《 ᠨᠠᠮ᠎ᠤᠨ ᠬᠡᠰᠢᠬᠦᠨ ᠪᠤᠯᠤᠭᠰᠠᠨ᠎ᠦ ᠬᠤᠪᠢ᠎ᠳᠤ ᠁》
2021-11-12 10:21:12
ᠵᠣᠬᠢᠶᠠᠭ᠍ᠴᠢ᠄
ᠯᠦᠸᠸ ᠹᠸᠢ
ᠣᠩᠱᠢᠭ᠍ᠰᠠᠨ ᠣᠳᠠᠭ᠎ᠠ᠄
★★★☆☆

ᠡᠵᠠᠨ᠎ᠠ ᠬᠤᠰᠢᠭᠤ᠎ᠶᠢ ᠲᠤᠰᠠᠯᠠᠷ᠎ᠠ ᠨᠢᠭᠡ ᠪᠦᠯᠦᠭ ᠴᠠᠭᠳᠠᠭ᠎ᠠ᠎ᠶᠢ ᠲᠤᠮᠢᠯᠠᠨ᠎ᠠ ᠬᠡᠰᠡᠨ ᠴᠢᠮᠡᠭᠡ᠎ᠶᠢ ᠰᠤᠨᠤᠰᠤᠮᠠᠭᠴᠠ ᠪᠢ ᠡᠩ ᠲᠠᠷᠢᠬᠦᠨ᠎ᠳᠤ ᠨᠠᠷ᠎ᠠ ᠪᠠᠨ ᠮᠡᠳᠡᠬᠦᠯᠪᠠ᠂ ᠤᠴᠢᠷ ᠨᠢ ᠪᠢ ᠪᠤᠯ ᠨᠠᠮ᠎ᠤᠨ ᠬᠡᠰᠢᠬᠦᠨ᠂  ᠬᠢᠵᠢᠭ ᠲᠡᠯᠭᠡᠷᠡᠭᠰᠡᠨ ᠡᠢᠮᠦᠷᠬᠦᠦ ᠤᠨᠴᠠᠭᠠᠢ ᠴᠠᠭ ᠦᠶ᠎ᠠ ᠎ᠳᠤ ᠪᠢ ᠲᠦᠷᠦᠭᠦᠯᠡᠵᠦ᠂ ᠦᠪᠠᠷ᠎ᠤᠨ ᠦᠴᠦᠭᠡᠨ᠎ᠴᠤ ᠬᠡᠰᠡᠨ ᠬᠤᠪᠢ ᠨᠠᠮᠠᠷᠢ ᠪᠠᠨ ᠦᠵᠡᠬᠦᠯᠬᠦ ᠶᠤᠰᠤᠳᠠᠢ ᠬᠡᠵᠦ ᠪᠤᠳᠤᠭᠰᠠᠨ ᠶᠤᠮ᠃ ᠪᠦᠬᠦ ᠲᠤᠪᠴᠢᠶᠠᠨ ᠳ᠋ᠤ ᠴᠤᠷ᠎ᠤᠨ ᠭᠠᠭᠴᠠ ᠵᠢᠯᠤᠭᠤᠴᠢ ᠵᠢᠨ A1A2 ᠦᠨᠡᠮᠯᠠᠯ ᠲᠠᠢ ᠪᠠᠷ᠎ᠢᠶᠡᠨ ᠪᠢ ᠶᠠᠪᠤᠬᠤ ᠬᠦᠮᠦᠰ᠎ᠤᠨ ᠲᠤᠭᠠᠨ᠎ᠳᠤ ᠪᠠᠭᠳᠠᠭᠳᠠᠨ ᠤᠷᠤᠪᠠ᠃

ᠮᠠᠨ᠎ᠦ ᠤᠳᠤᠭ᠎ᠤᠨ ᠡᠮᠦᠨᠠᠳᠤ ᠬᠤᠰᠢᠭᠤᠨ ᠡᠴᠡ ᠡᠵᠡᠨ᠎ᠠ ᠬᠤᠰᠢᠭᠤ ᠬᠦᠷᠬᠦ᠎ᠮᠢᠨᠭᠭ᠎ᠠ ᠭᠠᠷᠤᠢ ᠺᠢᠯᠤᠮᠸᠲᠷ ᠪᠠᠢᠳᠠᠭ᠃ ᠵᠠᠮ ᠡᠢᠮᠦ ᠬᠤᠯᠠ᠂ ᠭᠠᠭᠴᠠ ᠵᠢᠯᠤᠭᠤᠴᠢ ᠶᠡᠭᠡ ᠶᠠᠳᠠᠷᠠᠨ᠎ᠠ᠂ ᠪᠠᠰᠠ ᠨᠢᠭᠡ ᠵᠢᠯᠤᠭᠤᠴᠢ ᠬᠦᠯᠦᠰᠦᠯᠡᠴᠢᠬᠡᠶ᠎ᠠ ᠬᠡᠵᠦ ᠲᠤᠪᠴᠢᠶᠠᠨ᠎ᠦ ᠤᠳᠤᠷᠢᠳᠤᠯᠭ᠎ᠠ ᠨᠠᠷ ᠶᠠᠷᠢᠵᠦ ᠪᠠᠢᠪᠠ᠃ ᠮᠢᠨᠤ ᠪᠠᠷᠤᠭᠯᠠᠬᠤ ᠪᠠᠷ ᠂ ᠡᠨᠡ ᠤᠳᠠᠭ᠎ᠠ ᠠᠳᠠᠭ ᠲᠠᠭᠠᠨ ᠰᠠᠷ᠎ᠠ ᠵᠢᠨ ᠬᠤᠭᠤᠴᠠᠭ᠎ᠠ ᠲᠠᠢ ᠶᠠᠪᠤᠨ᠎ᠠ᠂ ᠡᠢᠮᠦ ᠤᠷᠳᠤ ᠬᠤᠭᠤᠴᠠᠭ᠎ᠠ ᠨᠢᠭᠡ ᠵᠢᠯᠤᠭᠤᠴᠢ ᠬᠦᠯᠦᠰᠦᠯᠡᠬᠦ᠎ᠳᠤ ᠠᠳᠠᠭ ᠲᠠᠭᠠᠨ ᠲᠦᠮᠡ ᠭᠠᠷᠤᠢ ᠲᠦᠭᠦᠷᠢᠭ ᠤᠷᠤᠨ᠎ᠠ᠂ ᠲᠡᠭᠡᠭᠡᠳ ᠪᠠᠰᠠ ᠪᠠᠢᠳᠠᠯ ᠪᠠᠴᠢᠮ᠂ ᠡᠨᠡ ᠰᠦᠨᠢ ᠳ᠋ᠡᠭᠡᠨ ᠬᠦᠳᠡᠯᠬᠦ ᠴᠢᠬᠤᠯᠠᠳᠠᠢ ᠪᠤᠯᠬᠤᠷ ᠰᠠᠨᠠᠭᠠᠨ ᠳ᠋ᠤ ᠲᠠᠭᠠᠷᠠᠬᠤ ᠬᠦᠮᠦᠨ ᠤᠯᠵᠤ ᠴᠢᠳᠠᠨ᠎ᠠ ᠤᠤ ᠦᠭᠡᠢ ᠤᠤ ᠬᠡᠰᠡᠨ ᠨᠢ ᠪᠠᠰᠠ ᠨᠢᠭᠡ ᠠᠰᠠᠭᠤᠳᠠᠯ ᠪᠠᠢᠯ᠎ᠠ᠃ ᠲᠡᠭᠡᠭᠡᠳ ᠪᠢ ᠭᠠᠭᠴᠠᠭᠠᠷ ᠵᠢᠡᠨ ᠪᠤᠯᠴᠢᠬᠠᠨ᠎ᠠ᠂ ᠪᠢ ᠲᠡᠷᠭᠡᠨ ᠲᠡᠭᠡᠷᠡᠬᠢ ᠪᠦᠬᠦ ᠬᠦᠮᠦᠰ᠎ᠤᠨ ᠠᠮᠤᠷ ᠲᠦᠪᠰᠢᠨ᠎ᠳᠤ ᠬᠠᠷᠢᠭᠤᠴᠠᠵᠦ ᠯᠠᠪᠳᠠᠶ᠎ᠠ ᠠᠮᠤᠷ ᠲᠦᠪᠰᠢᠨ ᠬᠦᠷᠭᠡᠵᠦ ᠦᠭᠴᠦ ᠴᠢᠳᠠᠨ᠎ᠠ ᠬᠡᠰᠡᠨ ᠶᠤᠮ᠃

ᠪᠠᠢᠭᠤᠯᠭ᠎ᠠ ᠳ᠋ᠡᠬᠢ ᠠᠵᠢᠯ᠎ᠢᠶᠡᠨ ᠲᠦᠪᠬᠢᠨᠡᠬᠦᠯᠵᠤ ᠪᠠᠷᠠᠮᠠᠭᠴᠠ ᠪᠢ ᠬᠡᠷ ᠲᠡᠭᠡᠨ ᠬᠠᠷᠢᠵᠦ ᠶᠠᠭᠤᠮ᠎ᠠ ᠬᠡᠦᠮ᠎ᠠ ᠪᠠᠨ ᠪᠠᠭᠴᠠᠯᠠᠯ᠎ᠠ᠃ 《ᠲᠠᠢᠮᠤ ᠤᠯᠠᠨ ᠬᠦᠮᠦᠨ ᠪᠠᠢᠬᠤ᠎ᠳᠤ ᠶᠠᠭᠠᠬᠢᠭᠠᠳ ᠴᠢ ᠶᠠᠪᠤᠬᠤ ᠶᠤᠮ ᠪᠤᠢ ⁈ ᠴᠢ ᠴᠢᠨᠢ ᠳ᠋ᠦᠨᠭᠱᠸᠩ᠎ᠳᠤ ᠤᠴᠢᠵᠦ ᠬᠦᠦ ᠪᠠᠨ ᠡᠷᠬᠢᠵᠦ ᠦᠵᠡᠨ᠎ᠠ ᠬᠡᠰᠡᠨ ᠪᠢᠰᠢ ᠤᠤ》 ᠭᠡᠳ ᠪᠦᠰᠡᠬᠦᠢ ᠮᠠᠨᠢ ᠦᠭᠡ ᠎ᠴᠤ ᠲᠤᠤᠭᠠᠷᠬᠤ ᠦᠭᠡᠢ᠂ ᠶᠡᠭᠡᠳᠡ ᠲᠤᠷ᠎ᠠ ᠦᠭᠡᠢ ᠪᠠᠢᠪᠠ᠃ ᠶᠡᠭᠡ ᠬᠦᠦ ᠮᠠᠨᠢ ᠳ᠋ᠦᠨᠭᠱᠸᠩ᠎ᠳᠤ ᠰᠤᠷᠭᠠᠭᠤᠯᠢ᠎ᠳᠤ ᠰᠠᠭᠤᠵᠤ ᠪᠠᠢᠳᠠᠭ ᠪᠦᠭᠡᠳ ᠨᠠᠯᠢᠶᠠᠳ ᠤᠳᠠᠭᠠᠨ ᠬᠤᠭᠤᠴᠠᠭ᠎ᠠ ᠤᠴᠢᠵᠦ ᠦᠵᠡᠭᠡᠳᠦᠢ ᠪᠠᠢᠬᠰᠠᠭᠠᠷ᠂ ᠬᠡᠪᠡᠴᠤ ᠡᠢᠮᠦᠷᠬᠦᠦ ᠤᠨᠴᠠᠭᠠᠢ ᠴᠠᠭ ᠦᠶ᠎ᠠ᠎ᠳᠤ ᠲᠠᠢᠮᠦ ᠤᠯᠠᠨ᠎ᠢ ᠪᠤᠳᠤᠬᠤ ᠵᠠᠪ ᠨᠠᠳᠠᠳᠤ ᠠᠯᠠᠭ᠎ᠠ᠃ ᠪᠤᠭᠴᠤ ᠪᠠᠨ ᠴᠢᠷᠦᠭᠡᠳ ᠡᠭᠦᠳᠡ ᠪᠠᠷ ᠭᠠᠷᠬᠤ ᠬᠡᠵᠤ ᠪᠠᠢᠳᠠᠯ᠎ᠠ ᠪᠦᠰᠡᠬᠦᠢ ᠮᠠᠨᠢ ᠢᠷᠠᠵᠤ ᠨᠠᠮ᠎ᠠ᠎ᠶᠢ ᠲᠡᠪᠡᠷᠢᠭᠡᠳ ᠰᠠᠮᠠᠭᠡᠷ ᠤᠬᠢᠯᠠᠴᠢᠬᠠᠯ᠎ᠠ ᠂ ᠪᠠᠭ᠎ᠠ ᠬᠦᠦ ᠮᠠᠨᠢ ᠎ᠴᠤ ᠭᠠᠷ ᠡᠴᠡ ᠵᠢᠭᠤᠷᠠᠵᠤ 《ᠪᠤᠤ ᠶᠠᠪᠤ》 ᠬᠡᠳ ᠤᠬᠢᠯᠠᠯ᠎ᠠ᠃ 《ᠪᠢ ᠪᠤᠯ ᠴᠠᠭᠳᠠᠭ᠎ᠠ᠂ ᠪᠠᠰᠠ ᠨᠠᠮ᠎ᠤᠨ ᠬᠡᠰᠢᠬᠦᠨ! ᠬᠠᠮᠤᠭ᠎ᠤᠨ ᠲᠦᠷᠦᠬᠦᠨ ᠳ᠋ᠤᠨᠢ ᠰᠢᠭᠤᠷᠬᠠᠢᠯᠠᠬᠤ ᠨᠢ ᠲᠠᠭᠠᠷᠠᠨ᠎ᠠ》 ᠬᠡᠳ ᠪᠢ ᠡᠭᠡᠨᠡᠷ ᠬᠡᠦᠭᠡᠳ ᠲᠠᠢ ᠪᠠᠨ ᠨᠢᠳᠤᠨ ᠎ᠳᠡᠭᠡᠨ ᠨᠢᠯᠪᠤᠰᠤ ᠲᠠᠢ ᠰᠠᠯᠤᠯᠴᠠᠵᠦ ᠪᠢᠯᠠ᠃

ᠢᠨᠭᠭᠢᠭᠡᠳ 10 ᠰᠠᠷ᠎ᠠ ᠵᠢᠨ 26 ᠎ᠤ ᠰᠦᠨᠢ ᠵᠢᠨ 10 ᠴᠠᠭ ᠲᠤ᠌ ᠤᠯᠵᠠᠴᠢ ᠪᠠᠯᠭᠠᠰᠤᠨ ᠡᠴᠡ ᠮᠤᠷᠳᠠᠵᠤ ᠲᠠᠷᠠᠭ᠎ᠠ ᠡᠳᠦᠷ᠎ᠤᠨ ᠬᠢᠨᠢ ᠦᠳᠡ᠎ᠳᠤ ᠲᠠᠯᠠᠢᠬᠦ᠋ᠪ ᠪᠠᠯᠭᠠᠰᠤᠨ᠎ᠳᠤ ᠬᠦᠷᠴᠤ ᠪᠢᠯᠠ᠃ ᠬᠦᠷᠦᠨᠭᠭᠦᠳᠡ ᠪᠠᠨ ᠪᠢ ᠪᠠᠰᠠ ᠲᠠᠷᠠ ᠲᠤᠤᠷ᠎ᠠ ᠪᠠᠨ ᠠᠮᠠᠷᠠᠭᠰᠠᠨ ᠦᠭᠡᠢ᠂ ᠮᠠᠢᠬᠠᠨ ᠪᠤᠰᠬᠠᠬᠤ᠂ ᠡᠳ᠋ ᠪᠤᠳᠠᠰ᠎ᠢᠶᠡᠨ ᠪᠠᠭᠤᠯᠭᠠᠵᠦ ᠬᠦᠮᠦᠨ ᠬᠦᠮᠦᠨ ᠳ᠋ᠤᠨᠢ ᠬᠤᠪᠢᠶᠠᠷᠢᠯᠠᠬᠤ ᠵᠡᠷᠭᠡ ᠦᠰᠦᠨ ᠡᠴᠡ ᠤᠯᠠᠨ ᠶᠠᠭᠠᠷᠠᠯᠳᠠᠢ ᠠᠵᠢᠯ᠎ᠳᠤ ᠬᠠᠮᠵᠢᠯᠴᠠᠭᠠᠳ᠂ ᠲᠡᠷᠭᠡᠨ ᠲᠡᠭᠡᠷᠡᠬᠢ ᠤᠳᠤᠭ᠎ᠤᠨ ᠡᠮᠦᠨᠠᠳᠤ ᠬᠤᠰᠢᠭᠤᠨ᠎ᠦ ᠲᠤᠳᠤᠭᠠᠳᠤ᠎ᠶᠢ ᠬᠠᠮᠠᠭᠠᠯᠠᠬᠤ ᠲᠤᠪᠴᠢᠶ᠎ᠠ ᠡᠴᠡ ᠡᠵᠡᠨ᠎ᠠ ᠬᠤᠰᠢᠭᠤ᠎ᠶᠢ ᠲᠤᠰᠠᠯᠠᠷ᠎ᠠ ᠶᠠᠪᠤᠵᠤ ᠪᠠᠢᠭ᠎ᠠ 30 ᠴᠠᠭᠳᠠᠭᠠᠨ᠎ᠦ ᠪᠠᠨ ᠠᠮᠤᠷ ᠲᠦᠪᠰᠢᠨ᠎ᠳᠤ ᠲᠡᠭᠡᠳᠦ ᠬᠡᠮᠵᠢᠶ᠎ᠠ᠎ᠪᠠᠷ ᠬᠠᠷᠢ ᠭᠤᠴᠠᠨ ᠠᠨᠭᠬᠠᠷᠤᠯ᠎ᠢᠶᠡᠨ ᠲᠡᠭᠡᠳᠤ ᠬᠡᠮᠵᠢᠶ᠎ᠠ ᠪᠠᠷ ᠲᠦᠪᠯᠡᠷᠡᠬᠦᠯᠵᠤ᠂ ᠠᠶᠠᠨᠴᠢᠳ᠎ᠤᠨ ᠲᠡᠭᠡᠭᠡᠪᠤᠷᠢ ᠵᠢᠨ ᠲᠤᠮᠤ ᠮᠠᠰᠢᠨ ᠵᠢᠯᠤᠭᠤᠳᠤᠭᠰᠠᠨ ᠪᠡᠶ᠎ᠠ ᠰᠡᠳᠬᠢᠯ᠎ᠤᠨ ᠴᠢᠯᠡᠭᠡ ᠪᠠᠨ ᠪᠦᠷ ᠮᠠᠷᠳᠠᠵᠤ ᠤᠷᠬᠢᠵᠠᠢ ᠁ ᠵᠠᠯᠭᠠᠭᠠᠳ ᠲᠦᠪᠡᠭ ᠪᠤᠳᠤᠯᠢᠶᠠᠨᠳᠠᠢ ᠬᠢᠵᠢᠭ᠎ᠤᠨ ᠪᠠᠢᠳᠠᠯ᠎ᠤᠨ ᠡᠮᠦᠨ᠎ᠠ ᠪᠢ ᠶᠠᠷᠦ ᠡᠴᠡ ᠬᠤᠢᠰᠢ ᠪᠠᠨ ᠰᠠᠭᠤᠭᠰᠠᠨ ᠦᠭᠡᠢ᠂ ᠨᠢᠭᠡᠨ ᠵᠤᠴᠢᠳ ᠪᠠᠭᠤᠳᠠᠯ᠎ᠤᠨ ᠠᠮᠤᠷ᠎ᠢ ᠬᠠᠮᠠᠭᠠᠯᠠᠭᠴᠢ ᠵᠢᠨ ᠠᠵᠢᠯ᠎ᠢ ᠡᠭᠦᠷᠭᠡᠯᠡᠨ ᠠᠪᠴᠤ᠂ ᠨᠠᠮ᠎ᠤᠨ ᠬᠡᠰᠢᠬᠦᠨ ᠬᠡᠰᠡᠨ᠎ᠢᠶᠡᠨ ᠲᠤᠳᠤᠷᠬᠠᠢᠯᠠᠵᠦ᠂ ᠨᠠᠮ᠎ᠤᠨ ᠬᠡᠰᠢᠬᠦᠨ᠎ᠦ ᠪᠠᠷᠢᠮᠵᠢᠶ᠎ᠠ ᠪᠠᠷ ᠪᠠᠶ᠎ᠠ ᠪᠠᠨ ᠱᠠᠭᠠᠷᠳᠠᠵᠦ᠂ ᠠᠵᠢᠯ ᠬᠡᠪᠡᠯ ᠡᠮᠦᠨ᠎ᠠ ᠨᠢ ᠵᠢᠳᠭᠦᠨ ᠠᠵᠢᠯᠯᠠᠵᠦ ᠶᠠᠪᠤᠪᠠ᠃                       

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号