ᠮᠠᠨ ᠤ ᠤᠷᠤᠨ ᠤ ᠠᠮᠢ ᠠᠬᠤᠢ ᠶᠢᠨ ᠪᠤᠯᠪᠠᠰᠤᠨ ᠤ ᠪᠠᠢᠭᠤᠯᠤᠯᠲᠠ ᠵᠢ ᠠᠬᠢᠭᠤᠯᠵᠤ᠂ 《ᠨᠡᠭᠦᠷᠡᠰᠦᠳᠦ᠋ᠷᠦᠭᠴᠢ ᠵᠢᠨ ᠭᠠᠳᠠᠭᠰᠢᠯᠠᠯᠳᠠ ᠤᠷᠭᠢᠯ ᠬᠡᠮᠵᠢᠭᠳᠡᠯ ᠳᠤ
ᠬᠦᠷᠬᠦ᠂ ᠨᠡᠭᠦᠷᠡᠰᠦᠳᠦ᠋ᠷᠦᠭᠴᠢ ᠵᠢ ᠰᠠᠭᠠᠷᠮᠠᠬᠵᠢᠭᠤᠯᠬᠤ》 ᠬᠠᠷᠠᠯᠲᠠᠶ᠋ᠢ ᠪᠡᠶᠡᠯᠡᠭᠦᠯᠬᠦ᠌ ᠳᠦ᠂ ᠱᠢᠨ᠎ᠡ ᠡᠨᠧᠷᠭᠢ ᠪᠡᠷ ᠭᠤᠤᠯ ᠴᠣᠭ᠍ᠴᠠ ᠪᠣᠯᠭᠠᠭ᠍ᠰᠠᠨ
ᠱᠢᠨ᠎ᠡ ᠬᠡᠯᠪᠡᠷᠢ ᠶ᠋ᠢᠨ ᠴᠠᠬᠢᠯᠭᠠᠨ ᠬᠦᠴᠦᠨᠦ ᠱᠢᠰᠲ᠋ᠧᠮ ᠢ ᠪᠠᠢᠭᠤᠯᠤᠨ᠎ᠠ᠂ ᠡᠨᠡ ᠪᠤᠯ ᠴᠠᠬᠢᠯᠭᠠᠨ ᠬᠦᠴᠦᠨ
ᠦ ᠠᠵᠤ ᠦᠢᠯᠡᠰᠤᠨ ᠬᠡᠯᠪᠡᠷᠢᠶ᠋ᠢ ᠬᠤᠪᠢᠷᠠᠭᠤᠯᠤᠨ ᠬᠥᠭ᠌ᠵᠢᠭᠦᠯᠬᠦ᠌ ᠭᠤᠤᠯ ᠱᠢᠪᠲᠤᠯᠤᠯᠲᠠ ᠶ᠋ᠢᠨ ᠴᠢᠭ᠌ᠯᠡᠯ
ᠪᠣᠯᠬᠤ ᠶᠤᠮ᠃ ᠮᠠᠨ ᠤ ᠤᠷᠤᠨᠤ ᠣᠲᠣ ᠦᠶ᠎ᠡ ᠶ᠋ᠢᠨ
ᠡᠨᠧᠷᠭᠢ ᠶ᠋ᠢᠨ ᠠᠵᠤ ᠠᠬᠤᠶ ᠶ᠋ᠢᠨ ᠪᠣᠬᠢᠷᠲᠤᠯ ᠥᠬᠡᠶ ᠬᠥᠭ᠌ᠵᠢᠯᠲᠡ ᠳᠦ ᠬᠦᠴᠦᠨ ᠨᠡᠮᠡᠷᠢᠯᠡᠵᠦ᠍ ᠂ ᠬᠤᠰᠢᠭᠤᠴᠢ
ᠳᠠᠭᠠᠭᠤᠯᠤᠬᠴᠢ ᠶᠢᠨ ᠦᠢᠯᠡᠳᠦᠯᠵᠢᠡᠨ ᠭᠡᠷᠬᠢᠨ ᠪᠠᠳᠠᠷᠠᠭᠤᠯᠬᠤ ᠠᠰᠠᠭᠤᠳᠠᠯ ᠤᠨ ᠲᠤᠬᠠᠶ ᠥᠪᠥᠷ ᠮᠣᠩᠭᠣᠯ
ᠤᠨ ᠴᠠᠬᠢᠯᠭᠠᠨ ᠬᠦᠴᠦᠨ ᠦ ᠪᠦᠯᠦᠭ᠌ᠯᠡᠯ ᠺᠤᠮᠫᠠᠨᠢ ᠢᠳᠡᠪᠬᠢᠲᠡᠢ ᠬᠠᠷᠢᠭᠤᠯᠲᠠ ᠥᠭ᠌ᠴᠦ᠂ ᠤᠯᠤᠰ ᠤᠨ ᠦᠮᠴᠢᠯᠡᠯ
ᠤᠨ ᠠᠵᠤ ᠠᠬᠤᠢᠯᠠᠯᠤᠨ ᠡᠭᠦᠷᠭᠡ ᠬᠠᠷᠢᠭᠤᠴᠠᠯᠭ᠎ᠠ ᠪᠠᠨ
ᠰᠠᠨᠠᠭᠠᠴᠢᠯᠠᠭ᠎ᠠ ᠡᠴᠡ ᠪᠠᠨ ᠡᠭᠦᠷᠭᠡᠯᠡᠵᠤ᠂ ᠡᠭᠡ ᠤᠯᠤᠰᠤᠨ ᠤᠮᠠᠷᠠᠳᠤ ᠵᠢᠨ ᠠᠮᠢ
ᠠᠬᠤᠢ ᠵᠢᠨ ᠠᠮᠤᠷ ᠲᠦᠪᠰᠢᠨ ᠤ ᠬᠠᠯᠬᠠᠪᠴᠢ ᠶᠢ ᠴᠤᠭᠴᠠᠯᠠᠬᠤ ᠳᠤ ᠬᠦᠴᠤᠨ ᠨᠠᠮᠠᠷᠢᠯᠠᠨ᠎ᠠ ᠃
ᠰᠠᠯᠬᠢᠨ ᠬᠦᠷᠳᠦ ᠵᠢᠨ ᠰᠡᠩᠬᠢᠨᠡᠬᠡᠨ ᠲᠠᠢ ᠲᠠᠯ᠎ᠠ ᠨᠤᠳᠤᠭ
ᠰᠤᠷᠪᠤᠯᠵᠢᠯᠠᠬᠴᠢ ᠪᠢᠯᠢᠭᠳᠦ ᠰᠡᠭᠦᠳᠡᠷᠯᠡᠪᠡ
ᠪᠤᠬᠢᠷᠲᠤᠯ ᠦᠭᠡᠢ ᠴᠠᠬᠢᠯᠭᠠᠨ ᠬᠦᠴᠦᠨᠤ ᠠᠵᠤ ᠦᠢᠯᠡᠰ ᠤᠨ ᠬᠦᠭᠵᠢᠯᠲᠡ ᠵᠢ
ᠠᠬᠢᠭᠤᠯᠪᠠ
ᠰᠠᠯᠬᠢ᠂ ᠭᠡᠷᠡᠯ ᠵᠡᠷᠭᠡ ᠰᠢᠨ᠎ᠡ ᠡᠨ᠋ᠸᠷᠬᠢᠶᠢᠨ ᠪᠤᠬᠢᠷᠲᠤᠯ ᠦᠭᠡᠢ ᠴᠠᠬᠢᠯᠭᠠᠨ
ᠬᠦᠴᠦᠨᠤ ᠦᠢᠯᠡᠰᠢ ᠬᠦᠭᠵᠢᠭᠦᠯᠬᠦ ᠨᠢ ᠨᠡᠭᠦᠷᠡᠰᠦᠳᠦ᠋ᠷᠦᠭᠴᠢ ᠵᠢᠨ ᠭᠠᠳᠠᠭᠰᠢᠯᠠᠯᠳᠠ ᠵᠢ ᠪᠠᠭᠠᠰᠬᠠᠵᠤ᠂ ᠠᠮᠢ ᠠᠬᠤᠢ ᠤᠷᠴᠢᠨ ᠲᠤᠭᠤᠷᠢᠨᠤ ᠬᠠᠮᠠᠭᠠᠯᠠᠯᠲᠠ
ᠵᠢ ᠴᠢᠨᠭᠭᠠᠳᠬᠠᠨ᠂ ᠮᠠᠨᠤ ᠤᠷᠤᠨᠤ ᠦᠷᠬᠦᠯᠵᠢᠯᠡᠬᠦ ᠬᠦᠭᠵᠢᠯᠲᠡ ᠵᠢ ᠠᠬᠢᠭᠤᠯᠬᠤ ᠴᠢᠬᠤᠯᠠ ᠠᠷᠭ᠎ᠠ ᠵᠠᠮ ᠪᠤᠯᠬᠤ ᠶᠤᠮ᠃ ᠡᠨᠡ ᠵᠢᠯᠤᠨ 5
ᠰᠠᠷ᠎ᠠ
ᠶᠢᠨ 2 ᠤ᠋ᠨ ᠡᠳᠦᠷ ᠦᠪᠦᠷ ᠮᠤᠨᠭᠭᠤᠯ ᠤᠨ ᠪᠠᠷᠠᠭᠤᠨ ᠬᠡᠰᠡᠭᠤᠨ ᠴᠠᠬᠢᠯᠭᠠᠨ
ᠲᠤᠤᠷ ᠤᠨ ᠰᠢᠨ᠎ᠡ ᠡᠨ᠋ᠸᠷᠬᠢ ᠶᠢᠨ ᠬᠠᠮᠤᠭ ᠤᠨ ᠶᠡᠬᠡ ᠴᠠᠬᠢᠯᠭᠠᠨ ᠭᠠᠷᠭᠠᠬᠰᠠᠨ ᠬᠡᠮᠵᠢᠶ᠎ᠠ 1806.8 ᠲᠦᠮᠡᠨ
ᠺᠢᠯᠤᠸᠠᠲ ᠬᠦᠷᠴᠦ᠂ ᠪᠦᠬᠦ ᠴᠠᠬᠢᠯᠭᠠᠨ ᠲᠤᠤᠷᠤᠨ ᠲᠤᠬᠠᠢᠶᠢᠨ ᠴᠠᠭᠤᠨ ᠴᠠᠬᠢᠯᠭᠠᠨ ᠭᠠᠷᠭᠠᠬᠰᠠᠨ ᠬᠡᠮᠵᠢᠶᠡᠨᠤ 48.38%
ᠪᠠᠢᠵᠤ᠂ ᠲᠡᠦᠬᠡᠶᠢᠨ ᠲᠡᠮᠲᠡᠭᠯᠡᠯ ᠢ ᠡᠭᠦᠳᠪᠡ᠃ ᠤᠳᠤ ᠪᠤᠯᠲᠠᠯ᠎ᠠ᠂ ᠦᠪᠦᠷ ᠮᠤᠨᠭᠭᠤᠯ ᠤᠨ ᠪᠠᠷᠠᠭᠤᠨ ᠬᠡᠰᠡᠭᠤᠨ ᠴᠠᠬᠢᠯᠭᠠᠨ ᠲᠤᠤᠷ ᠤᠨ ᠨᠢᠭᠡᠲᠦᠯᠲᠡᠢ ᠲᠤᠬᠢᠷᠠᠭᠤᠯᠬᠤ ᠮᠠᠱᠢᠨ ᠴᠣᠭ᠍ᠴᠠᠯᠠᠪᠤᠷᠢ ᠶ᠋ᠢᠨ ᠪᠠᠭ᠍ᠲᠠᠭᠠᠮᠵᠢ
7760
ᠲᠦᠮᠡᠨ
ᠺᠢᠯᠦᠸᠠᠲ ᠬᠦᠷᠴᠦ ᠂ ᠱᠢᠨ᠎ᠡ ᠡᠨᠧᠷᠭᠢ ᠶ᠋ᠢᠨ ᠮᠠᠱᠢᠨ ᠴᠣᠭ᠍ᠴᠠᠯᠠᠪᠤᠷᠢ ᠶ᠋ᠢᠨ ᠪᠠᠬᠲᠠᠭᠠᠮᠵᠢ ᠶᠢᠨ ᠡᠵᠡᠯᠡᠬᠦ᠌
ᠬᠠᠷᠢᠴᠠᠯ 38.4%ᠳ᠋ᠤᠬᠦᠷᠪᠡ᠂ ᠡᠭᠦᠨᠳᠦ ᠰᠠᠯᠬᠢᠨ ᠬᠦᠴᠦᠨᠦ ᠴᠠᠬᠢᠯᠭᠠᠨᠤ ᠮᠠᠱᠢᠨ ᠴᠣᠭ᠍ᠴᠠᠯᠠᠪᠤᠷᠢᠶᠢᠨ ᠪᠠᠬᠲᠠᠭᠠᠮᠵᠢ
1976
ᠲᠦᠮᠡᠨ
ᠺᠢᠯᠦᠸᠠᠲ ᠪᠠᠢᠵᠤ᠂ ᠭᠡᠷᠡᠯᠴᠢ ᠴᠡᠨᠡᠭ ᠤᠨ ᠮᠠᠱᠢᠨ ᠴᠣᠭ᠍ᠴᠠᠯᠠᠪᠤᠷᠢ ᠶᠢᠨ ᠪᠠᠬᠲᠠᠭᠠᠮᠵᠢ 1003 ᠲᠦᠮᠡᠨ
ᠺᠢᠯᠦᠸᠠᠲ ᠪᠠᠢᠵᠤ᠂ ᠬᠡᠪᠴᠢᠶ᠎ᠡ ᠵᠢᠴᠢ ᠴᠠᠬᠢᠯᠭᠠᠨ ᠭᠠᠷᠭᠠᠬᠤ ᠬᠡᠮᠵᠢᠶ᠎ᠡ ᠨᠢ ᠴᠥᠮ ᠪᠦᠬᠦ᠌ ᠤᠯᠤᠰ ᠲᠦ᠍ ᠲᠡᠷᠢᠬᠦᠯᠡᠵᠤ ᠪᠤᠢ ᠃
ᠤᠷᠲᠤ ᠬᠤᠭᠤᠴᠠᠭᠠᠨᠤ ᠳᠤᠷᠰᠢ᠂ ᠥᠪᠥᠷ ᠮᠤᠩᠭᠤᠯᠤᠨ ᠴᠠᠬᠢᠯᠭᠠᠨ ᠬᠦᠴᠦᠨᠤ ᠪᠦᠯᠦᠭᠯᠡᠯ ᠺᠤᠮᠫᠠᠨᠢ
ᠵᠢᠨ ᠬᠢᠨ ᠦᠪᠡᠷᠳᠡᠭᠡᠨ ᠵᠠᠰᠠᠬᠤ ᠣᠷᠣᠨ ᠤ ᠠᠮᠢ ᠠᠬᠤᠢ
ᠤᠷᠴᠢᠨ ᠲᠤᠭᠤᠷᠢᠨ ᠤ ᠬᠠᠮᠠᠭᠠᠯᠠᠯᠲᠠ ᠵᠢᠨᠪᠠᠢᠷᠢᠯᠠᠭᠤᠯᠤᠯᠲᠠ ᠶ᠋ᠢ ᠨᠠᠷᠢᠨ ᠬᠢᠨᠠᠮᠠᠭᠠᠶ
ᠲᠤᠭᠤᠰᠢᠯᠠᠭᠤᠯᠤᠨ ᠨᠠᠢᠳᠠᠪᠤᠷᠢᠵᠢᠭᠤᠯᠵᠤ᠂ 《ᠱᠢᠨᠡᠶ᠋ᠢ ᠡᠭᠦᠳᠬᠦ᠌᠂
ᠵᠣᠬᠢᠴᠠᠨᠭᠭᠤᠢ᠂ ᠪᠤᠬᠢᠷᠲᠤᠯ ᠦᠭᠡᠢ᠂ ᠨᠡᠭᠡᠭᠡᠯᠳᠡᠲᠦ ᠂ ᠬᠠᠮᠲᠤ ᠪᠠᠷ ᠡᠳ᠋ᠯᠡᠬᠦ᠌ 》 ᠲᠠᠪᠤᠨ ᠶᠡᠬᠡ ᠬᠥᠭ᠌ᠵᠢᠯᠲᠡ ᠶ᠋ᠢᠨ ᠣᠢᠯᠠᠭᠠᠭ᠍ᠳᠠᠬᠤᠨ ᠵᠢᠴᠢ ᠦᠷᠬᠦᠯᠵᠢᠯᠡᠬᠦ ᠬᠥᠭ᠌ᠵᠢᠯᠲᠡ
ᠶ᠋ᠢᠨ ᠪᠠᠢᠯᠳᠤᠬᠤ ᠪᠣᠳᠣᠯᠭ᠎ᠠ ᠵᠢ ᠦᠢᠯᠡᠳᠦᠯᠭᠡᠵᠢᠭᠦᠯᠵᠦ᠂ ᠮᠠᠨ ᠤ ᠤᠷᠤᠨ ᠤ ᠰᠠᠯᠬᠢ᠂ ᠭᠡᠷᠡᠯ ᠵᠡᠷᠭᠡ ᠴᠡᠪᠡᠷ ᠡᠨ᠋ᠸᠷᠬᠢ ᠶᠢᠨ ᠡᠬᠢ ᠪᠠᠶᠠᠯᠢᠭ ᠡᠯᠪᠡᠭ ᠪᠠᠢᠬᠤ
ᠳᠠᠪᠠᠭᠤᠯᠢᠭ ᠲᠦ ᠰᠠᠭᠤᠷᠢᠯᠡᠨ ᠂ ᠪᠤᠬᠢᠷᠳᠤᠯ ᠦᠭᠡᠢ ᠴᠠᠬᠢᠯᠭᠠᠨ ᠬᠦᠴᠦᠨ ᠤ ᠠᠵᠤ ᠦᠢᠯᠡᠰ ᠤᠨ ᠬᠦᠭᠵᠢᠯᠲᠡ ᠵᠢ ᠠᠬᠢᠭᠤᠯᠵᠤ ᠂ ᠪᠣᠬᠢᠷᠲᠤᠯ ᠦᠭᠡᠢ ᠡᠨᠧᠷᠭᠢ ᠶ᠋ᠢᠨ ᠴᠠᠬᠢᠯᠭᠠᠨ
ᠢ ᠴᠠᠬᠢᠯᠭᠠᠨ ᠲᠤᠤᠷ ᠲᠦ ᠵᠠᠯᠭᠠᠨ ᠤᠷᠤᠭᠤᠯᠬᠤ ᠶ᠋ᠢ ᠪᠦᠬᠦ᠌ ᠬᠦᠴᠦᠨ ᠢᠶᠡᠷ ᠢᠶᠡᠨ ᠪᠠᠲᠤᠯᠠᠵᠤ᠂ ᠪᠣᠬᠢᠷᠲᠤᠯ
ᠦᠭᠡᠢ ᠡᠨᠧᠷᠭᠢ ᠶ᠋ᠢᠨ ᠬᠡᠷᠡᠭ᠌ᠯᠡᠭᠡᠨ ᠦ ᠬᠤᠪᠢ ᠶ᠋ᠢᠨ ᠵᠢᠩ ᠢ ᠨᠡᠮᠡᠭ᠌ᠳᠡᠭᠦᠯᠵᠦ ᠂ ᠪᠥᠬᠥ᠌ ᠣᠷᠣᠨ ᠤ
《ᠴᠠᠬᠢᠯᠭᠠᠨ ᠡᠭᠦᠰᠭᠡᠭᠴᠢ ᠴᠠᠬᠢᠯᠭᠠᠨ ᠲᠤᠤᠷ ᠴᠠᠬᠢᠯᠭᠠᠨ ᠳᠠᠭᠠᠭᠠᠴᠠ
ᠡᠨ᠋ᠸᠷᠬᠢ ᠶᠢᠨ ᠬᠠᠳᠠᠭᠠᠯᠠᠮᠵᠢ ᠵᠢ ᠨᠢᠭᠡ ᠴᠤᠬᠴᠠᠵᠢᠭᠤᠯᠤᠨ ᠬᠦᠭᠵᠢᠭᠦᠯᠬᠦ ᠪᠠ ᠰᠠᠯᠬᠢᠨ ᠤ ᠡᠨ᠋ᠸᠷᠬᠢ ᠨᠠᠷᠠᠨ ᠤ ᠡᠨ᠋ᠸᠷᠬᠢ ᠤᠰᠤᠨ ᠤ
ᠡᠨ᠋ᠸᠷᠬᠢ ᠨᠡᠭᠦᠷᠡᠰᠦᠨᠤ ᠡᠨ᠋ᠸᠷᠬᠢ ᠡᠨ᠋ᠸᠷᠬᠢ ᠶᠢᠨ ᠬᠠᠳᠠᠭᠠᠯᠠᠮᠵᠢ ᠵᠢ ᠨᠢᠭᠡ ᠴᠤᠬᠴᠠᠵᠢᠭᠤᠯᠤᠨ ᠬᠦᠭᠵᠢᠭᠦᠯᠬᠦ》 ᠵᠢ ᠨᠢᠭᠡᠲᠦᠯᠲᠡᠢ ᠲᠦᠯᠦᠪᠵᠢᠭᠦᠯᠦᠨ
ᠠᠬᠢᠭᠤᠯᠬᠤ ᠳᠤ ᠬᠦᠴᠦᠨ ᠨᠡᠮᠡᠷᠢᠯᠡᠵᠦ᠂ ᠪᠣᠬᠢᠷᠲᠤᠯ ᠦᠭᠡᠢ ᠴᠠᠬᠢᠯᠭᠠᠨ ᠬᠦᠴᠦᠨ ᠦ ᠠᠵᠤ ᠦᠢᠯᠡᠰ ᠦᠨ ᠬᠡᠯᠬᠢᠶ᠎ᠡ᠂ ᠬᠠᠩᠭᠠᠯᠭ᠎ᠠ ᠶ᠋ᠢᠨ ᠬᠡᠯᠬᠢᠶ᠎ᠡ ᠪᠦᠬᠦ᠌ ᠲᠠᠯ᠎ᠠ ᠪᠠᠷ ᠪᠦᠷᠢᠯᠳᠦᠬᠦ ᠠᠬᠢᠴᠠᠵᠢ
ᠲᠦᠷᠭᠡᠳᠭᠡᠪᠠ ᠃
ᠴᠡᠪᠡᠷ ᠡᠨ᠋ᠸᠷᠬᠢ ᠶᠢᠨ ᠳᠠᠮᠵᠢᠭᠤᠯᠭ᠎ᠠ ᠵᠢ ᠪᠠᠲᠤᠯᠠᠪᠠ
ᠮᠠᠨ ᠤ ᠤᠷᠤᠨ ᠤ 《ᠪᠥᠬᠥ᠌ ᠤᠯᠤᠰ ᠲᠤ ᠬᠠᠨᠳᠤᠭᠤᠯᠤᠭ᠍ᠰᠠᠨ
ᠴᠡᠪᠡᠷ ᠡᠨᠧᠷᠭᠢ ᠭᠠᠷᠭᠠᠬᠤ ᠰᠠᠭᠤᠷᠢᠨ ᠪᠣᠯᠭᠠᠨ ᠪᠥᠲᠥᠭᠡᠨ ᠪᠠᠢᠭᠤᠯᠬᠤ》 ᠬᠠᠷᠠᠯᠲᠠ ᠶ᠋ᠢ ᠪᠡᠶᠡᠯᠡᠭᠦᠯᠬᠦᠳᠤ
᠂ ᠪᠠᠲᠤ ᠴᠢᠩᠭ᠎ᠠ ᠣᠶᠤᠨᠴᠢ ᠴᠠᠬᠢᠯᠭᠠᠨ ᠲᠤᠤᠷ ᠢ ᠪᠠᠢᠭᠤᠯᠵᠤ᠂ ᠪᠤᠬᠢᠷᠲᠤᠯ ᠦᠭᠡᠢ ᠴᠠᠬᠢᠯᠭᠠᠨ ᠢ ᠠᠮᠤᠷ ᠲᠦᠪᠱᠢᠨ
ᠥᠨᠳᠥᠷ ᠪᠦᠲᠦᠮᠵᠢᠲᠡᠢ ᠲᠠᠢ ᠪᠡᠷ ᠴᠠᠬᠢᠯᠭᠠᠨ ᠲᠤᠤᠷ ᠲᠦ ᠵᠠᠯᠭᠠᠬᠤ ᠶ᠋ᠢ ᠦᠨᠡᠨ ᠬᠦ᠌ ᠪᠠᠲᠤᠯᠠᠬᠤ ᠪᠣᠯ ᠵᠠᠩᠭᠢᠯᠠᠭ᠎ᠠ
ᠪᠣᠯᠤᠨ᠎ᠠ᠃ ᠥᠪᠥᠷ ᠮᠣᠩᠭᠣᠯ ᠤᠨ ᠴᠠᠬᠢᠯᠭᠠᠨ ᠬᠦᠴᠦᠨᠦ ᠪᠦᠯᠦᠭ᠌ᠯᠡᠯ ᠺᠤᠮᠫᠠᠨᠢᠵᠢᠨᠬᠢᠨ《ᠠᠷᠪᠠᠨ ᠳᠥᠷᠪᠡᠳᠦᠭᠡᠷ ᠲᠠᠪᠤᠨ ᠵᠢᠯ》ᠤ᠋ᠨ ᠲᠥᠯᠥᠪᠵᠢᠭᠦᠯᠭᠡᠳᠡᠭᠡᠨ᠂ 2025 ᠤᠨ ᠪᠣᠯᠬᠤ ᠳᠤ᠂ ᠥᠪᠥᠷ
ᠮᠣᠩᠭᠣᠯᠤᠨ ᠪᠠᠷᠠᠭᠤᠨ ᠬᠡᠰᠡᠭ ᠦᠨ ᠴᠠᠬᠢᠯᠭᠠᠨ ᠲᠤᠤᠷᠤᠨ ᠱᠢᠨ᠎ᠡ ᠡᠨᠧᠷᠭᠢ ᠶ᠋ᠢᠨ ᠮᠠᠱᠢᠨ ᠴᠣᠭ᠍ᠴᠠᠯᠠᠪᠤᠷᠢ
ᠶ᠋ᠢᠨ ᠪᠠᠭ᠍ᠲᠠᠭᠠᠮᠵᠢ ᠶ᠋ᠢᠨ ᠬᠠᠷᠢᠴᠠᠯ ᠢ 60% ᠱᠢᠬᠠᠮ ᠪᠣᠯᠭᠠᠨ᠎ᠠ ᠭᠡᠵᠦ ᠲᠤᠬᠲᠠᠭᠠᠬᠰᠠᠨ ᠪᠦᠭᠡᠳ ᠪᠠᠢᠯᠳᠤᠬᠤ ᠪᠣᠳᠣᠯᠭ᠎ᠠ ᠂ ᠬᠠᠮᠢᠶᠠᠷᠤᠯᠲᠠ
᠂ ᠮᠡᠷᠭᠡᠵᠢᠯ ᠵᠡᠷᠭᠡ ᠣᠯᠠᠨ ᠲᠠᠯ᠎ᠠ ᠡᠴᠡ ᠭᠠᠷᠳᠠᠵᠤ᠂
ᠠᠷᠭ᠎ᠠ ᠪᠦᠬᠦᠨᠢ ᠰᠦᠪᠡᠭ᠌ᠴᠢᠯᠡᠵᠦ᠍ ᠪᠠᠢᠭᠠᠳ ᠱᠢᠨ᠎ᠡ ᠡᠨᠧᠷᠭᠢ ᠶᠢᠨ ᠴᠠᠬᠢᠯᠭᠠᠨ ᠢ ᠴᠠᠬᠢᠯᠭᠠᠨ ᠲᠤᠤᠷ
ᠲᠦ ᠴᠠᠭ ᠲᠤᠬᠠᠶ ᠳᠤᠨᠢ ᠵᠠᠯᠭᠠᠨ ᠤᠷᠤᠭᠤᠯᠬᠤ ᠶ᠋ᠢ ᠪᠠᠲᠤᠯᠠᠪᠠ ᠃
ᠥᠪᠥᠷ ᠮᠣᠩᠭᠣᠯ ᠤᠨ ᠴᠠᠬᠢᠯᠭᠠᠨ ᠬᠦᠴᠦᠨ ᠦ ᠪᠦᠯᠦᠭ᠌ᠯᠡᠯ ᠺᠤᠮᠫᠠᠨᠢᠵᠢᠨ
ᠬᠢᠨ ᠱᠢᠨ᠎ᠡ ᠡᠨᠧᠷᠭᠢ ᠶᠢᠨ ᠴᠠᠬᠢᠯᠭᠠᠨ ᠢ ᠴᠠᠬᠢᠯᠭᠠᠨ ᠲᠤᠤᠷ ᠲᠤ ᠵᠠᠯᠭᠠᠨ ᠤᠷᠤᠭᠤᠯᠬᠤ ᠢᠨᠵᠧᠨᠧᠷᠢᠩ ᠦᠨ
ᠪᠥᠲᠥᠭᠡᠨ ᠪᠠᠢᠭᠤᠯᠤᠯᠲᠠ ᠵᠢ ᠲᠦᠷᠭᠡᠳᠭᠡᠵᠦ ᠂ 500 ᠺᠢᠯᠦᠸᠠᠲᠤᠨ ᠪᠠᠶᠠᠨᠭᠤᠤᠯ
ᠥᠷᠲᠡᠭᠡ᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ ᠤ ᠦᠷᠲᠡᠭᠡ ᠂ ᠦᠴᠦᠸᠠᠨ ᠥᠷᠲᠡᠭᠡ᠂ ᠴᠢᠩ ᠶᠦᠨ
ᠥᠷᠲᠡᠭᠡ ᠂ ᠳ᠋ᠢᠩ ᠶᠤᠸᠠᠨ ᠶᠢᠩ ᠥᠷᠲᠡᠭᠡ ᠂ 220 ᠺᠢᠯᠦᠸᠠᠲ ᠤᠨ ᠤᠷᠠᠳ ᠤᠨ
ᠬᠣᠢᠲᠤ ᠬᠣᠱᠢᠭᠤᠨ ᠤ ᠨᠡᠭᠡᠭᠡᠯᠭᠡ ᠶᠢᠨ ᠥᠷᠲᠡᠭᠡ ᠂ ᠣᠩᠭᠣᠨ ᠥᠷᠲᠡᠭᠡ᠂ ᠪᠠᠢᠳᠠᠰᠤ ᠨᠡᠭᠡᠭᠡᠯᠭᠡ ᠶᠢᠨ ᠥᠷᠲᠡᠭᠡ
ᠵᠡᠷᠭᠡ ᠬᠤᠪᠢᠰᠬᠠᠭᠤᠷ ᠤᠨ ᠥᠷᠲᠡᠭᠡ ᠪᠠ ᠴᠠᠬᠢᠯᠭᠠᠨ ᠬᠦᠷᠭᠡᠬᠦ ᠱᠤᠭᠤᠮ ᠢ ᠳᠠᠷᠠᠭᠠᠯᠠᠨ ᠪᠦᠲᠦᠭᠡᠨ ᠪᠠᠢᠭᠤᠯᠵᠤ
᠂ ᠤᠳᠤ ᠮᠠᠨ ᠤ ᠤᠷᠤᠨ ᠳᠤ ᠪᠠᠲᠤᠬᠠᠭᠠᠯᠭ᠎ᠠ᠂ ᠪᠠ ᠵᠦᠩ᠂ ᠬᠦᠢᠲᠡᠨ ᠱᠢᠯᠢ ᠵᠡᠷᠭᠡ 500 ᠺᠢᠯᠤᠸᠠᠲ
ᠤᠨ 3
ᠱᠢᠨ᠎ᠡ
ᠡᠨᠧᠷᠭᠢ ᠶᠢᠨ ᠬᠤᠷᠠᠮᠠᠯ ᠥᠷᠲᠡᠭᠡ ᠲᠠᠢ ᠪᠤᠯᠵᠤ᠂ 5.3 ᠲᠦᠮᠡᠨ
ᠺᠢᠯᠣᠮᠧᠲ᠋ᠷ ᠦᠨ ᠴᠠᠬᠢᠯᠭᠠᠨ ᠬᠦᠷᠭᠡᠬᠦ᠌ ᠱᠤᠭᠤᠮᠨᠢ
ᠲᠣᠭ᠍ᠲᠠᠭᠤᠨ ᠪᠥᠭᠡᠳ ᠥᠨᠳᠥᠷ ᠪᠦᠲᠦᠮᠵᠢᠲᠡᠶ ᠱᠢᠨ᠎ᠡ ᠡᠨᠧᠷᠭᠢᠶ᠋ᠢᠨ ᠳᠠᠮᠵᠢᠭᠤᠯᠭᠠᠶᠢᠨ ᠲᠤᠤᠷ ᠢ ᠰᠦᠯᠵᠢᠵᠦ᠍
᠂ ᠪᠤᠬᠢᠷᠲᠤᠯ ᠦᠭᠡᠢ ᠴᠠᠬᠢᠯᠭᠠᠨ ᠢ ᠰᠠᠭᠠᠳ ᠦᠭᠡᠢ ᠳᠠᠮᠵᠢᠭᠤᠯᠵᠤ ᠳᠡᠢᠯᠬᠦ ᠪᠤᠯᠭᠠᠪᠠ᠃ ᠥᠪᠥᠷ ᠮᠣᠩᠭᠣᠯ ᠤᠨ
ᠪᠠᠷᠠᠭᠤᠨ ᠬᠡᠰᠡᠭ ᠦᠨ ᠴᠠᠬᠢᠯᠭᠠᠨ ᠲᠤᠤᠷ ᠤᠨ ᠵᠠᠮ ᠱᠤᠭᠤᠮ ᠤᠷᠲᠤ ᠪᠦᠭᠡᠳ ᠣᠯᠠᠨ ᠂ ᠬᠡᠷᠡᠭᠯᠡᠭᠡᠨ ᠤ ᠴᠡᠭ
ᠨᠢᠭ᠍ᠲᠠ ᠪᠠᠢᠳᠠᠭ ᠠᠵᠢᠯᠯᠠᠭᠠᠨ ᠤ ᠪᠠᠢᠷᠢᠱᠢᠯ ᠳᠤ ᠴᠢᠭ᠌ᠯᠡᠭᠦᠯᠦᠨ ᠂ ᠴᠠᠬᠢᠯᠭᠠᠨ ᠲᠤᠤᠷ ᠤᠨ ᠬᠠᠮᠢᠶᠠᠷᠤᠨ
ᠡᠵᠡᠮᠳᠡᠬᠦ᠌ ᠴᠢᠳᠠᠪᠤᠷᠢ ᠶ᠋ᠢᠨ ᠪᠠᠢᠭᠤᠯᠤᠯᠲᠠ ᠶ᠋ᠢ ᠴᠢᠩᠭᠠᠳᠬᠠᠵᠤ ᠂ 《ᠤᠶᠤᠨᠴᠢ ᠴᠠᠬᠢᠯᠭᠠᠨ ᠲᠤᠤᠷ ᠤᠨ ᠲᠣᠬᠢᠷᠠᠭᠤᠯᠤᠯᠲᠠ ᠶ᠋ᠢᠨ ᠮᠡᠷᠭᠡᠵᠢᠯ ᠦᠨ ᠳᠡᠮᠵᠢᠯᠭᠡ
ᠶ᠋ᠢᠨ ᠱᠢᠰᠲ᠋ᠧᠮ 》 ᠢ᠋ ᠪᠥᠬᠥ᠌ ᠲᠠᠯ᠎ᠠ ᠪᠠᠷ ᠪᠠᠢᠭᠤᠯᠵᠤ ᠂ ᠡᠯ᠎ᠡ
ᠳᠡᠰ ᠤᠨ ᠴᠠᠬᠢᠯᠭᠠᠨ ᠲᠤᠤᠷ ᠤᠨ ᠲᠣᠬᠢᠷᠠᠭᠤᠯᠤᠯᠲᠠ ᠪᠠ ᠲᠥᠪᠯᠡᠷᠡᠭᠦᠯᠦᠨ ᠬᠢᠨᠠᠨ ᠡᠵᠡᠮᠳᠡᠬᠦ᠌ ᠱᠠᠭᠠᠷᠳᠠᠯᠭᠠᠶ᠋ᠢ ᠬᠠᠩᠭᠠᠵᠤ᠂ ᠱᠢᠨ᠎ᠡ ᠡᠨᠧᠷᠭᠢᠶ᠋ᠢᠨ ᠮᠠᠱᠢᠨ ᠴᠣᠭ᠍ᠴᠠᠯᠠᠪᠤᠷᠢᠶ᠋ᠢᠨ ᠴᠢᠳᠠᠮᠵᠢᠶ᠋ᠢ ᠲᠥᠰᠦᠭᠡᠯᠡᠬᠦ᠌
ᠲᠦᠪᠱᠢᠨ ᠢ ᠦᠷᠭᠦᠯᠵᠢᠯᠡᠨ ᠳᠡᠭᠡᠭ᠌ᠰᠢᠯᠡᠭᠦᠯᠵᠦ᠍᠂ ᠴᠠᠬᠢᠯᠭᠠᠨ ᠲᠤᠤᠷ ᠤᠨ ᠲᠡᠩᠴᠡᠭᠦᠷᠢ ᠶ᠋ᠢ ᠪᠠᠲᠤᠯᠠᠬᠤ
ᠮᠡᠷᠭᠡᠵᠢᠯ ᠪᠠ ᠳᠠᠭᠠᠭᠠᠴᠠᠶ᠋ᠢ ᠲᠥᠰᠦᠭᠡᠯᠡᠬᠦ᠌ ᠮᠡᠷᠭᠡᠵᠢᠯᠢ ᠴᠥᠮ ᠨᠡᠯᠢᠶᠡᠳ ᠥᠨᠳᠥᠷ ᠲᠦᠪᠱᠢᠨ ᠳᠦ ᠬᠦᠷᠭᠡᠪᠡ᠃ ᠣᠳᠣᠬᠠᠨ ᠳᠤ᠂ ᠥᠪᠥᠷ ᠮᠣᠩᠭᠣᠯ ᠤᠨ ᠪᠠᠷᠠᠭᠤᠨ ᠬᠡᠰᠡᠭ ᠦᠨ ᠴᠠᠬᠢᠯᠭᠠᠨ ᠲᠤᠤᠷᠤᠨ ᠳᠠᠬᠢᠨ ᠡᠭᠦᠰᠴᠦ᠍
ᠪᠣᠯᠬᠤ ᠡᠨᠧᠷᠭᠢᠶ᠋ᠢ ᠱᠢᠩᠭᠡᠭᠡᠨ ᠠᠪᠬᠤ ᠬᠠᠷᠢᠴᠠᠯ 20.5% ᠪᠠᠢᠵᠤ᠂ ᠤᠯᠤᠰ ᠤᠨ ᠱᠠᠭᠠᠷᠳᠠᠯᠭ᠎ᠠ ᠡᠴᠡ ᠵᠠᠭᠤᠨ ᠤ ᠬᠠᠷᠢᠴᠠᠯ ᠢᠶᠡᠷ 2.5 ᠬᠤᠪᠢ ᠥᠨᠳᠥᠷ ᠪᠤᠢ ᠃

ᠬᠡᠬᠡᠨ ᠭᠤᠤᠯᠤᠨ ᠦᠵᠡᠮᠵᠢ
ᠰᠤᠷᠪᠤᠯᠵᠢᠯᠠᠬᠴᠢ ᠴᠤᠪᠤᠭᠤ ᠰᠡᠭᠦᠳᠡᠷᠯᠡᠪᠡ
ᠪᠤᠬᠢᠷᠲᠤᠯ ᠦᠭᠡᠢ ᠴᠠᠬᠢᠯᠭᠠᠨ ᠰᠢᠰᠲᠸᠮ ᠤᠨ ᠲᠤᠬᠲᠠᠭᠤᠨ ᠠᠵᠢᠯᠯᠠᠭ᠎ᠠᠨᠢ
ᠪᠠᠲᠤᠯᠠᠪᠠ
ᠱᠢᠨ᠎ᠡ ᠡᠨᠧᠷᠭᠢ ᠶᠢᠨ ᠴᠠᠬᠢᠯᠭᠠᠨ ᠢ ᠴᠠᠬᠢᠯᠭᠠᠨ ᠲᠣᠣᠷ ᠲᠤ ᠵᠠᠯᠭᠠᠬᠤ
ᠬᠡᠪᠴᠢᠶ᠎ᠡ ᠦᠷᠭᠦᠯᠵᠢᠯᠡᠨ ᠨᠡᠮᠡᠭ᠌ᠳᠡᠬᠦ᠌ ᠶ᠋ᠢ ᠳᠠᠭᠠᠯᠳᠤᠨ
᠂ ᠰᠢᠨ᠎ᠡ ᠡᠨ᠋ᠸᠷᠬᠢ ᠶᠢᠨ ᠴᠠᠬᠢᠯᠭᠠᠨ ᠨᠢ ᠴᠠᠬᠢᠯᠭᠠᠨ
ᠤ ᠲᠣᠣᠷᠤᠨ ᠪᠡᠯᠡᠳᠭᠡᠯ ᠡᠨ᠋ᠸᠷᠬᠢ ᠡᠴᠡ ᠭᠤᠤᠯ ᠡᠨ᠋ᠸᠷᠬᠢ ᠪᠣᠯᠬᠤ ᠨᠢ ᠯᠠᠪᠲᠠᠶ ᠶᠤᠮ᠃ ᠭᠡᠪᠡᠴᠦ᠍ ᠰᠠᠯᠬᠢ ᠂ ᠬᠡᠷᠡᠯ ᠤᠨ ᠡᠨ᠋ᠸᠷᠬᠢ
ᠶᠢᠨ ᠴᠠᠬᠢᠯᠭᠠᠨ ᠭᠠᠷᠭᠠᠯᠲᠠ ᠶᠢᠨ ᠲᠤᠬᠲᠠᠪᠤᠷᠢ ᠦᠭᠡᠢ ᠴᠢᠨᠠᠷ ᠨᠢ ᠴᠠᠬᠢᠯᠭᠠᠨ ᠲᠤᠤᠷᠤᠨ ᠠᠮᠤᠷ ᠲᠦᠪᠱᠢᠨ
ᠲᠣᠭ᠍ᠲᠠᠭᠤᠨ ᠠᠵᠢᠯᠯᠠᠭᠠᠨ ᠢ ᠨᠥᠯᠥᠭᠡᠯᠡᠵᠦ᠍᠂ ᠱᠢᠨ᠎ᠡ ᠡᠨᠧᠷᠭᠢ ᠶ᠋ᠢᠨ ᠬᠥᠭ᠌ᠵᠢᠯᠲᠡ ᠶ᠋ᠢ ᠬᠢᠵᠠᠭᠠᠷᠯᠠᠬᠤ
ᠭᠤᠤᠯ ᠠᠰᠠᠭᠤᠳᠠᠯ ᠪᠣᠯᠵᠠᠶ ᠃ ᠡᠭᠦᠨᠳ᠋ᠤ ᠥᠪᠥᠷ ᠮᠣᠩᠭᠣᠯ ᠤᠨ ᠴᠠᠬᠢᠯᠭᠠᠨ ᠬᠦᠴᠦᠨ ᠦ ᠪᠦᠯᠦᠭ᠌ᠯᠡᠯ ᠺᠤᠮᠫᠠᠨᠢ
ᠵᠢᠨ ᠬᠢᠨ ᠴᠠᠬᠢᠯᠭᠠᠨ ᠤ ᠢᠷᠡᠯᠲᠡ ᠶ᠋ᠢᠨ ᠪᠦᠲᠦᠴᠡ ᠶ᠋ᠢ ᠱᠢᠯᠢᠳᠡᠭ᠌ᠵᠢᠭᠦᠯᠬᠦ᠌ ᠂ ᠴᠠᠬᠢᠯᠭᠠᠨ ᠤ ᠲᠣᠣᠷ
ᠤᠨ ᠪᠦᠲᠦᠭᠡᠨ ᠪᠠᠢᠭᠤᠯᠤᠯᠲᠠ ᠂ ᠲᠣᠬᠢᠷᠠᠭᠤᠯᠭ᠎ᠠ ᠬᠠᠮᠢᠶᠠᠷᠤᠯᠲᠠ ᠂ ᠢᠯᠠᠩᠭᠤᠶ᠎ᠠ ᠮᠡᠷᠭᠡᠵᠢᠯ ᠦᠨ ᠱᠢᠨ᠎ᠡ
ᠶ᠋ᠢ ᠡᠭᠦᠳᠬᠦ᠌ ᠶ᠋ᠢ ᠦᠷᠭᠦᠯᠵᠢᠯᠡᠨ ᠴᠢᠩᠭᠠᠳᠬᠠᠬᠤ ᠵᠡᠷᠭᠡ ᠲᠠᠯ᠎ᠠ ᠪᠠᠷ ᠠᠯᠢ ᠤᠯᠠᠨ ᠠᠷᠭ᠎ᠠ ᠬᠡᠮᠵᠢᠶ᠎ᠡ
ᠠᠪᠤᠭ᠍ᠰᠠᠨ ᠪᠠᠢᠨ᠎ᠠ ᠃ ᠥᠪᠥᠷ ᠮᠣᠩᠭᠣᠯ ᠤᠨ ᠴᠠᠬᠢᠯᠭᠠᠨ ᠬᠦᠴᠦᠨ ᠦ ᠪᠦᠯᠦᠭ᠌ᠯᠡᠯ ᠺᠤᠮᠫᠠᠨᠢ ᠶᠢᠨ ᠣᠷᠣᠯᠴᠠᠨ
ᠰᠤᠳᠤᠯᠤᠨ ᠨᠡᠭᠡᠭᠡᠭ᠌ᠰᠡᠨ AVC ᠱᠢᠰᠲ᠋ᠧᠮ ᠨᠢ ᠤᠯᠤᠰ ᠤᠨ ᠱᠢᠨᠵᠢᠯᠡᠬᠦ᠌ ᠤᠬᠠᠭᠠᠨ ᠲᠸᠭᠨᠢᠭ
ᠮᠡᠷᠭᠡᠵᠢᠯ ᠦᠨ ᠳᠠᠪᠱᠢᠯᠲᠠ ᠶ᠋ᠢᠨ ᠨᠢᠭᠡᠳᠦᠭᠡᠷ ᠳᠡᠰ ᠤᠨ ᠱᠠᠩᠨᠠᠯ ᠢ ᠭᠥᠷᠳᠡᠵᠦ᠍ ᠂ ᠴᠡᠪᠡᠷ ᠡᠨᠧᠷᠭᠢ
ᠶ᠋ᠢ ᠶᠡᠬᠡ ᠬᠡᠪᠴᠢᠶ᠎ᠡ ᠪᠡᠷ ᠱᠢᠩᠭᠡᠭᠡᠨ ᠠᠪᠬᠤ ᠂ ᠴᠠᠬᠢᠯᠭᠠᠨ ᠲᠤᠤᠷ ᠤᠨ ᠬᠣᠷᠣᠭ᠍ᠳᠠᠯ ᠢ ᠪᠦᠲᠦᠮᠵᠢᠲᠡᠶ
ᠪᠠᠭᠤᠷᠠᠭᠤᠯᠬᠤ ᠂ ᠴᠠᠬᠢᠯᠭᠠᠨ ᠬᠦᠴᠦᠳᠡᠯ ᠦᠨ ᠶᠠᠰᠤ ᠴᠢᠨᠠᠷ ᠢ ᠦᠨᠡᠨ ᠬᠦ᠌ ᠳᠡᠭᠡᠭ᠌ᠰᠢᠯᠡᠭᠦᠯᠬᠦ᠌ ᠵᠡᠷᠭᠡ
ᠳᠦ ᠴᠢᠬᠤᠯᠠ ᠦᠢᠯᠡᠳᠦᠯ ᠦᠵᠡᠭᠦᠯᠵᠦ᠍ ᠂ ᠥᠪᠥᠷ ᠮᠣᠩᠭᠣᠯ ᠤᠨ ᠪᠠᠷᠠᠭᠤᠨ ᠬᠡᠰᠡᠭ ᠦᠨ ᠴᠠᠬᠢᠯᠭᠠᠨ ᠲᠤᠤᠷ ᠤᠨ
ᠱᠢᠨ᠎ᠡ ᠡᠨᠧᠷᠭᠢ ᠶ᠋ᠢ ᠰᠢᠨᠭᠭᠡᠬᠡᠨ ᠠᠪᠬᠤ ᠴᠢᠳᠠᠪᠤᠷᠢ ᠪᠥᠬᠥ᠌ ᠤᠯᠤᠰ ᠲᠤ ᠲᠡᠷᠢᠭᠦᠯᠡᠪᠡ ᠃ ᠣᠳᠣᠬᠠᠨ ᠳᠤ
᠂ ᠲᠣᠰ ᠱᠢᠰᠲ᠋ᠧᠮ ᠢ ᠨᠢᠭᠡᠨᠲᠡ ᠥᠪᠥᠷ ᠮᠣᠩᠭᠣᠯ ᠤᠨ ᠴᠠᠬᠢᠯᠭᠠᠨ ᠬᠦᠴᠦᠨ ᠦ ᠪᠦᠯᠦᠭ᠌ᠯᠡᠯ ᠺᠤᠮᠫᠠᠨᠢ ᠶᠢᠨ
220
ᠺᠢᠯᠤᠸᠠᠲ
ᠵᠢᠴᠢ ᠡᠭᠦᠨ ᠡᠴᠡ ᠳᠡᠭᠡᠭ᠌ᠰᠢᠬᠢ ᠴᠠᠬᠢᠯᠭᠠᠨ ᠬᠦᠴᠦᠳᠡᠯ
ᠦᠨ ᠵᠡᠷᠭᠡ ᠳᠡᠰ ᠤᠨ ᠴᠠᠬᠢᠯᠭᠠᠨ ᠬᠤᠪᠢᠰᠬᠠᠭᠤᠷ ᠥᠷᠲᠡᠭᠡ ᠳᠦ ᠵᠠᠯᠭᠠᠨ ᠤᠷᠤᠭᠤᠯᠵᠤ ᠂ ᠪᠥᠬᠥ᠌ ᠴᠠᠬᠢᠯᠭᠠᠨ
ᠲᠤᠤᠷ ᠤᠨ ᠠᠦ᠋ᠲ᠋ᠣ᠋ ᠴᠠᠬᠢᠯᠭᠠᠨ ᠬᠦᠴᠦᠳᠡᠯ ᠤᠨ ᠡᠵᠡᠮᠳᠡᠯ ᠤᠨ ᠭᠤᠤᠯ ᠪᠠᠭᠠᠵᠢ ᠪᠣᠯᠪᠠ ᠃ ᠡᠭᠦᠨ ᠦ ᠬᠠᠮᠲᠤ
᠂ ᠥᠪᠥᠷ ᠮᠣᠩᠭᠣᠯ ᠤᠨ ᠴᠠᠬᠢᠯᠭᠠᠨ ᠬᠦᠴᠦᠨ ᠦ ᠪᠦᠯᠦᠭ᠌ᠯᠡᠯ ᠺᠤᠮᠫᠠᠨᠢᠵᠢᠨ ᠬᠢᠨ ᠤᠰᠤ ᠲᠠᠲᠠᠵᠤ ᠡᠨᠧᠷᠭᠢ
ᠬᠠᠳᠠᠭᠠᠯᠠᠬᠤ ᠴᠠᠬᠢᠯᠭᠠᠨ ᠥᠷᠲᠡᠭᠡ ᠶ᠋ᠢ ᠲᠦᠷᠭᠡᠳᠭᠡᠨ ᠬᠥᠭ᠌ᠵᠢᠭᠦᠯᠵᠦ ᠂ ᠴᠠᠬᠢᠯᠭᠠᠨ ᠬᠦᠴᠦᠨ ᠦ ᠱᠢᠰᠲ᠋ᠧᠮ
ᠦᠨ ᠠᠮᠢᠳᠤᠯᠢᠭ ᠴᠢᠨᠠᠷ ᠂ ᠠᠷᠪᠢᠴᠢ ᠴᠢᠨᠠᠷ ᠪᠠ ᠠᠮᠤᠷ ᠲᠦᠪᠱᠢᠨ ᠴᠢᠨᠠᠷ ᠢ ᠳᠡᠭᠡᠭ᠌ᠰᠢᠯᠡᠭᠦᠯᠪᠡ ᠃ 2004 ᠣᠨ ᠳᠤ
ᠪᠠᠢᠭᠤᠯᠤᠭ᠍ᠰᠠᠨ ᠬᠥᠬᠡᠬᠣᠲᠠ ᠶ᠋ᠢᠨ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡ ᠨᠢ ᠥᠪᠥᠷ
ᠮᠣᠩᠭᠣᠯ ᠤᠨ ᠪᠠᠷᠠᠭᠤᠨ ᠬᠡᠰᠡᠭ ᠦᠨ ᠴᠠᠬᠢᠯᠭᠠᠨ ᠲᠤᠤᠷ ᠤᠨ ᠠᠵᠢᠯᠯᠠᠭᠠᠨ ᠤ ᠠᠩᠬᠠᠳᠠᠭ᠍ᠴᠢ ᠤᠰᠤ ᠲᠠᠲᠠᠵᠤ
ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡ ᠪᠠᠢᠵᠤ ᠂ ᠦᠯᠡᠭᠦᠦ ᠴᠠᠬᠢᠯᠭᠠᠨ ᠡᠨ᠋ᠸᠷᠬᠢ ᠵᠢ ᠦᠨᠳᠦᠷ ᠦᠷᠲᠡᠭᠲᠦ ᠴᠠᠬᠢᠯᠭᠠᠨ ᠡᠨ᠋ᠸᠷᠬᠢ ᠪᠤᠯᠭᠠᠨ ᠬᠤᠪᠢᠷᠠᠭᠤᠯᠬᠤ
᠂ ᠳᠠᠪᠲᠠᠮᠵᠢ ᠹᠠᠰ ᠲᠣᠬᠢᠷᠠᠭᠤᠯᠬᠤ ᠪᠠ ᠪᠠᠴᠢᠮ ᠪᠠᠢᠳᠠᠯ ᠢ ᠠᠷᠭᠠᠴᠠᠭᠠᠬᠤ ᠳᠤ ᠪᠡᠯᠡᠳᠭᠡᠯ ᠪᠤᠯᠬᠤ ᠵᠡᠷᠭᠡ
ᠡᠭᠦᠷᠭᠡ ᠶ᠋ᠢ ᠡᠭᠦᠷᠭᠡᠯᠡᠵᠦ᠍ ᠪᠠᠢᠨ᠎ᠠ ᠃ ᠡᠭᠦᠨ ᠡᠴᠡ ᠭᠠᠳᠠᠨ᠎ᠠ ᠪᠠᠰᠠ ᠦᠬᠠᠶ ᠂ ᠪᠤᠭᠤᠲᠤ ᠂ ᠤᠯᠠᠭᠠᠨᠴᠠᠪ
ᠵᠡᠷᠭᠡ ᠭᠠᠵᠠᠷ ᠣᠷᠣᠨᠳᠤ ᠤᠰᠤ ᠲᠠᠲᠠᠵᠤ ᠡᠨᠧᠷᠭᠢ ᠬᠠᠳᠠᠭᠠᠯᠠᠬᠤ ᠴᠠᠬᠢᠯᠭᠠᠨ ᠥᠷᠲᠡᠭᠡ ᠶ᠋ᠢᠨ ᠲᠥᠷᠥᠯ ᠵᠦᠶ᠋ᠯ
ᠢ ᠲᠥᠯᠥᠪᠵᠢᠭᠦᠯᠦᠨ ᠪᠥᠲᠥᠭᠡᠨ ᠪᠠᠢᠭᠤᠯᠵᠤ ᠪᠤᠢ ᠃
ᠤᠳᠤ ᠦᠶ᠎ᠡᠶᠢᠨ ᠡᠨ᠋ᠸᠷᠬᠢ ᠶᠢᠨ ᠠᠵᠤ ᠠᠬᠤᠢ ᠶᠢᠨ ᠪᠠᠢᠭᠤᠯᠤᠯᠲᠠ ᠵᠢ ᠲᠦᠷᠭᠡᠳᠭᠡᠪᠠ
ᠮᠠᠨ ᠤ ᠤᠷᠤᠨ ᠤ ᠪᠠᠷᠠᠭᠤᠨ ᠬᠡᠰᠡᠭ ᠦᠨ ᠭᠠᠵᠠᠷ ᠣᠷᠣᠨ ᠤ ᠠᠵᠤ ᠦᠶ᠋ᠯᠡᠰ
ᠬᠦᠨᠳᠦ ᠠᠵᠤ ᠦᠶ᠋ᠯᠡᠳᠪᠦᠷᠢ ᠪᠡᠷ ᠭᠤᠤᠯ ᠪᠣᠯᠭᠠᠨ ᠂ ᠴᠠᠬᠢᠯᠭᠠᠨ ᠬᠦᠴᠦᠨ ᠦ ᠲᠣᠮᠣ ᠬᠡᠷᠡᠭ᠌ᠯᠡᠭ᠌ᠴᠢᠳ ᠨᠡᠯᠢᠶᠡᠳ
ᠣᠯᠠᠨ ᠪᠠᠢᠵᠤ ᠂ ᠠᠵᠤ ᠦᠶ᠋ᠯᠡᠳᠪᠦᠷᠢ ᠳᠤ ᠬᠡᠷᠡᠭ᠌ᠯᠡᠬᠦ᠌ ᠴᠠᠬᠢᠯᠭᠠᠨ ᠤ ᠬᠡᠮᠵᠢᠶ᠎ᠡᠨᠢ ᠪᠥᠬᠥ᠌ ᠤᠷᠤᠨ ᠤ
ᠴᠠᠬᠢᠯᠭᠠᠨ ᠬᠡᠷᠡᠭᠯᠡᠭᠡᠨ ᠤ 90% ᠱᠢᠬᠠᠮ ᠢ ᠡᠵᠡᠯᠡᠵᠦ᠍ ᠪᠤᠢ᠃
ᠴᠠᠬᠢᠯᠭᠠᠨ ᠬᠦᠴᠦᠨ ᠤ ᠪᠦᠯᠦᠭᠯᠡᠯ ᠺᠤᠮᠫᠠᠨᠢ ᠥᠪᠥᠷ ᠮᠣᠩᠭᠣᠯ ᠤᠨ ᠴᠠᠬᠢᠯᠭᠠᠨ ᠬᠦᠴᠦᠨ ᠦ ᠠᠷᠠᠯᠵᠢᠶᠠᠨ ᠤ
ᠲᠥᠪ ᠢ ᠪᠠᠢᠭᠤᠯᠵᠤ ᠂ ᠥᠪᠥᠷ ᠮᠣᠩᠭᠣᠯ ᠤᠨ ᠪᠠᠷᠠᠭᠤᠨ ᠬᠡᠰᠡᠭ ᠦᠨ ᠴᠠᠬᠢᠯᠭᠠᠨ ᠲᠤᠤᠷ ᠤᠨ ᠴᠠᠬᠢᠯᠭᠠᠨ ᠬᠦᠴᠦᠨ
ᠦ ᠵᠠᠬ᠎ᠠ ᠳᠡᠯᠭᠡᠭᠦᠷᠴᠢᠯᠡᠭ᠌ᠰᠡᠨ ᠥᠭᠡᠷᠡᠴᠢᠯᠡᠯᠲᠡ ᠶ᠋ᠢᠨ ᠬᠠᠢᠨ ᠰᠥᠪᠡᠭ᠌ᠴᠢᠯᠡᠯᠲᠡ ᠶ᠋ᠢᠨ ᠵᠠᠮ ᠢ ᠨᠡᠭᠡᠭᠡᠭ᠌ᠰᠡᠨ
ᠪᠠᠢᠨ᠎ᠠ ᠃ ᠴᠠᠬᠢᠯᠭᠠᠨ ᠬᠦᠴᠦᠨ ᠦ ᠠᠷᠠᠯᠵᠢᠶᠠᠨ ᠤ ᠲᠥᠪᠨᠢ ᠭᠠᠵᠠᠷ ᠣᠷᠣᠨ ᠤ ᠱᠢᠨ᠎ᠡ ᠡᠨᠧᠷᠭᠢ ᠶ᠋ᠢᠨ
ᠮᠠᠱᠢᠨ ᠴᠣᠭ᠍ᠴᠠᠯᠠᠪᠤᠷᠢ ᠶ᠋ᠢᠨ ᠰᠠᠭᠤᠷᠢ ᠲᠣᠭᠠᠨᠢ ᠶᠡᠬᠡ ᠂ ᠨᠡᠮᠡᠭ᠌ᠳᠡᠯ ᠦᠨ ᠬᠤᠷᠳᠤᠴᠠᠨᠢ ᠲᠦᠷᠭᠡᠨ
ᠪᠠᠢᠬᠤ ᠪᠣᠳᠠᠲᠤ ᠪᠠᠢᠳᠠᠯᠲᠠᠶ ᠤᠶᠠᠯᠳᠤᠭᠤᠯᠤᠨ ᠂ ᠱᠢᠨ᠎ᠡ ᠡᠨᠧᠷᠭᠢ ᠶ᠋ᠢᠨ ᠴᠠᠬᠢᠯᠭᠠᠨ ᠭᠠᠷᠭᠠᠬᠤ ᠠᠵᠤ ᠠᠬᠤᠢᠯᠠᠯ
ᠤᠨ ᠰᠠᠢᠨ ᠳᠤᠷ᠎ᠠ ᠶ᠋ᠢᠨ ᠵᠠᠷᠴᠢᠮ ᠳᠤᠤᠷ᠎ᠠ ᠵᠠᠬ᠎ᠠ ᠳᠡᠯᠭᠡᠭᠦᠷ ᠦᠨ ᠥᠷᠢᠰᠥᠯᠳᠦᠭᠡᠨ ᠳᠦ ᠣᠷᠣᠯᠴᠠᠬᠤ ᠶ᠋ᠢ
ᠵᠣᠷᠢᠭ᠍ᠵᠢᠭᠤᠯᠵᠤ ᠂ ᠵᠠᠬ᠎ᠠ ᠳᠡᠯᠭᠡᠭᠦᠷ ᠦᠨ ᠡᠬᠢ ᠪᠠᠶᠠᠯᠢᠭᠤᠨ ᠲᠣᠬᠢᠷᠠᠭᠤᠯᠤᠯᠲᠠ ᠶ᠋ᠢ ᠰᠢᠯᠢᠳᠡᠭᠵᠢᠭᠦᠯᠬᠦ
ᠴᠢᠳᠠᠮᠵᠢ ᠶ᠋ᠢ ᠪᠦᠲᠦᠮᠵᠢᠲᠡᠢ ᠪᠠᠳᠠᠷᠠᠭᠤᠯᠤᠨ ᠂ ᠴᠠᠬᠢᠯᠭᠠᠨ ᠬᠦᠴᠦᠨ ᠦ ᠵᠠᠬ᠎ᠠ ᠳᠡᠯᠭᠡᠭᠦᠷ ᠦᠨ ᠪᠣᠬᠢᠷᠲᠤᠯ
ᠥᠬᠡᠶ ᠴᠠᠬᠢᠯᠭᠠᠨ ᠬᠦᠴᠦᠨ ᠦ ᠠᠷᠠᠯᠵᠢᠶᠠᠨ ᠤ ᠬᠠᠷᠢᠴᠠᠯ ᠢ ᠳᠡᠭᠡᠭ᠌ᠰᠢᠯᠡᠭᠦᠯᠪᠡ ᠃
ᠡᠭᠦᠨ ᠢᠶᠡᠷ ᠂ ᠥᠪᠥᠷ ᠮᠣᠩᠭᠣᠯ ᠤᠨ ᠴᠠᠬᠢᠯᠭᠠᠨ ᠬᠦᠴᠦᠨ ᠦ ᠪᠦᠯᠦᠭ᠌ᠯᠡᠯ ᠺᠤᠮᠫᠠᠨᠢᠵᠢᠨ ᠬᠢᠨ ᠵᠠᠬ᠎ᠠ ᠳᠡᠯᠭᠡᠭᠦᠷ
ᠦᠨ ᠲᠣᠭ᠍ᠲᠠᠴᠠ ᠂ ᠵᠠᠭ᠍ᠪᠤᠷ ᠪᠠ ᠲᠦᠷᠢᠮ ᠵᠡᠷᠭᠡ ᠲᠠᠯ᠎ᠠ ᠪᠠᠷ ᠣᠲᠣ ᠦᠶ᠎ᠡ ᠶ᠋ᠢᠨ ᠡᠨᠧᠷᠭᠢ ᠶ᠋ᠢᠨ ᠠᠵᠤ
ᠠᠬᠤᠶ ᠶ᠋ᠢᠨ ᠪᠠᠢᠭᠤᠯᠤᠯᠲᠠ ᠶ᠋ᠢ ᠪᠥᠬᠥ᠌ ᠲᠠᠯ᠎ᠠ ᠪᠠᠷ ᠲᠤᠯᠭᠠᠭᠤᠷᠢᠯᠠᠵᠤ ᠂ ᠴᠠᠬᠢᠯᠭᠠᠨ ᠬᠦᠴᠦᠨ ᠦ ᠵᠠᠬ᠎ᠠ
ᠳᠡᠯᠭᠡᠭᠦᠷ ᠦᠨ ᠪᠣᠬᠢᠷᠲᠤᠯ ᠥᠬᠡᠶ ᠬᠥᠭ᠌ᠵᠢᠯᠲᠡ ᠶ᠋ᠢ ᠪᠡᠶᠡᠯᠡᠭᠦᠯᠪᠡ ᠃
ᠥᠪᠥᠷ ᠮᠣᠩᠭᠣᠯᠤᠨ ᠴᠠᠬᠢᠯᠭᠠᠨ ᠬᠦᠴᠦᠨ ᠦ ᠪᠦᠯᠦᠭ᠌ᠯᠡᠯ ᠺᠤᠮᠫᠠᠨᠢᠵᠢᠨ
ᠬᠢᠨ ᠱᠢᠨ᠎ᠡ ᠬᠡᠯᠪᠡᠷᠢᠶ᠋ᠢᠨ ᠴᠠᠬᠢᠯᠭᠠᠨ ᠬᠦᠴᠦᠨᠦ ᠱᠢᠰᠲ᠋ᠧᠮ ᠦᠨ ᠪᠠᠢᠭᠤᠯᠤᠯᠲᠠ ᠵᠢ ᠠᠬᠢᠭᠤᠯᠵᠤ ᠂ ᠪᠤᠳᠠᠲᠤ ᠠᠵᠢᠯᠯᠠᠭ᠎ᠠ ᠪᠡᠷ ᠢᠶᠡᠨ 《ᠨᠡᠭᠦᠷᠡᠰᠦᠳᠦ᠋ᠷᠦᠭᠴᠢ ᠵᠢᠨ ᠭᠠᠳᠠᠭᠰᠢᠯᠠᠯᠳᠠ ᠤᠷᠭᠢᠯ ᠬᠡᠮᠵᠢᠭᠳᠡᠯᠳᠤ ᠬᠦᠷᠬᠦ ᠂ ᠨᠡᠭᠦᠷᠡᠰᠦᠳᠦ᠋ᠷᠦᠭᠴᠢ ᠵᠢ ᠰᠠᠭᠠᠷᠮᠠᠬᠵᠢᠭᠤᠯᠬᠤ》 ᠬᠠᠷᠠᠯᠲᠠ ᠶ᠋ᠢ ᠪᠡᠶᠡᠯᠡᠭᠦᠯᠭᠦ ᠳᠤ ᠦᠢᠯᠡᠴᠢᠯᠡᠨ ᠂ ᠦᠵᠡᠰᠭᠦᠯᠡᠨᠭᠲᠦ ᠰᠠᠢᠬᠠᠨ ᠦᠪᠦᠷ
ᠮᠤᠨᠭᠭᠤᠯ ᠵᠢᠡᠨ ᠪᠦᠲᠦᠭᠡᠨ ᠪᠠᠢᠭᠤᠯᠬᠤ ᠳᠤ ᠬᠤᠪᠢ ᠨᠡᠮᠡᠷᠢ ᠦᠵᠡᠭᠦᠯᠦᠨ᠎ᠠ ᠃