《ᠱᠢᠶᠠᠩ ᠽᠢ ᠡ᠂ ᠢᠯᠡᠭᠦᠴᠡ ᠣᠷᠣ ᠪᠠᠢ᠍ᠢᠨ᠎ᠠ ᠤᠤ? ᠨᠠᠳᠠ᠎ᠳᠤ ᠨᠢᠭᠡ
ᠵᠢᠭᠡᠯᠡᠭᠦᠯᠦᠭᠡᠴᠢ᠂ ᠡᠨᠡ ᠤᠳᠠᠭᠠᠨ᠎ᠤ ᠶᠡᠬᠡ ᠪᠣᠷᠣᠭᠠᠨ ᠮᠢᠨᠦ᠍ ᠮᠣᠩᠭᠣᠯ ᠭᠡᠷ᠎ᠦᠨ ᠬᠠᠨᠵᠤ᠎ᠶ᠋ᠢ ᠨᠡᠪᠲᠡ ᠨᠤᠷᠭᠠᠭᠠᠳ᠂ ᠬᠥᠮᠦᠨ ᠰᠠᠭᠤᠬᠤ᠎ᠶ᠋ᠢᠨ ᠠᠷᠭ᠎ᠠ ᠦᠭᠡᠶ ᠪᠣᠯᠵᠠᠶ》ᠭᠡᠵᠦ᠍ ᠬᠡᠯᠡᠪᠡ᠃
《ᠪᠠᠢ᠍ᠢᠨ᠎ᠠ ᠪᠠᠢ᠍ᠢᠨ᠎ᠠ᠂ ᠪᠢᠳᠡ ᠬᠣᠶᠠᠭᠤᠯᠠ ᠬᠠᠮᠲᠤ᠎ᠪᠠᠷ ᠲᠡᠷᠭᠡᠨᠳ᠋ᠤ ᠠᠴᠢᠶ᠎ᠠ᠂ ᠪᠤᠱᠢᠭᠤᠬᠠᠨ
ᠠᠪᠤᠭᠠᠳ ᠶᠠᠪᠤᠶ᠎ᠠ》 ᠭᠡᠪᠡ᠃ ᠦᠵᠡᠵᠤ ᠪᠠᠢᠲᠡᠯᠡ ᠠᠭᠠᠳᠠᠷ ᠪᠣᠷᠣᠭᠠᠨ ᠮᠣᠩᠭᠣᠯ ᠭᠡᠷ᠎ᠤᠨ ᠳᠤᠳᠤᠷᠠᠬᠢ ᠵᠢ ᠰᠢᠪᠠᠷ
ᠱᠠᠯᠴᠢᠭ ᠲᠠᠢ ᠪᠤᠯᠭᠠᠬᠤᠳ᠋ᠤ᠂ ᠵᠠᠩ ᠵᠢᠨ ᠱᠢᠶᠠᠩ᠎ᠤᠨ ᠵᠡᠷᠭᠡᠯᠡᠳᠡᠭᠡ ᠠᠢᠯ᠎ᠦᠨ ᠰᠤᠳᠦᠰᠡᠴᠡᠠ ᠬᠠᠷᠢᠨ ᠬᠠᠮᠤᠭ᠎ᠤᠨ
ᠲᠦᠷᠦᠭᠦᠨ᠎ᠳᠤ ᠱᠢᠶᠠᠩ ᠽᠢᠶ᠋ᠢ ᠪᠤᠳᠤᠵᠤ ᠤᠯᠤᠭᠠᠳ ᠡᠷᠢᠵᠤ ᠤᠴᠢᠵᠠᠢ᠃
ᠨᠠᠷᠠ ᠲᠤᠨᠤᠷᠠᠬᠰᠠᠠ ᠵᠤᠨ᠎ᠤ ᠥᠷᠯᠥᠭᠡ᠂ ᠳᠤᠮᠳᠠᠳᠤ ᠮᠣᠩᠭᠣᠯ᠎ᠤᠨ ᠬᠢᠯᠢ
ᠪᠡᠷ ᠪᠠᠢᠷᠢᠰᠢᠭᠠ ᠠᠪᠠᠭ᠎ᠠ ᠬᠣᠱᠢᠭᠤᠨ᠎ᠤ ᠪᠠᠶᠠᠨᠲᠤᠭ ᠰᠤᠮᠤ᠎ᠶ᠋ᠢᠨ ᠪᠠᠶᠠᠨᠲᠤᠬᠤᠮ ᠭᠠᠴᠠᠭ᠎ᠠ᠎ᠶ᠋ᠢᠨ ᠱᠢᠯᠢ᠎ᠶ᠋ᠢᠨ
ᠠᠬᠠᠮᠠᠳ ᠴᠡᠷᠢᠭ᠎ᠦᠨ ᠲᠣᠰᠭᠣᠨ᠎ᠤ ᠡᠷᠬᠢᠯᠡᠭ᠌ᠴᠢ ᠵᠠᠩ ᠵᠢᠨ ᠱᠢᠶᠠᠩ ᠶᠠᠬ ᠵᠡᠷᠭᠡᠯᠡᠳᠡᠭᠡ ᠠᠢᠯ᠎ᠤᠨ ᠰᠤᠳᠤᠰᠠᠴᠠᠨᠲᠡᠶ
ᠲᠡᠷᠭᠡ ᠤᠷᠤᠭᠤ ᠪᠡᠨ ᠣᠷᠣ᠎ᠶ᠋ᠢᠨ ᠵᠢᠶᠠᠰᠠ ᠪᠣᠯᠤᠨ ᠵᠤᠵᠠᠭᠠᠨ ᠣᠷᠣᠳᠡᠪᠢᠰᠭᠡᠷᠢ ᠵᠥᠭᠡᠭᠡᠵᠦ᠍ ᠪᠠᠢᠯ᠎ᠠ᠃ ᠲᠠᠷᠠᠴᠢᠯᠠᠨ᠂ ᠤᠢᠷ᠎ᠠ᠎ᠳᠤ ᠦᠬᠡᠷ᠎ᠠ ᠭᠠᠵᠡᠷ ᠨᠡᠭᠦᠵᠤ ᠣᠴᠢᠭ᠍ᠰᠠᠨ ᠶᠠᠳᠠᠭᠤ ᠬᠦᠴᠢᠷᠳᠡᠯᠲᠡᠢ ᠡᠷᠦᠬᠡ ᠮᠢᠩᠭᠠᠨᠴᠡᠴᠡᠭᠤᠨ
ᠬᠢᠨ᠎ᠤ᠎ᠳᠦ ᠰᠦᠯᠵᠢᠶ᠎ᠠ ᠪᠤᠯᠤᠨ ᠴᠠᠬᠢᠯᠭᠠᠨ ᠨᠡᠪᠲᠡᠷᠡᠬᠦ᠌᠎ᠪᠡᠷ ᠪᠣᠯᠵᠤ᠂ ᠡᠨᠡ ᠬᠦ᠌ ᠠᠷᠠᠳ᠎ᠲᠤ ᠠᠱᠢᠭ ᠬᠦᠷᠲᠡᠭᠡᠬᠦ᠌
ᠠᠵᠢᠯᠯᠠᠭ᠎ᠠ ᠨᠢ ᠡᠷᠬᠢᠨ ᠲᠣᠭᠣᠷᠢᠨ᠎ᠤ ᠮᠠᠯᠴᠢᠳ᠎ᠲᠤ ᠠᠪᠴᠤ᠌ ᠬᠡᠯᠡᠪᠡᠯ ᠬᠦᠰᠡᠭᠡᠳ ᠤᠳᠠᠭ᠍ᠰᠠᠨ ᠶᠡᠬᠡ ᠰᠠᠢ᠌ᠨ
ᠶᠠᠪᠤᠳᠠᠯ ᠶᠤᠮ᠃ ᠵᠠᠩ ᠵᠢᠨ ᠱᠢᠶᠠᠩ ᠬᠦᠮᠤᠨ ᠳᠤ ᠶᠡᠬᠡ ᠬᠠᠯᠠᠭᠤᠮᠰᠤᠭ ᠪᠤᠯᠬᠤᠷ ᠮᠢᠩᠭᠠᠨᠴᠡᠴᠡᠭᠢ ᠬᠠᠪᠰᠤᠷᠤᠨ
ᠭᠡᠷ ᠪᠠᠢᠱᠢᠩ᠎ᠢ ᠨᠢ ᠬᠠᠷᠠᠵᠤ ᠥᠭ᠌ᠭᠦᠭ᠌ᠰᠡᠨ᠎ᠢᠶᠡᠷ ᠪᠠᠷᠠᠬᠤ ᠦᠭᠡᠢ ᠪᠠᠰᠠ ᠡᠨᠳᠡ ᠲᠡᠨᠳᠡ᠎ᠡᠴᠡ ᠴᠠᠬᠢᠯᠭᠠᠨ
ᠤᠲᠠᠰᠤᠨ᠎ᠤ ᠪᠠᠭᠠᠨ᠎ᠠ ᠪᠤᠰᠭᠠᠵᠤ᠂ ᠤᠲᠠᠰᠤ ᠲᠠᠲᠠᠵᠤ ᠂ ᠱᠢᠷᠣᠢ ᠨᠡᠮᠡᠵᠦ᠍ ᠥᠭ᠌ᠴᠡᠢ᠃ ᠵᠠᠩ ᠵᠢᠨ ᠱᠢᠶᠠᠩ᠎ᠤᠨ
ᠡᠬᠡᠨᠡᠷ ᠪᠣᠯᠤᠨ ᠬᠣᠶᠠᠷ ᠬᠥᠷᠢ ᠳᠡᠭᠦᠦ ᠨᠢ ᠪᠦᠷ ᠲᠤᠬᠠᠢ᠎ᠶ᠋ᠢᠨ
ᠭᠠᠵᠠᠷ᠎ᠤᠨ ᠪᠣᠷᠣᠭ᠍ᠵᠢᠭᠤᠨ ᠴᠠᠢᠯᠭᠠᠨ ᠰᠡᠳᠭᠢᠯ᠎ᠲᠡᠶ ᠮᠣᠩᠭᠣᠯ ᠦᠨᠳᠦᠰᠦᠲᠡᠨ᠂ ᠡᠷᠤᠬᠡ ᠬᠡᠷ ᠵᠢᠠᠨ ᠪᠤᠰᠬᠠᠬᠰᠠᠠ
ᠲᠠᠷᠠ ᠡᠳᠤᠷ᠎ᠡᠴᠡ ᠲᠠᠷᠠ ᠪᠡᠷ ᠥᠪᠡᠷ᠎ᠦᠨ ᠴᠢᠰᠤ ᠮᠢᠬ᠎ᠠ᠂ ᠬᠠᠢᠷ᠎ᠠ ᠰᠡᠳᠭᠢᠯᠭᠡ᠎ᠪᠡᠨ ᠡᠨᠡ ᠬᠥ᠌ ᠲᠠᠯ᠎ᠠ ᠨᠤᠲᠤᠭ᠎ᠲᠤ ᠠᠭᠤᠰᠭᠠᠭ᠍ᠰᠠᠨ ᠶᠤᠮ᠃
ᠵᠠᠩ ᠵᠢᠨ ᠱᠢᠶᠠᠩ ᠪᠣᠯᠤᠨ ᠲᠡᠭᠦᠨ᠎ᠦ 《 ᠦᠨᠳᠦᠰᠦᠲᠡᠨ᠎ᠦ
ᠪᠦᠯᠬᠦᠮᠳᠡᠯ᠎ᠦᠨ ᠬᠡᠷ ᠪᠦᠯᠢ 》 ᠵᠢ ᠳᠤᠷᠠᠳᠭᠤ᠎ᠳᠤ
ᠲᠠᠷᠠ ᠪᠡᠷ ᠡᠨᠡ ᠨᠤᠳᠤᠭ ᠲᠦ᠍ ᠮᠠᠰᠢ ᠭᠦᠨ ᠵᠤᠵᠠᠭᠠᠨ ᠬᠤᠪᠢ ᠪᠠᠷᠢᠯᠳᠤᠯᠭ᠎ᠠ ᠲᠠᠶ᠃ 38 ᠵᠢᠯ᠎ᠦᠨ ᠡᠮᠦᠨ᠎ᠡ᠂ ᠵᠠᠩ᠎ᠶ᠋ᠢᠨ ᠱᠢᠶᠠᠩ 19 ᠨᠠᠰᠤᠲᠠᠢ ᠵᠠᠯᠠᠭᠤ ᠪᠠᠢᠵᠠᠢ᠂ ᠲᠡᠷᠡ ᠲᠦᠷᠦᠭ᠌ᠰᠡᠨ ᠨᠤᠲᠤᠭ ᠤᠯᠠᠭᠠᠨᠴᠠᠪ
ᠬᠤᠳᠠ᠎ᠶ᠋ᠢᠨ ᠱᠠᠩᠳᠤ ᠱᠢᠶᠠᠨ᠎ᠤ ᠪᠤᠷᠤ ᠬᠤᠵᠢᠷ ᠱᠢᠶᠠᠩ᠎ᠤᠨ ᠠᠷᠪᠠᠳᠤᠭᠠᠷ ᠲᠣᠰᠭᠣᠨ ᠡᠴᠡ ᠳᠤᠮᠳᠠᠳᠤ ᠮᠣᠩᠭᠣᠯ᠎ᠤᠨ
ᠬᠢᠯᠢ᠎ᠳᠤ ᠪᠠᠢᠭ᠎ᠠ ᠠᠪᠠᠭ᠎ᠠ ᠬᠣᠱᠢᠭᠤᠨ᠎ᠤ ᠬᠢᠯᠢ᠎ᠶ᠋ᠢᠨ ᠬᠠᠮᠠᠭᠠᠯᠠᠯᠲᠠ᠎ᠶ᠋ᠢᠨ ᠭᠤᠷᠪᠠᠳᠤᠭᠠᠷ ᠪᠠᠲᠯᠢᠶᠦ᠋ᠨᠤ
ᠮᠣᠲ᠋ᠣᠷᠴᠢᠯᠠᠭ᠍ᠰᠠᠨ ᠶᠠᠪᠠᠭᠠᠨ ᠴᠡᠷᠢᠭ᠎ᠦᠨ ᠰᠤᠮᠤᠨ᠎ᠤ ᠲᠤᠰᠠᠯᠠᠬᠤ ᠬᠤᠪᠢᠶᠠᠷᠢ ᠠᠩᠬᠢ᠎ᠳᠤ ᠢᠷᠡᠵᠦ᠍ ᠠᠯᠪᠠ ᠬᠠᠭᠠᠪᠠ᠃
ᠲᠡᠷᠡ ᠡᠨᠳᠡ ᠢᠷᠡᠭ᠌ᠡᠳ ᠮᠠᠯᠴᠢᠳ᠎ᠲᠠᠶ ᠠᠩᠬ᠎ᠠ ᠤᠳᠠᠭ᠎ᠠ ᠠᠭᠤᠯᠵᠠᠬᠤ᠎ᠳᠦ᠂ ᠮᠣᠩᠭᠣᠯ ᠦᠨᠳᠦᠰᠦᠲᠡᠨ᠎ᠦ ᠦᠨᠡᠨᠴᠢ
ᠱᠢᠳᠤᠷᠭᠤ᠂ ᠠᠰᠪᠤᠷ ᠱᠢᠯᠤᠭᠤᠨ᠂ ᠬᠠᠯᠠᠭᠤᠨ ᠰᠡᠳᠭᠢᠯᠭᠡ ᠨᠢ ᠲᠡᠭᠦᠨ᠎ᠳᠤ ᠤᠨᠴᠠ ᠵᠢᠨ ᠰᠠᠢᠬᠠᠨ ᠰᠠᠨᠠᠭᠳᠠᠵᠤ᠂
ᠳᠠᠬᠢᠵᠦ᠍ ᠡᠨᠳᠠ ᠡᠴᠨ ᠰᠠᠯᠬᠤ ᠳᠤᠷ᠎ᠠ ᠦᠬᠡᠢ ᠪᠤᠯᠪᠠ᠃ 5 ᠵᠢᠯ᠎ᠦᠨ ᠴᠡᠷᠢᠭ ᠠᠩᠬᠢ᠎ᠶ᠋ᠢᠨ ᠠᠮᠢᠳᠤᠷᠠᠯ ᠬᠣᠷᠣᠮᠬᠠᠨ ᠵᠠᠭᠤᠷ᠎ᠠ ᠦᠩᠬᠡᠷᠡᠵᠤ ᠤᠳᠬᠤ᠎ᠳᠤ ᠵᠠᠩ
ᠵᠢᠨ ᠱᠢᠶᠠᠩ ᠰᠡᠳᠭᠢᠯ᠎ᠦᠨ ᠤᠬ ᠡᠴᠨ ᠪᠡᠨ ᠡᠨᠡ ᠨᠤᠳᠤᠭ ᠲᠦ᠍ ᠲᠠᠰᠴᠤ᠂ ᠡᠷᠡᠰ ᠱᠢᠭᠤᠷᠬᠠᠢ᠎ᠪᠠᠷ ᠲᠠᠯ᠎ᠠ ᠨᠤᠲᠤᠭ᠎ᠲᠤ
ᠦᠯᠡᠳᠡᠭᠰᠡᠡ ᠪᠠᠢᠨ᠎ᠠ᠃ ᠴᠢᠯᠥᠭᠡ ᠵᠠᠪ᠎ᠲᠠᠶ ᠯᠠ ᠶᠤᠮ ᠪᠣᠯ᠂ ᠵᠠᠩ ᠵᠢᠨ ᠱᠢᠶᠠᠩ ᠰᠠᠭᠤᠭ᠎ᠠ ᠭᠠᠵᠠᠷ᠎ᠤᠨ᠎ᠢᠶᠠᠨ《ᠲᠠᠪᠤᠨ ᠪᠠᠲᠤᠯᠠᠭᠠᠲᠤ ᠡᠷᠦᠬᠡ》ᠵᠢᠨ ᠨᠠᠰᠤᠲᠠᠨ᠂
ᠬᠦᠯ ᠨᠢᠷᠤᠭᠤ ᠮᠠᠭᠤ ᠨᠠᠰᠤᠲᠠᠢ ᠠᠪᠤᠡᠵᠢᠳᠤ ᠤᠰᠤ ᠳᠠᠮᠨᠠᠵᠤ ᠴᠡᠪᠡᠷᠯᠡᠭᠡ ᠬᠢᠵᠦ᠍᠂ ᠮᠣᠷᠢ ᠤᠨᠤᠵᠤ ᠡᠷᠦᠬᠡ
ᠳᠠᠷᠠᠭᠠᠯᠠᠨ ᠠᠯᠪᠠᠨ ᠵᠢᠷᠤᠮ᠎ᠤᠨ ᠦᠰᠦ ᠵᠠᠰᠠᠬᠤ ᠠᠵᠢᠯ᠎ᠢ ᠲᠠᠭᠠᠭᠠᠵᠤ ᠠᠪᠴᠠᠢ ᠁ ᠡᠪᠤᠯ᠎ᠤᠨ ᠬᠦᠢᠳᠡᠨ᠂ ᠵᠤᠨ᠎ᠤ
ᠬᠠᠯᠠᠭᠤᠨ᠎ᠢ ᠬᠠᠢᠬᠤᠷᠤᠯ ᠦᠬᠡᠢ ᠪᠡᠷ ᠠᠵᠢᠯ᠎ᠳᠠᠭᠠᠨ ᠦᠨᠡᠨᠴᠢ ᠰᠢᠳᠤᠷᠭᠤ᠂ ᠬᠦᠮᠤᠨ ᠨᠢ ᠡᠬᠡᠯ ᠪᠤᠷᠤᠭᠵᠢᠭᠤᠨ
ᠪᠠᠢᠳᠠᠭ ᠵᠢᠡᠷ ᠨᠤᠳᠤᠭ᠎ᠤᠨ ᠬᠦᠮᠤᠰ᠎ᠤᠨ ᠬᠦᠷᠢᠶᠡᠯᠡᠯ᠎ᠢ ᠣᠯᠵᠦ ᠂ ᠨᠠᠷᠠ ᠠᠯᠳᠠᠷ ᠨᠢ ᠮᠢᠩᠭᠠᠨ ᠭᠠᠵᠠᠷ ᠲᠠᠷᠬᠠᠵᠠᠢ ᠃ ᠡᠬᠦᠨ ᠵᠢᠡᠷ
ᠵᠤᠭᠰᠤᠬᠤ ᠦᠬᠡᠢ ᠪᠠᠰᠠ ᠪᠠᠢᠭ᠎ᠠ ᠰᠤᠮᠤ᠎ᠶ᠋ᠢᠨ ᠨᠠᠮ᠎ᠤᠨ ᠬᠣᠷᠢᠶ᠎ᠠ᠎ᠡᠴᠨ《ᠦᠨᠳᠦᠰᠦᠲᠡᠨ᠎ᠦ ᠪᠦᠯᠬᠦᠮᠳᠡᠯ᠎ᠦᠨ ᠲᠡᠷᠢᠭᠦᠨ᠎ᠦ ᠬᠤᠪᠢ ᠬᠥᠮᠦᠨ》ᠵᠢᠡᠷ ᠱᠠᠩᠨᠠᠨ ᠬᠦᠬᠢᠬᠦᠯᠪᠡ᠃
ᠱᠢᠶᠠᠩ ᠽᠢ ᠲᠠᠯ᠎ᠠ ᠨᠤᠲᠤᠭ᠎ᠤᠨ ᠦᠨᠳᠦᠰᠦᠲᠡᠨ᠎ᠨᠦᠭᠦᠳ᠎ᠦᠨ ᠠᠬ᠎ᠠ ᠳᠡᠭᠦᠦ᠍᠎ᠨᠡᠷ ᠲᠠᠢ ᠭᠦᠨ ᠵᠤᠵᠠᠭᠠᠨ ᠨᠥᠬᠥᠷᠯᠡᠯ᠎ᠢ ᠪᠠᠢᠭᠤᠯᠵᠦ ᠂ ᠪᠤᠰᠤᠳ᠎ᠢ ᠬᠠᠪᠰᠤᠷᠬᠤ᠎ᠪᠠᠷ ᠵᠢᠷᠭᠠᠯ᠎ᠢᠶᠠᠨ ᠪᠣᠯᠭᠠᠵᠤ᠂ ᠶᠤᠰᠤ
ᠨᠤᠮ ᠲᠠᠢ ᠬᠦᠮᠤᠨ᠎ᠤ ᠰᠡᠳᠬᠢᠯ ᠰᠡᠨᠠᠭ᠎ᠠ ᠵᠢ ᠤᠢᠯᠠᠭᠠᠳᠠᠭ ᠪᠤᠯᠬᠤᠷ ᠮᠣᠩᠭᠣᠯ ᠬᠡᠦᠬᠡᠨ ᠤᠶᠤᠨᠴᠡᠴᠡᠭ᠎ᠤᠨ ᠰᠡᠳᠭᠢᠯ᠎ᠢ
ᠲᠡᠳᠡᠵᠠᠢ᠃
ᠠᠢᠯ ᠭᠡᠷ ᠪᠣᠯᠤᠭ᠍ᠰᠠᠨ᠎ᠤ ᠳᠠᠷᠠᠭ᠎ᠠ᠂ ᠱᠢᠶᠠᠩ ᠽᠢ ᠨᠡᠩ ᠴᠤ᠌ ᠬᠡᠬᠦᠳᠡᠭ
ᠳᠦᠭᠦᠷᠡᠩ ᠬᠠᠯᠠᠭᠤᠨ ᠴᠢᠰᠤ ᠪᠠ ᠵᠠᠯᠠᠭᠤ ᠨᠠᠰᠤ᠎ᠪᠠᠨ ᠡᠨᠡ ᠬᠦ᠌ ᠬᠢᠯᠢ ᠬᠢᠵᠠᠭᠠᠷ᠎ᠤᠨ ᠲᠠᠯ᠎ᠠ ᠨᠤᠲᠤᠭ᠎ᠲᠤ ᠡᠷᠭᠦᠬᠦ᠌᠎ᠶ᠋ᠢᠨ
ᠬᠠᠮᠲᠤ ᠬᠠᠢᠷ᠎ᠠ ᠰᠡᠳᠭᠢᠯᠭᠡ᠎ᠪᠡᠨ ᠬᠢᠯᠢ ᠬᠢᠵᠠᠭᠠᠷᠲᠤ
ᠦᠯᠡᠳᠡᠬᠡᠵᠤ ᠂ ᠴᠡᠷᠢᠭ᠎ᠡᠴᠡ ᠬᠠᠯᠠᠭ᠍ᠳᠠᠭ᠍ᠰᠠᠠ ᠪᠤᠯᠪᠠᠴᠤ ᠴᠡᠷᠢᠭ ᠬᠦᠮᠤᠨ᠎ᠤ ᠦᠩᠭᠡ ᠭᠠᠯᠪᠢᠷ ᠵᠢᠠᠨ ᠠᠯᠳᠠᠬᠤ
ᠦᠭᠡᠢ ᠪᠡᠷ ᠥᠪᠡᠷ᠎ᠦᠨ ᠬᠠᠢᠷᠠᠳᠠᠢ ᠬᠣᠶᠠᠳᠤᠭᠠᠷ ᠨᠤᠲᠤᠭ ᠤᠰᠤ᠎ᠪᠠᠨ ᠰᠠᠬᠢᠨ ᠬᠠᠮᠠᠭᠠᠯᠠᠵᠤ ᠰᠠᠭᠤᠪᠠ᠃
ᠠᠪᠠᠭ᠎ᠠ᠎ᠶ᠋ᠢᠨ ᠲᠠᠯ᠎ᠠ ᠨᠤᠲᠤᠭ᠎ᠲᠤ᠌᠂ ᠵᠠᠩ᠎ᠶ᠋ᠢᠨ ᠱᠢᠶᠠᠩ ᠮᠡᠲᠦ᠍᠎ᠶ᠋ᠢᠨ
ᠮᠣᠩᠭᠣᠯ ᠬᠢᠲᠠᠳ ᠬᠠᠮᠳᠤᠷᠠᠭᠰᠠᠠ ᠭᠡᠷ ᠪᠦᠯᠢ ᠮᠠᠰᠢ ᠠᠷᠪᠢᠨ ᠪᠠᠢᠵᠤ᠂ ᠲᠡᠳᠡᠨ᠎ᠦ ᠬᠣᠭᠣᠷᠣᠨᠳᠣᠬᠢ ᠠᠮᠢᠳᠤᠷᠠᠯ᠎ᠤᠨ
ᠵᠠᠩ ᠳᠠᠳᠭᠠᠯ᠂ ᠰᠣᠶᠣᠯ᠎ᠤᠨ ᠵᠠᠩ ᠳᠠᠳᠭᠠᠯ ᠨᠢ ᠠᠯᠢ ᠬᠡᠳᠦᠢᠨ ᠬᠠᠷᠢᠯᠴᠠᠨ ᠠᠭᠤᠰᠤᠯᠴᠠᠨ ᠨᠡᠪᠲᠡᠷᠡᠯᠴᠡᠵᠡᠢ᠃
ᠮᠣᠩᠭᠣᠯ ᠦᠨᠳᠦᠰᠦᠲᠡᠨ᠎ᠦ ᠠᠬ᠎ᠠ ᠳᠡᠭᠦᠦ ᠨᠡᠷᠲᠡᠶᠪᠡᠨ ᠪᠦᠯᠬᠦᠮᠳᠡᠨ
ᠬᠠᠪᠰᠤᠷᠤᠯᠴᠠᠭ᠍ᠰᠠᠨ ᠶᠡᠬᠡ ᠪᠠᠭ᠎ᠠ ᠪᠣᠳᠠᠲᠤ ᠶᠠᠪᠤᠳᠠᠯ ᠰᠠᠢ᠌ᠨ ᠶᠠᠪᠤᠳᠠᠯ᠎ᠢ ᠵᠠᠩ ᠵᠢᠨ ᠱᠢᠶᠠᠩ ᠬᠡᠴᠢᠨᠡᠨ
ᠠᠷᠪᠢᠨ ᠬᠢᠭ᠌ᠰᠡᠨ᠎ᠢᠶᠡᠨ ᠦᠪᠡᠷ ᠵᠢᠠᠨ ᠴᠣ᠌ ᠮᠠᠷᠲᠠᠴᠢᠬᠠᠭ᠍ᠰᠠᠨ ᠪᠢᠯᠠ᠃ ᠪᠠᠭ᠎ᠠ᠎ᠠᠴᠠ ᠮᠠᠯᠴᠢᠳ᠎ᠲᠤ ᠤᠰᠤᠨ ᠰᠠᠪᠠ
ᠪᠡᠨ ᠵᠢᠭᠡᠯᠡᠬᠦᠯᠬᠦ᠂ ᠬᠣᠨᠢᠨ ᠨᠣᠸ᠋ᠰᠣ ᠬᠠᠢᠴᠢᠯᠠᠬᠤ ᠂ ᠶᠡᠬᠡ᠎ᠡᠴᠡ ᠵᠣᠭᠣᠰ ᠮᠥᠩᠭᠥ᠌ ᠂ ᠡᠳ᠋ ᠪᠣᠳᠠᠰ ᠬᠠᠨᠳᠢᠪᠯᠠᠬᠤ
ᠭᠡᠳ ᠡᠲᠡᠭᠡᠷ ᠶᠠᠪᠤᠳᠠᠯ᠎ᠤᠳ ᠨᠢ ᠪᠥᠬᠥ᠌ ᠭᠠᠴᠠᠭᠠᠨ᠎ᠤ ᠮᠠᠯᠴᠢᠳ᠎ᠤᠨ ᠳᠤᠮᠳᠠ ᠠᠮᠠ ᠠᠮᠠ᠎ᠪᠠᠷ ᠲᠠᠮᠵᠢᠨ ᠮᠠᠭ᠍ᠲᠠᠬᠳᠠᠳᠠᠭ᠃
ᠲᠡᠭᠦᠨ᠎ᠦ ᠢᠩᠬᠢᠵᠤ ᠬᠢᠬᠦ ᠵᠢᠨ ᠱᠢᠯᠲᠠᠭᠠᠨ᠎ᠢ ᠨᠢ ᠠᠰᠠᠭᠤᠬᠤ᠎ᠳᠤ ᠂ ᠲᠡᠷᠡ ᠵᠥᠪᠬᠡᠨ 《 ᠡᠨᠡ ᠨᠢ ᠪᠦᠷ
ᠮᠢᠨᠦ᠍ ᠬᠢᠵᠦ᠍ ᠳᠡᠢᠯᠬᠦ᠌ ᠪᠠᠭ᠎ᠠ ᠶᠠᠪᠤᠳᠠᠯ᠎ᠤᠳ ᠲᠡᠳᠦᠶ ᠶᠤᠮ ᠡ》 ᠭᠡᠵᠦ᠍ ᠲᠠᠩᠳᠠ
ᠶᠠᠷᠢᠳᠠᠭ᠃
ᠵᠠᠩ ᠵᠢᠨ ᠱᠢᠶᠠᠩ ᠲᠡᠭᠦᠨ᠎ᠦ ᠬᠣᠶᠠᠷ ᠬᠦᠷᠢ ᠳᠡᠭᠦᠦ ᠸᠠᠩ ᠰᠢ᠎ᠶ᠋ᠢᠨ
᠂ ᠸᠠᠩ ᠴᠢᠩ᠎ᠢ ᠬᠠᠪᠰᠤᠷᠤᠨ ᠲᠡᠮᠵᠢᠵᠤ᠂ ᠰᠠᠬᠢᠨ ᠪᠠᠷᠠᠯᠠᠵᠦ᠍ ᠬᠠᠷᠢᠯᠴᠠᠨ ᠬᠠᠪᠰᠤᠷᠤᠯᠴᠠᠬᠤ᠎ᠪᠠᠷ ᠪᠠᠷᠠᠬᠤ ᠦᠭᠡᠢ᠂
ᠠᠢᠯ ᠰᠠᠭᠠᠬᠠᠯᠳᠠ ᠵᠢᠨ ᠬᠢᠨ᠎ᠲᠡᠶ ᠦᠨᠡᠨᠴᠢ᠎ᠪᠡᠷ ᠬᠠᠨᠳᠤᠵᠤ
᠂ ᠨᠥᠬᠥᠷᠰᠡᠭ᠎ᠢᠶᠡᠷ ᠶᠠᠪᠤᠯᠴᠠᠳᠠᠭ᠃ ᠡᠭᠦᠨ᠎ᠲᠡᠶ ᠠᠳᠠᠯᠢ᠎ᠪᠠᠷ ᠂ ᠬᠠᠯᠠᠭᠤᠨ ᠰᠡᠳᠭᠢᠯ᠎ᠲᠡᠶ ᠪᠥᠭᠡᠳ ᠦᠨᠡᠨᠴᠢ
ᠱᠢᠳᠤᠷᠭᠤ ᠮᠣᠩᠭᠣᠯ ᠦᠨᠳᠦᠰᠦᠲᠡᠨ᠎ᠦ ᠠᠨᠳᠠ ᠪᠤᠯᠤᠭᠰᠠᠠ ᠵᠠᠩ ᠵᠢᠨ ᠱᠢᠶᠠᠩ ᠪᠤᠰᠤᠳ ᠬᠢᠲᠠᠳ ᠦᠨᠳᠦᠰᠦᠲᠡᠨ᠎ᠦ ᠠᠬ᠎ᠠ
ᠳᠡᠭᠦᠦ᠍᠎ᠨᠡᠷ᠎ᠢ ᠴᠣ᠌ ᠬᠠᠪᠰᠤᠷᠤᠨ ᠲᠡᠮᠵᠢᠵᠤ ᠂ ᠨᠢᠬᠡ ᠨᠢ ᠨᠢᠬᠡ ᠵᠢ ᠪᠡᠨ ᠬᠠᠢᠷᠠᠯᠠᠵᠤ ᠂ ᠡᠨᠡ ᠬᠦ᠌ ᠥᠷᠭᠡᠨ
ᠠᠭᠤᠳᠠᠮ ᠲᠠᠯ᠎ᠠ ᠨᠤᠲᠤᠭ᠎ᠲᠤ《ᠬᠦᠴᠢᠷ ᠪᠡᠷᠬᠡᠱᠢᠶᠡᠯ᠎ᠲᠡᠶ
ᠦᠶ᠎ᠡ᠎ᠳᠦ ᠬᠡᠯᠡᠬᠡᠷᠡᠢ ᠂ ᠳᠠᠭᠤᠳᠠᠮᠠᠭ᠍ᠴᠠ ᠬᠦᠷᠤᠬᠡᠳ ᠤᠴᠢᠨ᠎ᠠ》ᠬᠡᠮᠡᠬᠦ ᠡᠶ᠎ᠡ
ᠵᠣᠬᠢᠴᠠᠩᠭᠤᠢ ᠰᠠᠢ᠌ᠨ ᠰᠠᠢᠬᠠᠨ ᠪᠠᠢᠳᠠᠯ᠎ᠢ ᠢᠯᠡᠷᠡᠬᠦᠯᠵᠠᠢ᠃

ᠬᠤᠪᠢᠰᠬᠠᠯ᠎ᠤᠨ
ᠭᠸᠨ ᠢ ᠤᠯᠠᠮᠵᠢᠯᠠᠨ ᠵᠠᠯᠭᠠᠮᠵᠢᠯᠠᠵᠤ᠂ ᠵᠠᠩ ᠵᠢᠨ ᠰᠢᠶᠠᠩ ᠪᠦᠰᠡᠬᠦᠢ ᠤᠶᠤᠨᠴᠡᠴᠡᠭ ᠲᠠᠢ ᠪᠡᠨ ᠦᠵᠡᠰᠬᠦᠯᠡᠩᠳᠦ
ᠰᠠᠢᠬᠠᠨ ᠬᠡᠷ ᠤᠷᠤᠨ ᠵᠢᠠᠨ ᠪᠦᠳᠤᠬᠡᠨ ᠪᠠᠢᠭᠤᠯᠤᠨ᠎ᠠ ᠃