᠪᠧᠶ᠎ᠶ᠋ᠢᠨ ᠠᠷᠠᠳ᠎ᠤᠨ ᠳᠠᠭᠤᠤ᠂ ᠱᠠᠨ ᠰᠢ᠎ᠶ᠋ᠢᠨ ᠶᠠᠩᠭᠠᠷ᠂ ᠱᠠᠨᠪᠧᠶ᠎ᠶ᠋ᠢᠨ ᠠᠷᠠᠳ᠎ᠤᠨ ᠳᠠᠭᠤᠤ ᠵᠢᠨ ᠦᠭᠡᠰ᠎ᠦᠨ ᠰᠠᠩ ᠵᠢᠴᠢ ᠬᠡᠯᠪᠡᠷᠢ ᠵᠢ ᠠᠭᠤᠰᠬᠠᠭᠠᠳ᠂ ᠮᠣᠩᠭᠣᠯ ᠤᠷᠲᠤ᠎ᠶ᠋ᠢᠨ ᠳᠠᠭᠤᠤ ᠵᠢᠨ ᠰᠠᠭᠤᠷᠢᠨ ᠳᠡᠭᠡᠷ᠎ᠡ ᠮᠠᠩᠬᠠᠨ ᠠᠶᠠᠯᠭᠤ ᠵᠢ ᠵᠤᠬᠢᠶᠠᠭᠰᠠᠨ ᠭᠡᠨ᠎ᠡ᠃ ᠮᠠᠩᠬᠠᠨ ᠠᠶᠠᠯᠭᠤ ᠲᠠᠷᠢᠶᠠᠯᠠᠬᠤ ᠰᠣᠶᠣᠯ ᠪᠠ ᠨᠡᠭᠦᠳᠡᠯ ᠮᠠᠯᠵᠢᠯ᠎ᠤᠨ ᠰᠣᠶᠣᠯ᠎ᠤᠨ ᠮᠥᠷᠭᠥᠯᠳᠦᠯ᠎ᠡᠴᠡ ᠡᠭᠦᠰᠦᠭ᠌ᠰᠡᠨ ᠤᠷᠠᠯᠢᠭ᠎ᠤᠨ ᠬᠡᠯᠪᠡᠷᠢ᠎ᠳᠦ ᠬᠠᠷᠢᠶᠠᠯᠠᠭ᠍ᠳᠠᠵᠤ᠂ ᠬᠠᠳᠤᠨ ᠭᠤᠤᠯ᠎ᠤᠨ ᠰᠣᠶᠣᠯ᠎ᠤᠨ ᠪᠦᠷᠢᠯᠳᠦᠬᠦᠨ ᠪᠤᠯᠤᠨ᠎ᠠ᠃ ᠮᠠᠩᠬᠠᠨ ᠠᠶᠠᠯᠭᠤ ᠵᠢᠨ ᠠᠢᠵᠠᠮ ᠨᠢ ᠴᠢᠯᠥᠭᠡᠲᠡᠶ᠂ ᠠᠶᠠᠯᠭᠤ ᠨᠢ ᠳᠠᠪᠠᠯᠭᠠᠨ ᠳᠤᠯᠬᠢᠶᠠᠨ᠎ᠲᠡᠶ᠂ ᠢᠳᠡᠷᠡᠭᠦᠨ ᠪᠠᠳᠠᠷᠠᠩᠭᠤᠢ ᠤᠨᠴᠠᠯᠢᠬ ᠲᠠᠢ᠂ ᠰᠣᠨᠣᠰᠭᠤ᠎ᠳᠤ ᠡᠷᠴᠢ ᠬᠦᠴᠦᠨ ᠲᠠᠢ᠂ ᠣᠮᠣᠭ ᠲᠡᠭᠦᠯᠳᠡᠷ ᠪᠠᠢᠵᠤ᠂ ᠮᠣᠩᠭᠣᠯ᠎ᠤᠨ ᠥᠨᠳᠥᠷᠯᠢᠭ᠎ᠦᠨ ᠠᠤᠭ᠎ᠠ ᠰᠦᠷᠯᠢᠭ ᠳᠦᠷᠰᠦ ᠪᠠᠢᠳᠠᠯ ᠪᠠ ᠦᠴᠦᠸᠠᠨ᠎ᠤ ᠠᠷᠠᠳ ᠲᠦᠮᠡᠨ᠎ᠦ ᠣᠮᠣᠭ ᠲᠡᠭᠦᠯᠳᠡᠷ ᠴᠣᠭ ᠵᠢᠪᠬᠤᠭ᠎ᠠ᠂ ᠠᠭᠤᠳᠠᠮ ᠪᠠᠭ᠍ᠲᠠᠭᠠᠮᠵᠢᠲᠠᠢ ᠳᠦᠷᠰᠦ ᠪᠠᠢᠳᠠᠯ᠎ᠢ ᠬᠠᠷᠠᠭᠤᠯᠤᠭᠰᠠᠨ ᠪᠠᠢᠨ᠎ᠠ᠃

ᠤᠯᠠᠮᠵᠢᠯᠠᠯᠲᠤ ᠮᠠᠩᠬᠠᠨ ᠠᠶᠠᠯᠭᠤ᠎ᠶ᠋ᠢ ᠣᠯᠠᠩᠬᠢ᠎ᠳᠠᠭᠠᠨ ᠭᠠᠭᠴᠠ ᠬᠥᠮᠦᠨ ᠳᠠᠭᠤᠯᠠᠳᠠᠭ᠂ ᠦᠭᠡ ᠨᠢ ᠤᠬᠤᠷ ᠠᠪᠰᠠᠷ᠂ ᠣᠯᠠᠩᠬᠢ᠎ᠳᠠᠭᠠᠨ ᠨᠤᠲᠤᠭ᠎ᠤᠨ ᠠᠶᠠᠯᠭᠤ᠎ᠪᠠᠷ ᠦᠭᠡ᠎ᠶ᠋ᠢ ᠳᠠᠪᠬᠤᠷᠯᠠᠵᠤ᠂ ᠭᠦᠨ ᠵᠤᠵᠠᠭᠠᠨ ᠨᠤᠲᠤᠭ ᠤᠰᠤᠨ᠎ᠤ ᠦᠨᠦᠷ ᠠᠮᠲᠠ ᠰᠢᠩᠭᠡᠵᠦ ᠪᠠᠢᠳᠠᠭ᠃ ᠦᠴᠦᠸᠠᠨ᠎ᠤ ᠬᠠᠭᠤᠴᠢ ᠦᠭᠡᠨ᠎ᠳᠦ《ᠮᠠᠩᠬᠠᠨ ᠠᠶᠠᠯᠭᠤ ᠬᠡᠬᠦᠳᠡᠭ ᠴᠡᠭᠡᠵᠢᠨ ᠡᠴᠡ᠎ᠤᠨᠳᠤᠷᠴᠤ᠂ ᠳᠠᠭᠤᠯᠠᠶ᠎ᠠ ᠭᠡᠵᠦ ᠰᠠᠨᠠᠪᠠᠯ ᠳᠠᠭᠤᠯᠠᠴᠢᠬᠠᠳᠠᠭ》ᠭᠡᠳᠡᠭ ᠬᠡᠯᠡᠯᠭᠡ ᠪᠠᠢᠳᠠᠭ᠂ ᠮᠠᠩᠬᠠᠨ ᠠᠶᠠᠯᠭᠤ ᠪᠤᠯ ᠲᠤᠬᠠᠶ᠎ᠶ᠋ᠢᠨ ᠭᠠᠵᠠᠷ᠎ᠤᠨ ᠬᠥᠳᠡᠯᠮᠦᠷᠢᠴᠢᠨ ᠠᠷᠠᠳ ᠲᠦᠮᠡᠨ᠎ᠦ ᠦᠢᠯᠡᠳᠪᠦᠷᠢᠯᠡᠯ ᠠᠮᠢᠳᠤᠷᠠᠯ ᠳᠤᠮᠳᠠ᠎ᠪᠠᠨ ᠠᠪᠤᠨ ᠳᠣᠣᠷ᠎ᠠ᠎ᠪᠠᠨ ᠵᠣᠬᠢᠶᠠᠨ ᠪᠦᠲᠦᠭᠡᠭ᠌ᠰᠡᠨ ᠠᠮᠠᠨ ᠤᠷᠠᠯᠢᠬ᠎ᠤᠨ ᠬᠡᠯᠪᠡᠷᠢ᠂ ᠬᠠᠢᠷ᠎ᠠ ᠰᠡᠳᠭᠢᠯᠭᠡ᠎ᠪᠡᠨ ᠢᠯᠡᠳᠭᠡᠬᠦ ᠠᠷᠠᠳ᠎ᠤᠨ ᠳᠠᠭᠤᠤ᠎ᠶ᠋ᠢᠨ ᠠᠴᠢᠶᠠᠯᠠᠭ᠍ᠴᠢ ᠪᠣᠯᠤᠨ᠎ᠠ᠃

《ᠬᠥᠭ ᠠᠶᠠᠰ ᠨᠢ ᠡᠷᠬᠡ ᠴᠢᠯᠥᠭᠡ ᠲᠠᠢ ᠪᠠᠢᠬᠤ ᠪᠤᠯ ᠮᠠᠩᠬᠠᠨ ᠠᠶᠠᠯᠭᠤ ᠵᠢᠨ ᠢᠯᠡ ᠲᠤᠳᠤ ᠤᠨᠴᠠᠯᠢᠬ ᠪᠣᠯᠤᠨ᠎ᠠ᠂ ᠲᠡᠭᠦᠨ᠎ᠦ ᠰᠡᠳᠦᠪ ᠠᠭᠤᠯᠭ᠎ᠠ ᠨᠢ ᠮᠠᠰᠢ ᠪᠠᠶᠠᠯᠢᠭ ᠪᠠᠢᠵᠤ᠂ ᠬᠥᠳᠡᠯᠮᠦᠷᠢ᠎ᠶ᠋ᠢ ᠲᠤᠰᠭᠠᠬᠤ᠂ ᠨᠤᠲᠤᠭ ᠤᠰᠤ᠎ᠪᠠᠨ ᠮᠠᠭ᠍ᠲᠠᠬᠤ᠂ ᠤᠳᠤᠷᠢᠳᠤᠭ᠍ᠴᠢ᠎ᠪᠠᠨ ᠮᠠᠭ᠍ᠲᠠᠨ ᠳᠠᠭᠤᠯᠠᠬᠤ ᠡᠴᠡ ᠴᠡᠴᠡᠭ ᠱᠢᠪᠠᠭᠤ ᠵᠢᠭᠠᠰᠤ ᠬᠣᠷᠣᠬᠠᠶ᠂ ᠲᠠᠪᠤᠨ ᠲᠠᠷᠢᠶ᠎ᠠ ᠮᠠᠯ ᠲᠡᠵᠢᠭᠡᠪᠦᠷᠢ᠂ ᠶᠢᠷᠲᠢᠨᠴᠦ ᠵᠢᠨ ᠪᠠᠶᠠᠷ ᠵᠤᠪᠠᠯᠠᠩ᠂ ᠵᠠᠯᠠᠭᠤᠴᠤᠳ᠎ᠤᠨ ᠬᠠᠢᠷ᠎ᠠ ᠳᠤᠷᠠᠯᠠᠯ᠂ ᠣᠷᠣᠭ ᠬᠤᠷᠢᠮ ᠵᠡᠷᠭᠡ ᠪᠠᠢᠵᠤ᠂ ᠴᠢᠨᠠᠭ᠍ᠰᠢᠯᠠᠪᠠᠯ ᠳᠠᠭᠤᠴᠢᠨ᠎ᠤ ᠬᠤᠪᠢ ᠪᠡᠶ᠎ᠡ᠎ᠶ᠋ᠢᠨ ᠬᠦᠰᠡᠯ ᠡᠷᠡᠮᠡᠯᠵᠡᠯ᠂ ᠪᠠᠶᠠᠷ ᠵᠤᠪᠠᠨᠢᠯ᠂ ᠰᠠᠢᠱᠢᠶᠠᠬᠤ ᠮᠠᠭᠤᠱᠢᠶᠠᠬᠤ᠂ ᠬᠣᠱᠣᠩᠨᠠᠯ ᠶᠦᠭᠡᠳᠡᠯ᠎ᠤᠨ ᠠᠭᠤᠯᠭ᠎ᠠ ᠴᠦ᠍ ᠪᠤᠢ》ᠭᠡᠵᠦ᠍ ᠦ᠋ ᠰᠠᠨ ᠵᠢᠶᠦ᠋ᠨ ᠬᠡᠯᠡᠨ᠎ᠡ᠃

ᠮᠠᠩᠬᠠᠨ ᠠᠶᠠᠯᠭᠤ᠎ᠳᠤ ᠨᠡᠮᠡᠷᠢᠯᠡᠭᠰᠡᠨ ᠱᠢᠨ᠎ᠡ ᠠᠮᠢᠵᠢᠷᠠᠯ᠎ᠤᠨ ᠬᠦᠴᠦᠨ

ᠥᠨᠳᠥᠷ ᠲᠩᠷᠢ᠂ ᠵᠤᠵᠠᠭᠠᠨ ᠬᠦᠷᠦᠰᠦ᠂ ᠮᠠᠩᠬᠠᠨ ᠠᠶᠠᠯᠭᠤ ᠡᠬᠡ ᠪᠡᠢᠭᠠᠯᠢ᠎ᠶ᠋ᠢᠨ ᠡᠭᠡᠱᠢᠭ ᠮᠡᠲᠦ᠂ ᠬᠠᠭᠤᠴᠢᠨ ᠵᠡᠭᠡᠲᠦᠦ᠍᠎ᠪᠡᠷ ᠳᠠᠯᠠᠨ ᠬᠠᠷ᠎ᠠ ᠠᠭᠤᠯᠠᠨ ᠳᠡᠭᠡᠷ᠎ᠡ ᠰᠡᠢᠯᠦᠭ᠌ᠰᠡᠨ ᠳᠠᠭᠤᠤ ᠬᠥᠭ᠌ᠵᠢᠮ᠎ᠦᠨ ᠠᠪᠤᠷᠭᠤ ᠪᠦᠲᠦᠭᠡᠯ ᠪᠤᠯᠬᠤ ᠶᠤᠮ᠃

ᠨᠢᠭᠡ ᠮᠡᠳᠡᠬᠦ᠎ᠳᠤ ᠹᠠᠨ ᡁᠢ ᠯᠠᠨ ᠡᠨᠡ ᠬᠦ᠌ ᠠᠪᠤᠷᠭᠤ ᠪᠦᠲᠦᠭᠡᠯ᠎ᠤᠨ ᠳᠤᠮᠳᠠ 27 ᠵᠢᠯ ᠠᠶᠠᠯᠠᠵᠠᠢ᠃

ᠡᠨᠡ ᠵᠢᠯ᠎ᠦᠨ 6 ᠰᠠᠷ᠎ᠠ᠎ᠳᠤ᠂ 1980 ᠣᠨ᠎ᠳᠤ ᠲᠥᠷᠥᠭ᠌ᠰᠡᠨ ᠹᠠᠨ ᡁᠢ ᠯᠠᠨ᠎ᠢ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠤᠯᠠᠮᠵᠢᠯᠠᠭ᠍ᠴᠢ᠎ᠪᠠᠷ ᠲᠣᠭ᠍ᠲᠠᠭᠠᠪᠠ᠃ ᠹᠠᠨ ᡁᠢ ᠯᠠᠨ 15 ᠨᠠᠰᠤᠲᠠᠶ᠎ᠳᠠᠭᠠᠨ ᠬᠣᠭᠣᠯᠠᠶ ᠰᠠᠢᠨ᠎ᠵᠢᠡᠷ ᠵᠢᠡᠨ ᠦᠴᠦᠸᠠᠨ ᠱᠢᠶᠠᠨ᠎ᠤ ᠤᠯᠠᠭᠠᠨᠮᠥ᠋ᠴᠢᠷ᠎ᠲᠦ ᠡᠯᠰᠡᠭᠳᠡᠵᠡᠢ᠂ ᠠᠬᠠᠮᠠᠳ ᠭᠡᠱᠢᠭᠦᠳ ᠲᠡᠭᠦᠨ᠎ᠦ ᠲᠠᠭᠤᠨ᠎ᠤ ᠴᠠᠷᠠᠭ᠎ᠠ ᠥᠷᠭᠡᠨ᠂ ᠲᠠᠭᠤᠨ᠎ᠤ ᠥᠩᠭᠡ ᠢᠷᠠᠭᠤ ᠪᠤᠯᠬᠤᠷ ᠮᠠᠩᠬᠠᠨ ᠠᠶᠠᠯᠭᠤ ᠳᠠᠭᠤᠯᠠᠬᠤ᠎ᠳᠤ ᠳᠤᠬᠢᠷᠠᠬᠤ ᠵᠢ ᠰᠠᠨᠠᠭᠤᠯᠵᠠᠢ᠃ ᠲᠡᠭᠡᠭᠡᠳ ᠹᠠᠨ ᡁᠢ ᠯᠠᠨ ᠮᠠᠩᠬᠠᠨ ᠠᠶᠠᠯᠭᠤ᠎ᠶ᠋ᠢᠨ ᠲᠥᠯᠥᠭᠡᠯᠡᠭ᠌ᠴᠢ ᠫᠸᠢ ᠯᠢᠶᠠᠨ ᠹᠠᠨ᠂ ᠸᠠᠩ ᠶᠦᠩ ᠪᠣᠯᠤᠨ ᠵᠦ᠍ ᠱᠢᠤ ᠶᠢᠩ᠎ᠳᠤ ᠱᠠᠪᠢᠯᠠᠨ᠂ ᠲᠡᠳᠡᠨ᠎ᠦ ᠡᠷᠳᠡᠮ᠎ᠢ ᠵᠠᠯᠭᠠᠮᠵᠢᠯᠠᠵᠤ᠂ ᠠᠭᠠᠵᠢᠮ᠎ᠢᠶᠠᠷ ᠮᠠᠩᠬᠠᠨ ᠠᠶᠠᠯᠭᠤ ᠵᠢᠨ ᠲᠤᠯᠭᠠᠭᠤᠷᠢ ᠬᠦᠴᠦᠨ ᠪᠣᠯᠪᠠ᠃

2015 ᠣᠨ᠎ᠳᠤ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠭ᠌ᠰᠡᠨ ᠳᠠᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠭ᠌ᠰᠡᠨ ᠳᠠᠢᠨ ᠢᠯᠠᠯᠲᠠ ᠣᠯᠤᠭ᠍ᠰᠠᠨ 70 ᠵᠢᠯ᠎ᠦᠨ ᠣᠶ᠎ᠶ᠋ᠢ ᠪᠡᠯᠭᠡᠯᠡᠬᠦ᠌᠎ᠶ᠋ᠢᠨ ᠲᠥᠯᠥᠭᠡ᠂ ᠦᠴᠦᠸᠠᠨ ᠱᠢᠶᠠᠨ᠎ᠤ ᠤᠯᠠᠭᠠᠨᠮᠥ᠋ᠴᠢᠷ ᠶᠠᠫᠣᠨ᠎ᠢ ᠡᠰᠡᠷᠭᠦᠴᠡᠭ᠌ᠰᠡᠨ ᠶᠡᠬᠡ ᠬᠡᠪᠴᠢᠶᠡᠨ᠎ᠤ ᠮᠠᠩᠬᠠᠨ ᠠᠶᠠᠯᠭᠤ ᠵᠢᠨ ᠲᠡᠦᠬᠡᠨ ᠵᠦᠴᠦᠭᠡ 《ᠳᠠᠯᠠᠨ ᠬᠠᠷ᠎ᠠ ᠎ᠶ᠋ᠢᠨ ᠬᠥᠪᠡᠭᠦᠳ ᠥᠬᠢᠳ》 ᠎ᠢ᠋ ᠵᠣᠬᠢᠶᠠᠵᠠᠢ᠂ ᠲᠤᠰ ᠵᠦᠴᠦᠭᠡ᠎ᠶ᠋ᠢ ᠳᠠᠯᠠᠨ ᠬᠠᠷ᠎ᠠ ᠠᠭᠤᠯᠠ᠎ᠶ᠋ᠢᠨ ᠬᠤᠪᠢᠰᠭᠠᠯ᠎ᠤᠨ ᠰᠠᠭᠤᠷᠢᠨ ᠭᠠᠵᠠᠷ᠎ᠤᠨ ᠦᠨᠡᠨ ᠪᠣᠳᠠᠲᠠᠶ ᠬᠡᠷᠡᠭ ᠶᠠᠪᠤᠳᠠᠯ᠎ᠢ ᠦᠨᠳᠦᠰᠦᠯᠡᠨ ᠥᠭᠡᠷᠡᠴᠢᠯᠡᠨ ᠨᠠᠢᠷᠠᠭᠤᠯᠵᠤ᠂ ᠮᠠᠩᠬᠠᠨ ᠠᠶᠠᠯᠭᠤ ᠪᠣᠯᠤᠨ ᠣᠳᠣ ᠦᠶ᠎ᠡ᠎ᠶ᠋ᠢᠨ ᠲᠠᠢᠰᠠᠨ᠎ᠤ ᠵᠦᠴᠦᠭᠡ᠎ᠶ᠋ᠢ ᠤᠶᠠᠯᠳᠤᠭᠤᠯᠵᠤ᠂ ᠦᠨᠳᠦᠰᠦᠲᠡᠨ᠎ᠨᠤᠬᠦᠳ᠎ᠤᠨ ᠠᠷᠠᠳ ᠲᠦᠮᠡᠨ᠎ᠦ ᠬᠠᠮᠲᠤ᠎ᠪᠠᠷ ᠶᠠᠫᠣᠨ᠎ᠢ ᠡᠰᠡᠷᠭᠦᠴᠡᠭ᠌ᠰᠡᠨ ᠪᠠᠭᠠᠲᠤᠷᠯᠢᠭ ᠦᠢᠯᠡ ᠠᠵᠢᠯᠯᠠᠭ᠎ᠠ᠎ᠶ᠋ᠢ ᠳᠠᠬᠢᠨ ᠢᠯᠡᠷᠡᠭᠦᠯᠦᠭ᠌ᠰᠡᠨ ᠪᠠᠢᠨ᠎ᠠ᠃ ᠲᠤᠬᠠᠶ᠎ᠶ᠋ᠢᠨ ᠦᠶ᠎ᠡ᠎ᠳᠦ᠂ ᠲᠣᠭ᠍ᠯᠠᠯᠲᠠ ᠭᠠᠷᠭᠠᠬᠤ ᠪᠣᠯᠲᠠᠯ᠎ᠠ ᠬᠣᠶᠠᠷᠬᠠᠨ ᠰᠠᠷ᠎ᠠ᠎ᠶ᠋ᠢᠨ ᠴᠠᠭ ᠲᠠᠢ ᠪᠠᠢᠪᠠ᠂ ᠡᠨᠡ ᠨᠢ ᠠᠩᠬ᠎ᠠ ᠤᠳᠠᠭ᠎ᠠ ᠲᠣᠮᠣ ᠬᠡᠯᠪᠡᠷᠢ᠎ᠶ᠋ᠢᠨ ᠲᠠᠢᠰᠠᠨ᠎ᠤ ᠵᠦᠴᠦᠭᠡ᠎ᠵᠢᠨ ᠡᠮᠡᠭ᠌ᠲᠡᠶ ᠭᠤᠤᠯ ᠲᠣᠭ᠍ᠯᠠᠭ᠍ᠴᠢ ᠪᠣᠯᠤᠭ᠍ᠰᠠᠨ ᠹᠠᠨ ᡁᠢ ᠯᠠᠨ᠎ᠳᠤ ᠠᠪᠴᠤ᠌ ᠬᠡᠯᠡᠪᠡᠯ ᠮᠠᠰᠢ ᠶᠡᠬᠡ ᠰᠢᠯᠭᠠᠯᠲᠠ ᠪᠣᠯᠬᠤ ᠶᠤᠮ᠃《ᠬᠣᠶᠠᠷ ᠴᠠᠭ ᠭᠠᠷᠤᠶ᠎ᠶ᠋ᠢᠨ ᠲᠠᠢᠰᠠᠨ᠎ᠤ ᠵᠦᠴᠦᠭᠡ ᠵᠢᠨ  ᠵᠣᠬᠢᠶᠠᠯ᠎ᠢ 3 ᠡᠳᠦᠷ᠎ᠦᠨ ᠳᠣᠲᠣᠷ᠎ᠠ ᠴᠡᠭᠡᠵᠢᠯᠡᠭᠦ ᠭᠡᠳᠡᠭ ᠪᠤᠯ ᠳᠠᠷᠤᠭᠠᠰᠤ ᠶᠡᠬᠡ᠂ ᠮᠠᠨ᠎ᠤ ᠪᠠᠢᠭᠤᠯᠭ᠎ᠠ᠎ᠳᠤ ᠠᠪᠴᠤ᠌ ᠬᠡᠯᠡᠪᠡᠯ ᠡᠢᠮᠦ᠍ ᠶᠡᠬᠡ ᠵᠦᠴᠦᠭᠡ᠎ᠶ᠋ᠢ ᠪᠢᠳᠡ ᠶᠡᠷᠦ᠍᠎ᠡᠴᠡ ᠲᠣᠭ᠍ᠯᠠᠵᠤ ᠦᠵᠡᠭᠡ ᠥᠬᠡᠶ》 ᠭᠡᠵᠦ᠍ ᠹᠠᠨ ᡁᠢ ᠯᠠᠨ ᠲᠤᠬᠠᠢ ᠵᠢᠨ ᠦᠶ᠎ᠡ ᠵᠢᠨ ᠪᠠᠢᠳᠠᠯ ᠵᠢᠡᠨ ᠡᠷᠭᠢᠴᠡᠭᠦᠯᠦᠨ᠎ᠡ᠃

《ᠰᠠᠨᠠᠵᠤ ᠶᠠᠪᠤᠪᠠᠯ ᠪᠦᠲᠦᠨ᠎ᠡ᠂ ᠰᠠᠵᠢᠯᠠᠵᠤ ᠪᠠᠢᠪᠠᠯ ᠬᠦᠷᠦᠨ᠎ᠡ》ᠭᠡᠳᠡᠭ ᠵᠦᠢᠲᠡᠢ ᠦᠭᠡ ᠡ᠃ 2015 ᠣᠨ᠎ᠤ 9 ᠰᠠᠷ᠎ᠠ᠎ᠳᠤ᠂ ᠪᠦᠬᠦ᠌ ᠵᠦᠴᠦᠭᠡ᠎ᠶ᠋ᠢᠨ ᠪᠦᠯᠬᠦᠮ᠎ᠦᠨ ᠴᠢᠷᠮᠠᠢᠯᠭ᠎ᠠ᠎ᠪᠠᠷ ᠲᠡᠦᠬᠡᠲᠦ ᠵᠦᠴᠦᠭᠡ 《ᠳᠠᠯᠠᠨ ᠬᠠᠷ᠎ᠠ᠎ᠶ᠋ᠢᠨ ᠬᠥᠪᠡᠭᠦᠳ ᠥᠬᠢᠳ》ᠬᠥᠬᠡᠬᠣᠲᠠ᠎ᠳᠤ ᠠᠩᠬᠠᠨ᠎ᠤ ᠲᠣᠭ᠍ᠯᠠᠯᠲᠠ ᠪᠠᠨ ᠲᠤᠭᠯᠠᠵᠤ᠂ ᠲᠠᠨᠢᠯ ᠲᠠᠰᠤᠯ ᠮᠠᠩᠬᠠᠨ ᠠᠶᠠᠯᠭᠤ ᠬᠥᠮᠦᠰ᠎ᠦᠨ ᠠᠩᠬᠠᠷᠤᠯ᠎ᠢ ᠲᠠᠲᠠᠵᠤ᠂ ᠦᠵᠡᠭ᠌ᠴᠢᠳ᠎ᠦᠨ ᠮᠠᠭ᠍ᠲᠠᠭᠠᠯ ᠰᠠᠢᠱᠢᠶᠠᠯ᠎ᠢ ᠣᠯᠤᠭᠰᠠᠨ ᠪᠠᠢᠨ᠎ᠠ᠃ ᠵᠢᠯ᠎ᠦᠨ ᠳᠠᠷᠠᠭ᠎ᠠ᠂ ᠡᠨᠡ ᠬᠦ᠌ ᠲᠡᠦᠬᠡᠲᠦ ᠵᠦᠴᠦᠭᠡ᠎ᠶ᠋ᠢ ᠪᠡᠭᠡᠵᠢᠩ᠎ᠦᠨ ᠦᠨᠳᠦᠰᠦᠲᠡᠨ᠎ᠦ ᠵᠦᠴᠦᠭᠡ᠎ᠶ᠋ᠢᠨ ᠬᠦᠷᠢᠶᠡᠯᠡᠩ᠎ᠦᠨ ᠲᠠᠢᠰᠠᠨ᠎ᠳᠤ ᠭᠠᠷᠭᠠᠵᠤ ᠂ ᠹᠠᠨ ᡁᠢ ᠯᠠᠨ ᠪᠣᠯᠤᠨ ᠲᠣᠭ᠍ᠯᠠᠭ᠍ᠴᠢᠳ ᠠᠬᠠᠮᠠᠳ ᠦᠶ᠎ᠡ᠎ᠶ᠋ᠢᠨ ᠤᠷᠠᠯᠢᠭ᠍ᠴᠢᠳ᠎ᠤᠨ ᠡᠭᠦᠷᠭᠡ᠎ᠶ᠋ᠢ ᠤᠯᠠᠮᠵᠢᠯᠠᠵᠤ᠂ ᠮᠠᠩᠬᠠᠨ ᠠᠶᠠᠯᠭᠤ᠎ᠶ᠋ᠢ ᠨᠡᠩ ᠥᠨᠳᠥᠷ ᠤᠷᠠᠯᠢᠭ᠎ᠤᠨ ᠣᠷᠳᠣᠨ᠎ᠳᠤ ᠣᠷᠣᠭᠤᠯᠪᠠ᠃

2019 ᠣᠨ᠎ᠳᠤ᠂ ᠦᠴᠦᠸᠠᠨ ᠱᠢᠶᠠᠨ᠎ᠤ ᠤᠯᠠᠭᠠᠨᠮᠥ᠋ᠴᠢᠷ ᠬᠤᠶᠠᠷ ᠬᠦᠮᠦᠨ᠎ᠤ ᠡᠯᠬᠦᠯᠴᠡᠭᠡ ᠳᠠᠭᠤᠤ ᠵᠢᠨ ᠤᠳᠤ ᠦᠶ᠎ᠡ᠎ᠶ᠋ᠢᠨ ᠵᠦᠴᠦᠭᠡ ᠪᠤᠯᠬᠤ《ᠳᠠᠯᠠᠨ ᠬᠠᠷ᠎ᠠ᠎ᠶ᠋ᠢᠨ ᠬᠠᠢᠷ᠎ᠠ》ᠵᠢ ᠨᠠᠷᠢᠨ ᠨᠢᠮᠪᠠᠢ ᠵᠣᠬᠢᠶᠠᠨ ᠪᠦᠲᠦᠭᠡᠵᠦ᠍ ᠂ ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ 70 ᠵᠢᠯ᠎ᠦᠨ ᠤᠢ ᠪᠣᠯᠤᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠪᠠᠢᠯᠳᠤᠬᠤ ᠪᠤᠳᠤᠯᠭ᠎ᠠ᠎ᠶ᠋ᠢ ᠳᠤᠷᠠᠰᠭᠠᠵᠠᠢ᠂ ᠡᠭᠦᠨ᠎ᠳᠤ ᠹᠠᠨ ᡁᠢ ᠯᠠᠨ ᠮᠥᠨ ᠬᠦ᠌ ᠡᠮᠡᠭ᠌ᠲᠡᠢ ᠭᠣᠣᠯ ᠲᠣᠭ᠍ᠯᠠᠭ᠍ᠴᠢ ᠪᠤᠯᠵᠤ᠂ ᠵᠦᠴᠦᠭᠡ᠎ᠶ᠋ᠢᠨ ᠳᠤᠮᠳᠠ ᠲᠡᠭᠦᠨ᠎ᠦ ᠳᠠᠭᠤᠯᠠᠭ᠍ᠰᠠᠨ ᠮᠠᠩᠬᠠᠨ ᠠᠶᠠᠯᠭᠤ ᠦᠵᠡᠭ᠌ᠴᠢᠳ᠎ᠦᠨ ᠲᠠᠭᠠᠱᠢᠶᠠᠯ᠎ᠳᠤ ᠬᠦᠷᠪᠡ᠃

ᠡᠨᠡ ᠵᠢᠯ᠂ ᠦᠴᠦᠸᠠᠨ ᠱᠢᠶᠠᠨ᠎ᠤ ᠤᠯᠠᠭᠠᠨᠮᠥ᠋ᠴᠢᠷ ᠪᠠᠰᠠ《ᠳᠠᠯᠠᠨ ᠬᠠᠷ᠎ᠠ ᠵᠢᠨ ᠢᠳᠡᠷᠡᠭᠦᠨ ᠨᠠᠷᠠᠰᠤ》ᠭᠡᠬᠦ᠌ ᠵᠦᠴᠦᠭᠡ ᠵᠢ ᠨᠠᠢᠷᠠᠭᠤᠯᠬᠤ ᠠᠵᠢᠯ᠎ᠢᠶᠠᠨ ᠶᠠᠭᠠᠷᠠᠯᠲᠠᠶ ᠡᠬᠢᠯᠡᠭᠦᠯᠵᠦ᠍᠂ 《ᠳᠠᠯᠠᠨ ᠬᠠᠷ᠎ᠠ ᠵᠢᠨ ᠬᠥᠪᠡᠭᠦᠳ ᠥᠬᠢᠳ》᠂ 《ᠳᠠᠯᠠᠨ ᠬᠠᠷ᠎ᠠ ᠵᠢᠨ ᠬᠠᠢᠷ᠎ᠠ》ᠭᠡᠬᠦ ᠵᠦᠴᠦᠭᠡ ᠲᠠᠢ ᠬᠠᠮᠲᠤ 《ᠦᠴᠦᠸᠠᠨ᠎ᠤ ᠭᠤᠷᠪᠠᠨ ᠠᠶᠠᠯᠭᠤ》ᠬᠡᠮᠡᠭ᠌ᠳᠡᠪᠡ᠃ ᠡᠭᠦᠨ᠎ᠡᠴᠡ ᠭᠠᠳᠠᠨ᠎ᠠ᠂ ᠮᠠᠩᠬᠠᠨ ᠠᠶᠠᠯᠭᠤ᠎ᠶ᠋ᠢᠨ ᠳᠠᠭᠤᠴᠢᠳ ᠪᠠᠰᠠ ᠠᠷᠠᠳ᠎ᠲᠤ ᠠᠱᠢᠭ ᠬᠦᠷᠲᠡᠭᠡᠬᠦ᠌ ᠲᠥᠷᠥ᠎ᠶ᠋ᠢᠨ ᠪᠣᠳᠣᠯᠭ᠎ᠠ᠂ ᠰᠠᠢᠨ ᠬᠥᠮᠦᠨ᠎ᠤ ᠰᠠᠢᠨ ᠶᠠᠪᠤᠳᠠᠯ᠂ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠵᠡᠷᠭᠡ ᠠᠭᠤᠯᠭ᠎ᠠ᠎ᠶ᠋ᠢ ᠳᠠᠭᠤᠤ ᠪᠤᠯᠭᠠᠨ ᠪᠢᠴᠢᠭᠡᠳ᠂ ᠮᠠᠩᠬᠠᠨ ᠠᠶᠠᠯᠭᠤ᠎ᠶ᠋ᠢᠨ ᠤᠯᠠᠮᠵᠢᠯᠠᠯᠲᠤ ᠠᠶ᠎ᠠ᠎ᠶ᠋ᠢ ᠳᠤᠬᠤᠵᠤ ᠳᠠᠭᠤᠯᠠᠨ᠂ ᠪᠤᠳᠤᠯ ᠰᠡᠳᠭᠢᠯᠭᠡ᠎ᠪᠡᠨ ᠢᠯᠡᠳᠭᠡᠭᠰᠡᠨ ᠪᠠᠢᠨ᠎ᠠ᠃ ᠢᠩᠬᠢᠵᠦ ᠴᠠᠭ ᠦᠶ᠎ᠡ᠎ᠶ᠋ᠢᠨ ᠠᠯᠬᠤᠮ᠎ᠢ ᠳᠠᠭᠠᠵᠤ ᠥᠭᠡᠷᠡᠴᠢᠯᠡᠵᠤ ᠨᠠᠢᠷᠠᠭᠤᠯᠤᠭ᠍ᠰᠠᠨ ᠪᠠ ᠵᠣᠬᠢᠶᠠᠨ ᠪᠦᠲᠦᠭᠡᠭ᠌ᠰᠡᠨ᠎ᠨᠢ ᠦᠵᠡᠭ᠌ᠴᠢᠳ᠎ᠲᠦ ᠭᠦᠨ ᠰᠠᠭᠤᠭ᠍ᠳᠠᠯ ᠦᠯᠡᠳᠡᠭᠡᠵᠦ᠍᠂ ᠮᠠᠩᠬᠠᠨ ᠠᠶᠠᠯᠭᠤ ᠵᠢᠨ ᠬᠥᠭ᠌ᠵᠢᠯᠲᠡ᠎ᠳᠦ ᠱᠢᠨ᠎ᠡ ᠠᠮᠢᠵᠢᠷᠠᠯ᠎ᠤᠨ ᠬᠦᠴᠦᠨ ᠨᠡᠮᠡᠷᠢᠯᠡᠭ᠌ᠰᠡᠨ ᠪᠠᠢᠨ᠎ᠠ᠃

ᠤᠯᠠᠮᠵᠢᠯᠠᠨ ᠬᠠᠮᠠᠭᠠᠯᠠᠬᠤ᠎ᠳᠤ ᠡᠭᠦᠷᠭᠡ ᠬᠦᠨᠳᠦ ᠵᠠᠮ ᠬᠣᠯᠠ

ᠮᠠᠩᠬᠠᠨ ᠠᠶᠠᠯᠭᠤ ᠵᠢᠨ ᠬᠦᠭ ᠠᠶᠠᠯᠭᠤ᠂ ᠳᠠᠭᠤᠤ ᠵᠢᠨ ᠦᠭᠡ ᠨᠢ ᠬᠠᠷᠢᠴᠠᠩᠭᠤᠢ ᠳᠦᠭᠦᠮ᠂ ᠳᠠᠭᠤᠯᠠᠬᠤ᠎ᠳᠤ ᠠᠮᠠᠷ ᠪᠤᠯᠬᠤᠷ ᠬᠤᠨᠢᠴᠢᠨ ᠴᠦ᠍ ᠭᠡᠰᠡᠨ᠂ ᠲᠠᠷᠢᠶᠠᠴᠢᠨ ᠴᠦ᠍ ᠭᠡᠰᠡᠨ ᠡᠰᠡᠭᠦᠯ᠎ᠡ ᠲᠤᠰᠬᠤᠨ᠎ᠤ ᠪᠦᠰᠡᠭᠦᠢᠴᠤᠳ ᠴᠦ᠍ ᠭᠡᠰᠡᠨ ᠲᠦᠷᠦᠯᠬᠢ ᠰᠠᠢᠨ ᠬᠤᠭᠤᠯᠠᠢ᠎ᠳᠠᠭᠠᠨ ᠲᠦᠰᠢᠨ᠂ ᠦᠶ᠎ᠡ ᠵᠢᠨ ᠦᠶ᠎ᠡ᠎ᠳᠡᠭᠡᠨ ᠠᠮᠠᠨ ᠤᠯᠠᠮᠵᠢᠯᠠᠯ ᠪᠠ ᠡᠳᠦᠷ ᠡᠳᠦᠷ᠎ᠤᠨ ᠳᠠᠭᠤᠷᠢᠶᠠᠨ ᠳᠤᠯᠢᠳᠠᠬᠤ ᠳᠤᠮᠳᠠ ᠮᠠᠩᠬᠠᠨ ᠠᠶᠠᠯᠭᠤ ᠵᠢ ᠤᠯᠠᠮᠵᠢᠯᠠᠵᠤ ᠢᠷᠡᠭᠰᠡᠨ ᠪᠠᠢᠨ᠎ᠠ᠃

ᠡᠳᠦᠷ ᠰᠠᠷ᠎ᠠ ᠤᠷᠤᠰᠤᠨ ᠥᠩᠭᠡᠷᠡᠵᠦ᠍᠂ ᠴᠠᠭ ᠦᠶ᠎ᠡ ᠬᠤᠪᠢᠷᠠᠵᠤ ᠯᠡ ᠪᠠᠢᠨ᠎ᠠ᠃ ᠠᠬᠠᠮᠠᠳ ᠨᠢᠭᠡ ᠦᠶ᠎ᠡ᠎ᠶ᠋ᠢᠨ ᠤᠷᠠᠯᠢᠭ᠍ᠴᠢᠳ ᠬᠣᠢᠨ᠎ᠠ ᠬᠣᠢᠨ᠎ᠠ᠎ᠠᠴᠠ᠎ᠪᠠᠨ ᠰᠠᠯᠵᠤ ᠤᠳᠬᠤ᠎ᠶ᠋ᠢ ᠳᠠᠭᠠᠯᠳᠤᠨ᠂ ᠠᠭᠤᠯᠠᠨ ᠬᠦᠲᠦᠯ ᠳᠡᠭᠡᠷ᠎ᠡ ᠳᠠᠭᠤᠯᠠᠵᠤ ᠤᠯᠠᠮᠵᠢᠯᠠᠵᠤ ᠪᠠᠢᠭ᠍ᠰᠠᠨ ᠮᠠᠩᠬᠠᠨ ᠠᠶᠠᠯᠭᠤ ᠮᠠᠰᠢ ᠣᠯᠠᠨ ᠠᠷᠠᠳ᠎ᠤᠨ ᠤᠯᠠᠮᠵᠢᠯᠠᠯᠲᠤ ᠤᠷᠠᠯᠢᠭ᠎ᠲᠠᠶ ᠠᠳᠠᠯᠢ᠎ᠤᠯᠠᠮᠵᠢᠯᠠᠵᠤ ᠳᠡᠢᠯᠬᠦ᠌ ᠥᠬᠡᠶ᠂ ᠵᠠᠯᠭᠠᠮᠵᠢᠯᠠᠭ᠍ᠴᠢ ᠥᠬᠡᠶ ᠬᠦᠴᠢᠷᠳᠡᠯ᠎ᠳᠦ ᠲᠤᠯᠭᠠᠷᠠᠵᠠᠶ᠃《ᠤᠳᠤ ᠮᠠᠰᠢ ᠤᠯᠠᠨ ᠵᠠᠯᠠᠭᠤᠴᠤᠳ ᠮᠠᠩᠬᠠᠨ ᠠᠶᠠᠯᠭᠤ᠎ᠳᠤ ᠳᠡᠮᠡᠶ ᠪᠠᠬ᠎ᠠ ᠦᠭᠡᠢ᠂ ᠲᠡᠭᠡᠬᠦ᠌ ᠮᠥᠷᠲᠡᠭᠡᠨ ᠮᠠᠩᠬᠠᠨ ᠠᠶᠠᠯᠭᠤ ᠳᠠᠭᠤᠯᠠᠭᠠᠳ ᠠᠮᠢᠳᠤᠷᠠᠯ᠎ᠢᠶᠠᠨ ᠪᠠᠰᠠ ᠠᠷᠭᠠᠴᠠᠭᠠᠵᠤ ᠳᠡᠢᠯᠬᠦ ᠦᠭᠡᠢ᠂ ᠵᠥᠪᠬᠡᠨ ᠲᠡᠭᠦᠨ᠎ᠢ ᠨᠢᠭᠡ ᠳᠤᠷ᠎ᠠ ᠪᠠᠬ᠎ᠠ᠎ᠪᠠᠷ ᠪᠤᠳᠤᠬᠤ ᠲᠡᠳᠦᠢ᠃ ᠡᠭᠦᠨ᠎ᠦ ᠳᠡᠭᠡᠷ᠎ᠡ ᠮᠠᠩᠬᠠᠨ ᠠᠶᠠᠯᠭᠤ ᠵᠢᠨ ᠲᠤᠰ ᠪᠡᠶ᠎ᠡ ᠨᠢ ᠪᠠᠰᠠ ᠵᠣᠬᠢᠬᠤ ᠬᠢᠵᠠᠭᠠᠷᠳᠠᠮᠠᠯ ᠴᠢᠨᠠᠷ᠎ᠲᠠᠶ᠂ ᠮᠠᠩᠬᠠᠨ ᠠᠶᠠᠯᠭᠤ᠎ᠶ᠋ᠢ ᠨᠤᠲᠤᠭ᠎ᠤᠨ ᠠᠶᠠᠯᠭᠤ᠎ᠪᠠᠷ ᠳᠠᠭᠤᠯᠠᠳᠠᠭ ᠪᠣᠯᠬᠣᠷ ᠠᠷᠠᠳ᠎ᠤᠨ ᠳᠠᠭᠤᠤ ᠱᠢᠭ᠋ ᠪᠦᠬᠦ ᠤᠯᠤᠰ ᠲᠦ᠍ ᠳᠡᠯᠭᠡᠷᠡᠭᠦᠯᠬᠦ᠎ᠳᠤ ᠬᠦᠴᠢᠷᠲᠡᠶ》ᠭᠡᠵᠦ᠍ ᠡᠦ ᠰᠠᠨ ᠵᠢᠶᠦ᠋ᠨ ᠪᠤᠳᠤᠯᠭᠠᠰᠢᠷᠠᠨ ᠶᠠᠷᠢᠨ᠎ᠠ᠃

ᠡᠭᠦᠨ᠎ᠦ ᠬᠠᠮᠲᠤ᠂ ᠳᠠᠭᠤᠯᠠᠬᠤ ᠦᠭᠡᠰ ᠨᠢ ᠪᠠᠶᠠᠯᠢᠭ᠂ ᠠᠶᠠᠯᠭᠤ ᠨᠢ ᠳᠠᠩ ᠴᠤᠯᠭᠤᠶ ᠪᠠᠢᠬᠤ ᠪᠤᠯ ᠮᠠᠩᠬᠠᠨ ᠠᠶᠠᠯᠭᠤ᠎ᠶ᠋ᠢ ᠤᠯᠠᠮᠵᠢᠯᠠᠨ ᠵᠠᠯᠭᠠᠮᠵᠢᠯᠠᠬᠤ ᠪᠠ ᠬᠠᠮᠠᠭᠠᠯᠠᠬᠤ ᠳᠤᠮᠳᠠ ᠴᠢᠬᠤᠯᠠᠴᠢᠯᠠᠬᠤ ᠦᠭᠡᠶ ᠪᠠᠢᠬᠤ᠎ᠶ᠋ᠢᠨ ᠠᠷᠭ᠎ᠠ ᠦᠭᠡᠶ ᠨᠢᠭᠡᠨ ᠠᠰᠠᠭᠤᠳᠠᠯ ᠪᠤᠯᠬᠤ ᠶᠤᠮ᠃《ᠮᠠᠩᠬᠠᠨ ᠠᠶᠠᠯᠭᠤ᠎ᠶ᠋ᠢᠨ ᠬᠦᠭ ᠠᠶᠠᠯᠭᠤ ᠡᠴᠡ ᠠᠪᠴᠤ᠌ ᠬᠡᠯᠡᠪᠡᠯ᠂ ᠡᠳᠦᠭᠡ ᠪᠣᠯᠲᠠᠯ᠎ᠠ ᠤᠯᠠᠮᠵᠢᠯᠠᠨ ᠳᠠᠭᠤᠯᠠᠭ᠍ᠰᠠᠭᠠᠷ ᠢᠷᠡᠭ᠌ᠰᠡᠨ〈ᠶᠤᠤᠮᠠᠢ ᠬᠠᠳᠤᠬᠰᠠᠨ ᠨᠢ〉᠂〈ᠬᠠᠷ᠎ᠠ ᠦᠭᠡᠷ〉᠂〈ᠰᠠᠷᠠᠯ ᠮᠣᠷᠢ〉ᠵᠡᠷᠭᠡ ᠬᠡᠳᠦᠬᠡᠨ ᠠᠶᠠᠯᠭᠤ ᠪᠤᠢ᠂ ᠨᠡᠢᠯᠡᠭᠡᠳ ᠠᠷᠪᠠ᠎ᠬᠦᠷᠬᠦ ᠦᠭᠡᠢ᠂ ᠬᠦᠭ ᠠᠶᠠᠯᠭᠤ᠎ᠶ᠋ᠢᠨ ᠲᠠᠩ ᠴᠤᠯᠭᠤᠢ ᠪᠠᠢᠬᠤ ᠨᠢ ᠪᠠᠰᠠ ᠮᠠᠩᠬᠠᠨ ᠠᠶᠠᠯᠭᠤ᠎ᠶ᠋ᠢᠨ ᠤᠯᠠᠮ ᠴᠢᠨᠠᠭ᠍ᠰᠢ ᠬᠥᠭ᠌ᠵᠢᠬᠦ᠌᠎ᠶ᠋ᠢ ᠬᠢᠵᠠᠭᠠᠷᠯᠠᠭ᠍ᠰᠠᠨ ᠪᠠᠢᠨ᠎ᠠ᠃ ᠬᠦᠭ ᠠᠶᠠᠯᠭᠤ ᠵᠢ ᠱᠢᠨᠡᠳᠭᠡᠵᠦ ᠨᠤᠲᠯᠠᠬᠤ ᠲᠤᠰᠭᠠᠶ ᠮᠡᠷᠭᠡᠵᠢᠯ᠎ᠦᠨ ᠬᠥᠮᠦᠰ ᠪᠠᠢᠬᠤ ᠥᠬᠡᠶ᠂ ᠲᠣᠭ᠍ᠯᠠᠭ᠍ᠴᠢᠳ ᠰᠣᠩᠭᠣᠳᠠᠭ ᠠᠶᠠᠯᠭᠤ᠎ᠶ᠋ᠢ ᠳᠠᠬᠢᠨ ᠳᠠᠪᠲᠠᠨ ᠳᠠᠭᠤᠯᠠᠵᠤ᠂ ᠱᠢᠨ᠎ᠡ ᠰᠡᠪᠡᠭᠦᠨ ᠵᠦᠢᠯ ᠭᠡᠵᠦ ᠪᠠᠢᠬᠤ ᠦᠭᠡᠢ ᠪᠤᠯᠬᠤᠷ ᠤᠯᠠᠮᠵᠢᠯᠠᠨ ᠲᠠᠷᠬᠠᠭᠠᠬᠤ᠎ᠳᠤ ᠨᠠᠩ ᠬᠦᠴᠢᠷᠲᠡᠶ》ᠭᠡᠵᠦ᠍ ᠹᠠᠨ ᡁᠢ ᠯᠠᠨ ᠰᠤᠷᠪᠤᠯᠵᠢᠯᠠᠭ᠍ᠴᠢ᠎ᠳᠤ ᠶᠠᠷᠢᠨ᠎ᠠ᠃

ᠮᠠᠩᠬᠠᠨ ᠠᠶᠠᠯᠭᠤ ᠵᠢ ᠤᠯᠠᠮᠵᠢᠯᠠᠬᠤ ᠪᠠ ᠬᠠᠮᠠᠭᠠᠯᠠᠬᠤ᠎ᠳᠤ ᠬᠦᠴᠢᠷ ᠪᠡᠷᠬᠡᠱᠢᠶᠡᠯ ᠲᠠᠢ ᠪᠤᠯᠪᠠᠴᠤ ᠴᠥᠭᠡᠨ ᠪᠤᠰᠤ ᠬᠥᠮᠦᠨ ᠡᠨᠡ ᠬᠦᠷᠢᠶᠡᠨ᠎ᠳᠦ ᠮᠥᠨ ᠵᠢᠳᠭᠦᠭᠰᠡᠭᠡᠷ᠃ ᠡᠳᠦᠭᠡ ᠹᠠᠨ ᡁᠢ ᠯᠠᠨ᠂ ᠦ᠋ ᠰᠠᠨ ᠵᠢᠶᠦ᠋ᠨ᠎ᠢᠶᠡᠷ ᠲᠥᠯᠥᠭᠡᠯᠡᠭᠦᠯᠦᠭ᠌ᠰᠡᠨ ᠢᠳᠡᠷ ᠵᠠᠯᠠᠭᠤ ᠳᠠᠭᠤᠴᠢᠳ ᠮᠠᠩᠬᠠᠨ ᠠᠶᠠᠯᠭᠤ᠎ᠶ᠋ᠢ ᠤᠯᠠᠮᠵᠢᠯᠠᠨ ᠵᠠᠯᠭᠠᠮᠵᠢᠯᠠᠬᠤ ᠬᠦᠨᠳᠦ ᠡᠭᠦᠷᠭᠡ᠎ᠶ᠋ᠢ ᠡᠭᠦᠷᠭᠡᠯᠡᠵᠦ᠍᠂ ᠥᠪᠡᠷ᠎ᠦᠨ ᠴᠢᠷᠮᠠᠢᠯᠭ᠎ᠠ᠎ᠪᠠᠷ᠎ᠢᠶᠠᠨ ᠡᠨᠡ ᠬᠦ᠌ ᠥᠨᠢ ᠤᠳᠠᠭᠠᠨ ᠲᠡᠦᠬᠡ᠎ᠲᠡᠶ ᠠᠷᠠᠳ᠎ᠤᠨ ᠤᠷᠠᠯᠢᠭ᠎ᠢ ᠨᠡᠩ ᠤᠯᠠᠨ ᠬᠥᠮᠦᠰ᠎ᠲᠦ ᠮᠡᠳᠡᠭᠦᠯᠦᠨ᠂ ᠲᠡᠳᠡᠨ᠎ᠤ ᠤᠯᠠᠮᠵᠢᠯᠠᠨ ᠳᠠᠭᠤᠯᠠᠬᠤ᠎ᠶ᠋ᠢ ᠬᠦᠰᠡᠵᠦ᠍ ᠪᠠᠢᠨ᠎ᠠ᠃

2019 ᠣᠨ᠎ᠤ ᠦᠴᠦᠸᠠᠨ ᠱᠢᠶᠠᠨ᠎ᠤ ᠴᠠᠭᠠᠨ ᠰᠠᠷ᠎ᠠ᠎ᠶ᠋ᠢᠨ ᠦᠳᠡᠱᠢᠯᠡᠭᠡ᠎ᠳᠡᠭᠡᠷ᠎ᠡ ᠹᠠᠨ ᡁᠢ ᠯᠠᠨ ᠬᠡᠦᠬᠡᠳ᠎ᠦᠨ ᠲᠠᠭᠤ ᠵᠢ ᠮᠠᠩᠬᠠᠨ ᠠᠶᠠᠯᠭᠤ᠎ᠳᠤ ᠣᠷᠣᠭᠤᠯᠬᠤ ᠬᠡᠯᠪᠡᠷᠢ᠎ᠶ᠋ᠢ ᠪᠤᠳᠤᠵᠥ᠍ ᠣᠯᠤᠭᠠᠳ᠂ ᠥᠪᠡᠷ᠎ᠦᠨ 5 ᠨᠠᠰᠤᠲᠠᠢ ᠥᠬᠢᠨ ᠪᠠᠨ ᠶᠠ ᠨᠠᠨ ᠪᠣᠯᠤᠨ ᠬᠡᠳᠦᠨ ᠪᠢᠴᠢᠬᠠᠨ ᠨᠠᠢᠵᠨ᠎ᠵᠢ ᠤᠷᠢᠭᠠᠳ《ᠶᠤᠸ᠋ᠮᠠᠶ ᠬᠠᠳᠤᠬᠰᠠᠨ ᠨᠢ》ᠭᠡᠬᠦ ᠳᠠᠭᠤᠤ ᠵᠢ ᠬᠠᠮᠲᠤ ᠪᠡᠷ ᠲᠣᠭ᠍ᠯᠠᠪᠠ᠂ ᠬᠡᠦᠬᠡᠳ᠎ᠦᠨ ᠳᠠᠭᠤᠯᠠᠭᠰᠠᠨ ᠮᠠᠩᠬᠠᠨ ᠠᠶᠠᠯᠭᠤ ᠲᠤᠬᠠᠢ᠎ᠶ᠋ᠢᠨ ᠲᠠᠯᠠᠪᠠᠢ ᠵᠢᠨ ᠦᠵᠡᠭᠴᠢᠳ ᠪᠣᠯᠤᠨ ᠲᠧᠯᠸᠢᠰ᠎ᠦᠨ ᠡᠮᠦᠨᠡᠬᠢ ᠦᠵᠡᠭ᠌ᠴᠢᠳ᠎ᠲᠦ ᠱᠢᠨ᠎ᠡ ᠰᠡᠪᠡᠭᠦᠨ ᠰᠠᠨᠠᠭᠳᠠᠵᠠᠢ᠃ ᠹᠠᠨ ᡁᠢ ᠯᠠᠨ ᠄ 《 ᠮᠢᠨᠦ᠍ ᠬᠡᠦᠬᠡᠨ〈 ᠶᠤᠤᠮᠠᠢ ᠬᠠᠳᠤᠬᠰᠠᠨ ᠨᠢ〉ᠭᠡᠬᠦ ᠳᠠᠭᠤᠤ ᠵᠢ ᠲᠤᠩ ᠰᠠᠢᠨ ᠳᠠᠭᠤᠯᠠᠵᠠᠢ ᠂ ᠡᠭᠦᠨ᠎ᠢ ᠤᠯᠠᠮᠵᠢᠯᠠᠯ ᠭᠡᠵᠦ ᠬᠡᠯᠡᠵᠦ ᠪᠤᠯᠤᠨ᠎ᠠ》ᠭᠡᠵᠦ ᠬᠠᠨᠤᠮᠵᠢᠲᠠᠢ ᠶᠠᠷᠢᠵᠦ ᠪᠠᠢᠯ᠎ᠠ᠃

ᠬᠠᠷᠢᠨ ᠡᠦ ᠰᠠᠨ ᠵᠢᠶᠦ᠋ᠨ ᠮᠠᠩᠬᠠᠨ ᠠᠶᠠᠯᠭᠤ᠎ᠶ᠋ᠢ ᠳᠠᠭᠤᠯᠠᠬᠤ᠎ᠳᠠᠭᠠᠨ ᠥᠷᠥᠨᠡᠳᠠᠬᠢᠨ᠎ᠤ ᠪᠦᠮᠪᠦᠷ᠂ ᠡᠯᠧᠺᠲ᠋ᠷᠣᠨ ᠬᠦᠭᠵᠢᠮ᠂ ᠭᠢᠲ᠋ᠠᠷ ᠵᠡᠷᠭᠡ ᠬᠦᠭ᠌ᠵᠢᠮ ᠎ᠢ ᠬᠠᠪᠰᠤᠷᠭᠠᠨ ᠬᠦᠭᠵᠢᠮᠳᠡᠬᠦ ᠵᠢ ᠲᠤᠷᠰᠢᠨ᠂ ᠨᠠᠩ ᠣᠯᠠᠨ ᠵᠠᠯᠠᠭᠤᠴᠤᠳ᠎ᠤᠨ ᠠᠩᠬᠠᠷᠤᠯ᠎ᠢ ᠲᠠᠲᠠᠬᠤ ᠪᠡᠷ ᠵᠤᠷᠢᠵᠠᠢ᠃ ᠲᠡᠷᠡ᠄《ᠲᠠᠨ ᠸᠧᠢ ᠸᠧᠢ᠎ᠷᠤᠺ ᠪᠤᠯᠤᠨ ᠠᠷᠠᠳ᠎ᠤᠨ ᠤᠯᠠᠮᠵᠢᠯᠠᠯᠲᠤ ᠤᠷᠠᠯᠢᠭ᠎ᠢ ᠠᠭᠤᠰᠤᠯᠴᠠᠭᠤᠯᠤᠭᠰᠠᠨ ᠰᠢᠬ ᠪᠢ ᠪᠠᠰᠠ ᠤᠳᠤ ᠦᠶ᠎ᠡ᠎ᠶ᠋ᠢᠨ ᠥᠷᠥᠨᠡᠳᠠᠬᠢᠨ᠎ᠤ ᠬᠥᠭ᠌ᠵᠢᠮ ᠪᠣᠯᠤᠨ ᠮᠠᠩᠬᠠᠨ ᠠᠶᠠᠯᠭᠤ᠎ᠶ᠋ᠢ ᠠᠭᠤᠰᠤᠯᠴᠠᠭᠤᠯᠵᠤ᠂ ᠵᠠᠷᠢᠮ ᠴᠠᠭ ᠦᠶ᠎ᠡ᠎ᠶ᠋ᠢᠨ ᠡᠯᠧᠮᠧᠨ᠋ᠲ᠎ᠢ ᠣᠷᠣᠭᠤᠯᠵᠤ᠂ ᠮᠠᠨ᠎ᠦ ᠬᠣᠢᠴᠢ ᠦᠶ᠎ᠡ᠎ᠪᠠᠨ ᠮᠠᠩᠬᠠᠨ ᠠᠶᠠᠯᠭᠤ᠎ᠳᠤ ᠪᠠᠬᠠᠲᠠᠢ ᠪᠤᠯᠭᠠᠵᠤ᠂ ᠮᠠᠩᠬᠠᠨ ᠠᠶᠠᠯᠭᠤ᠎ᠶ᠋ᠢ ᠤᠯᠠᠮᠵᠢᠯᠠᠭᠤᠯᠤᠶ᠎ᠠ ᠭᠡᠵᠦ᠍ ᠪᠣᠳᠣᠵᠤ ᠪᠠᠢᠨ᠎ᠠ》ᠭᠡᠵᠦ ᠶᠠᠷᠢᠨ᠎ᠠ᠃

2016 ᠣᠨ᠎ᠳᠤ᠂ ᠦᠴᠦᠸᠠᠨ ᠱᠢᠶᠠᠨ᠎ᠤ ᠰᠣᠶᠣᠯ᠎ᠤᠨ ᠣᠷᠳᠣᠨ ᠮᠠᠩᠬᠠᠨ ᠠᠶᠠᠯᠭᠤ ᠵᠢᠨ《ᠤᠯᠠᠮᠵᠢᠯᠠᠯ ᠪᠣᠯᠪᠠᠰᠤᠷᠠᠯ》 ᠤ᠋ᠨ ᠤᠷᠠᠯᠢᠭ᠎ᠤᠨ ᠪᠦᠯᠬᠦᠮ᠎ᠢ ᠵᠣᠬᠢᠶᠠᠨ ᠪᠠᠢᠭᠤᠯᠵᠤ᠂ ᠮᠠᠩᠬᠠᠨ ᠠᠶᠠᠯᠭᠤ ᠵᠢ ᠤᠯᠠᠮᠵᠢᠯᠠᠬᠤ᠂ ᠪᠣᠯᠪᠠᠰᠤᠷᠠᠬᠤ᠂ ᠲᠠᠢᠯᠤᠮᠵᠢ ᠬᠢᠬᠦ ᠪᠣᠯᠤᠨ ᠲᠣᠭ᠍ᠯᠠᠬᠤ ᠵᠡᠷᠭᠡ ᠠᠵᠢᠯ᠎ᠢ ᠡᠭᠦᠷᠭᠡᠯᠡᠪᠡ᠃ ᠲᠤᠰ ᠤᠷᠠᠯᠢᠭ᠎ᠤᠨ ᠪᠦᠯᠬᠦᠮ ᠭᠣᠣᠯᠳᠠᠭᠤ ᠦᠴᠦᠸᠠᠨ ᠱᠢᠶᠠᠨ᠎ᠤ ᠤᠯᠠᠭᠠᠨᠮᠥ᠋ᠴᠢᠷ᠎ᠦᠨ ᠠᠵᠢᠯ ᠡᠴᠡ᠎ᠪᠠᠨ ᠠᠮᠠᠷᠠᠭ᠍ᠰᠠᠨ ᠲᠣᠭ᠍ᠯᠠᠭ᠍ᠴᠢ ᠪᠣᠯᠤᠨ ᠮᠠᠩᠬᠠᠨ ᠠᠶᠠᠯᠭᠤ᠎ᠳᠤ ᠳᠤᠷ᠎ᠠ ᠪᠠᠬᠠᠲᠠᠢ ᠬᠥᠮᠦᠰ᠎ᠢᠶᠡᠷ ᠪᠦᠷᠢᠯᠳᠦᠵᠦ᠍᠂ ᠣᠳᠣᠬᠠᠨ᠎ᠳᠤ ᠨᠢᠭᠡᠨᠲᠡ 20 ᠱᠢᠬᠠᠮ ᠬᠥᠮᠦᠨ᠎ᠲᠡᠶ ᠪᠤᠯᠵᠠᠢ᠂ ᠡᠭᠦᠨ᠎ᠳᠤ ᠡᠦ ᠰᠠᠨ ᠵᠢᠶᠦ᠋ᠨ ᠪᠤᠯ ᠲᠤᠰ ᠪᠦᠯᠬᠦᠮ᠎ᠤᠨ ᠨᠢᠭᠡ ᠭᠡᠰᠢᠭᠦᠨ ᠪᠣᠯᠤᠨ᠎ᠠ᠃

ᠡᠭᠦᠨ᠎ᠡᠴᠡ ᠭᠠᠳᠠᠨ᠎ᠠ᠂《ᠪᠣᠳᠠᠰ᠎ᠤᠨ ᠪᠤᠰᠤ ᠰᠣᠶᠣᠯ᠎ᠤᠨ ᠥᠪ᠎ᠢ ᠰᠤᠷᠭᠠᠭᠤᠯᠢ᠎ᠶ᠋ᠢᠨ ᠬᠦᠷᠢᠶᠡᠨ᠎ᠳᠦ ᠤᠷᠤᠭᠤᠯᠬᠤ》ᠳᠤᠬᠢᠶᠠᠯ ᠵᠢᠡᠷ ᠹᠠᠨ ᡁᠢ ᠯᠠᠨ᠂ ᠦ᠋ ᠰᠠᠨ ᠵᠢᠶᠦ᠋ᠨ ᠵᠡᠷᠭᠡ ᠮᠠᠩᠬᠠᠨ ᠠᠶᠠᠯᠭᠤ ᠵᠢᠨ ᠤᠯᠠᠮᠵᠢᠯᠠᠬᠴᠢᠳ ᠮᠠᠩᠬᠠᠨ ᠠᠶᠠᠯᠭᠤ ᠵᠢ ᠬᠢᠴᠢᠶᠡᠯ᠎ᠦᠨ ᠲᠠᠩᠬᠢᠮ᠎ᠳᠤ ᠤᠷᠤᠭᠤᠯᠪᠠ᠃ ᠢᠷᠠᠭᠤ ᠡᠭᠡᠰᠢᠭ ᠲᠠᠢ ᠮᠠᠩᠬᠠᠨ ᠠᠶᠠᠯᠭᠤ ᠬᠢᠴᠢᠶᠡᠯ᠎ᠤᠨ ᠲᠠᠩᠬᠢᠮ᠎ᠳᠤ ᠤᠶᠠᠩᠭᠠᠷᠠᠨ᠂ ᠦᠴᠦᠸᠠᠨ᠎ᠤ ᠬᠥᠮᠦᠰ᠎ᠦᠨ ᠪᠠᠶᠠᠷ ᠵᠢᠷᠭᠠᠯ ᠭᠤᠨᠢᠬ ᠵᠤᠪᠠᠯᠠᠩ᠎ᠢ ᠠᠴᠢᠶᠠᠯᠠᠵᠤ᠂ ᠡᠨᠡ ᠬᠦ᠌ ᠪᠠᠯᠠᠷ ᠡᠷᠲᠡᠡ᠎ᠤ᠎ᠡᠬᠡ ᠭᠠᠵᠠᠷ ᠳᠡᠭᠡᠷᠡᠬᠢ ᠮᠦᠩᠬᠡ ᠵᠢᠨ ᠬᠦᠭ ᠠᠶᠠᠰ᠎ᠢ ᠳᠠᠭᠤᠯᠠᠨ᠎ᠠ᠃

ᠰᠣᠨᠣᠰᠤᠭᠠᠴᠢ᠂ ᠯᠢᠮᠪᠦ᠎ᠶ᠋ᠢᠨ ᠳᠠᠭᠤᠨ ᠳᠠᠬᠢᠨᠲᠠ ᠬᠠᠩᠬᠢᠨᠠᠵᠤ ᠡᠬᠢᠯᠡᠯ᠎ᠡ!

ᠰᠤᠨᠤᠰᠤᠭᠠᠴᠢ᠂ ᠮᠠᠩᠬᠠᠨ ᠠᠶᠠᠯᠭᠤ ᠵᠢ ᠳᠠᠬᠢᠨᠲᠠ ᠳᠠᠭᠤᠯᠠᠵᠤ ᠡᠬᠢᠯᠡᠯ᠎ᠡ!


QQ图片20211112094441.png


ᠶᠠᠫᠤᠨ᠎ᠢ ᠡᠰᠡᠷᠬᠦᠴᠡᠭᠰᠡᠨ ᠮᠠᠩᠬᠠᠨ ᠠᠶᠠᠯᠭᠤ ᠵᠢᠨ  ᠲᠡᠤᠬᠡᠨ  ᠵᠦᠴᠤᠬᠡ ᠵᠢ   ᠳᠤᠬᠯᠠᠨ᠎ᠠ


QQ图片20211112094517.png


ᠹᠠᠨ ᡁᠢ ᠯᠠᠨ ᠠᠶ᠎ᠠ ᠲᠠᠭᠤᠤ ᠪᠡᠨ ᠡᠷᠬᠦᠨ᠎ᠠ


QQ图片20211112094528.png


ᠹᠠᠨ ᡁᠢ ᠯᠠᠨ ᠬᠡᠤᠬᠡᠳ᠎ᠤᠳ ᠲᠦ᠍  ᠮᠠᠩᠬᠠᠨ ᠠᠶᠠᠯᠭᠤ ᠵᠢ ᠵᠢᠭᠠᠵᠤ ᠪᠠᠢᠭ᠎ᠠ ᠨᠢ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号