ᠲᠠᠯ᠎ᠠ ᠲᠡᠯᠡᠭ᠌ᠰᠡᠨ ᠤᠬᠠᠭᠠᠨ ᠲᠠᠩᠰᠤᠭ ᠠᠮᠢᠳᠤᠷᠠᠯ᠎ᠤᠨ ᠨᠦᠮᠦᠷᠢ
2021-11-15 11:27:29
ᠵᠣᠬᠢᠶᠠᠭ᠍ᠴᠢ᠄
ᠪᠠᠶᠠᠰᠤᠯ
ᠣᠩᠱᠢᠭ᠍ᠰᠠᠨ ᠣᠳᠠᠭ᠎ᠠ᠄
★★★☆☆

ᠦᠯᠵᠡᠢ ᠪᠡᠯᠬᠡ ᠲᠡᠭᠦᠰ ᠪᠦᠷᠢᠳᠦᠭ᠌ᠰᠡᠨ ᠲᠠᠩᠰᠤᠭ ᠨᠠᠮᠣᠷ᠎ᠤᠨ ᠲᠡᠷᠢᠬᠦᠨ ᠰᠠᠷ᠎ᠠ ᠵᠢᠨ ᠡᠬᠢᠨ᠎ᠠ᠂ ᠪᠠᠭᠠᠷᠢᠨ ᠪᠡᠷᠠᠭᠤᠨ ᠬᠤᠱᠢᠭᠤᠨ᠎ᠤ ᠴᠠᠭᠠᠨᠮᠦᠢ᠍ᠷᠡᠨ ᠰᠤᠮᠤᠨ᠎ᠤ ᠲᠠᠪᠤᠨᠬᠤᠸᠠ ᠭᠠᠴᠠᠭᠠᠨ᠎ᠤ ᠲᠠᠪᠤᠨᠬᠤᠸᠠ ᠲᠣᠭᠤᠢᠯᠠᠩ᠎ᠤᠨ ᠵᠢᠷ᠎ᠤᠨ ᠨᠢᠬᠡᠠ ᠮᠠᠯᠴᠢᠨ ᠰᠡᠴᠡᠨ᠎ᠤ ᠲᠠᠯᠠᠨ ᠭᠤᠷᠪᠠᠨ ᠨᠠᠰᠣᠨ᠎ᠤ ᠪᠠᠶᠠᠷ᠎ᠤᠨ ᠨᠠᠢᠷ ᠬᠡᠰᠠᠷ ᠪᠠᠭᠠᠳᠤᠷ ᠎ᠤᠨ ᠲᠣᠮᠣᠭ᠍ᠳᠣ ᠠᠰᠭᠠᠨ ᠠᠭᠤᠯᠠ᠎ᠶ᠋ᠢᠨ ᠵᠡᠬᠦᠨᠳᠡᠬᠢ ᠲᠦᠨᠳᠣᠬᠡᠷ᠎ᠤᠨ ᠣᠷᠣᠢ᠎ᠶ᠋ᠢᠨ ᠡᠩᠬᠡᠷ ᠬᠤᠷᠮᠣᠢ᠂ ᠵᠢᠩᠰᠡᠳᠣ᠎ᠶ᠋ᠢᠨ ᠠᠭᠤᠯᠠᠨ᠎ᠤ ᠠᠷᠣ ᠪᠡᠯ᠎ᠳᠠᠬᠢ ᠤᠳᠤᠷ ᠎ᠤᠨ  ᠪᠡᠯᠴᠢᠭᠡᠷ ᠲᠡᠭᠡᠷ᠎ᠡ᠎ᠪᠠᠨ ᠡᠷ᠎ᠠ᠎ᠶ᠋ᠢᠨ ᠭᠤᠷᠪᠠᠨ ᠨᠠᠭᠠᠳᠣᠮ᠎ᠲᠠᠢ ᠡᠩᠭᠡ ᠲᠦᠪᠱᠢᠨ᠎ᠤ ᠪᠡᠯᠬᠡ᠎ᠲᠠᠢ ᠦᠨᠳᠣᠷᠯᠡᠭ᠌ᠰᠡᠨ ᠰᠠᠨ᠃

ᠰᠠᠴᠠᠠ᠂ 1950 ᠤᠨ᠎ᠤ ᠪᠢᠯᠢᠭ᠎ᠤᠨ ᠴᠠᠭᠠᠨ ᠰᠠᠷ᠎ᠠ᠎ᠶ᠋ᠢᠨ ᠠᠷᠪᠠᠨ ᠲᠦᠷᠪᠡᠨ᠎ᠤ ᠡᠳᠤᠷ᠂ ᠦᠵᠢᠶᠠᠳ ᠤᠪᠤᠭ᠍ᠳᠤ ᠵᠢᠷ᠎ᠤᠨ ᠮᠠᠯᠴᠢᠨ ᠯᠤᠪᠰᠠᠩᠵᠠᠮᠰᠤ᠂ ᠶ᠋ᠢᠨ ᠽᠦᠢ᠎ᠶ᠋ᠢᠨ ᠭᠠᠭ᠍ᠴᠠ ᠬᠦᠦ ᠪᠤᠯᠤᠨ ᠵᠠᠶᠠᠭᠠᠵᠠᠢ᠃

ᠬᠠᠷ᠎ᠠ ᠪᠠᠭ᠎ᠠ ᠨᠠᠰᠤᠨ᠎ᠳᠠᠭᠠᠨ ᠨᠣᠳᠤᠭ ᠎ᠤᠨ ᠲᠣᠮᠣᠭᠠᠳᠠᠤᠨ᠎ᠢᠶᠠᠨ ᠲᠠᠭᠠᠵᠣ᠂ ᠬᠠᠰᠠᠭ ᠬᠦᠳᠦᠯᠦᠨ ᠡᠵᠢ ᠨᠠᠭᠤᠷ᠎ᠤᠨ ᠲᠠᠪᠣᠰᠣᠨ ᠠᠶᠠᠠ᠎ᠳᠤ ᠶᠠᠪᠣᠬᠤ᠎ᠳᠠᠭᠠᠨ ᠠᠶᠠᠠ᠎ᠤ ᠰᠠᠢᠬᠠᠠ᠎ᠢ ᠪᠠᠭ᠍ᠠᠳᠤᠵᠤ ᠂ ᠭᠠᠯ᠎ᠤᠨ ᠠᠬ᠎ᠠ᠎ᠠᠴᠠ᠎ᠪᠠᠨ ᠦᠯᠢᠬᠡᠷ ᠲᠣᠮᠤᠭ ᠰᠣᠨᠣᠰᠣᠨ᠂ ᠠᠯᠤᠰ ᠨᠤᠳᠤᠭ᠎ᠤᠨ ᠰᠠᠢᠬᠠᠠ᠎ᠢ ᠪᠠᠭ᠍ᠠᠷᠬᠠᠵᠤ ᠂ ᠠᠭᠤᠯᠠᠨ᠎ᠤ ᠴᠠᠭᠠᠨ᠎ᠠ ᠠᠭᠤᠯᠠ ᠪᠠᠢᠬᠤ᠎ᠶ᠋ᠢ ᠴᠦ᠍ ᠮᠡᠳᠡᠵᠣ᠂ ᠠᠭᠤᠯᠠ ᠲᠣᠯᠤᠭᠠᠳ ᠣᠰᠣ ᠮᠦᠷᠡᠨ᠂ ᠭᠤᠣᠯ ᠭᠤᠷᠤᠬ᠎ᠠ᠎ᠶ᠋ᠢᠨ ᠨᠡᠷ᠎ᠡ᠎ᠠᠴᠠ ᠠᠪᠣᠭᠠᠳ ᠡᠪᠡᠰᠣ ᠣᠷᠭᠤᠮᠠᠯ᠎ᠤᠨ ᠲᠦᠷᠣᠯ ᠵᠦᠢᠯ᠂ ᠠᠷᠢᠶᠠᠳᠠᠨ ᠠᠮᠢᠳᠠᠨ᠎ᠤ ᠣᠷᠣᠱᠢᠯ ᠣᠷᠣᠩᠨᠠᠯ᠎ᠤᠨ ᠪᠠᠢᠳᠠᠯ ᠬᠦᠷᠳᠡᠯ᠎ᠡ ᠰᠣᠨᠢᠷᠬᠠᠨ ᠲᠣᠭ᠍ᠳᠠᠭᠠᠵᠣ  ᠠᠶᠠᠨ ᠎ᠤ ᠶᠠᠳᠠᠷᠠᠯ ᠎ᠨᠢ ᠪᠦᠷᠢᠮᠦᠰᠣᠨ ᠮᠠᠷᠳᠠᠭ᠍ᠳᠠᠳᠠᠭ ᠪᠠᠢᠵᠠᠢ᠃


QQ图片20211115104116.png


ᠵᠠᠯᠠᠭᠤ ᠽᠠᠨᠳᠠᠨ ᠨᠠᠰᠤᠨ᠎ᠳᠠᠭᠠᠨ ᠲᠠᠷᠠ᠂ ᠠᠭ᠍ᠳᠠ ᠬᠦᠯᠦᠭ᠎ᠤᠨ ᠨᠢᠷᠣᠭᠤᠨ᠎ᠳᠤ ᠮᠣᠷᠳᠠᠵᠣ᠂ ᠠᠳᠠᠷ ᠲᠠᠯ᠎ᠠ ᠎ᠪᠠᠷ ᠎ᠢᠶᠠᠨ ᠲᠠᠪᠬᠢᠭᠤᠯᠵᠤ᠂ ᠠᠳᠤᠭᠤᠴᠢᠨ ᠨᠠᠷ᠎ᠠ ᠵᠢ ᠡᠷᠬᠦᠵᠤ ᠶᠠᠪᠣᠬᠤ᠎ᠳᠠᠭᠠᠨ ᠨᠣᠳᠤᠭ᠎ᠤᠨ ᠮᠠᠯ᠎ᠤᠨ ᠡᠮᠴᠢ ᠪᠠᠨ ᠲᠠᠭᠠᠵᠣ᠂ ᠮᠠᠯ ᠠᠬᠤᠢ ᠡᠮᠴᠢᠯᠡᠨ ᠲᠣᠳᠣᠮᠳᠠᠬᠤ ᠡᠷᠳᠡᠮ᠎ᠢ ᠰᠣᠷᠣᠭᠠᠳ ᠶᠠᠪᠣᠭᠠᠨ᠎ᠳᠠᠭᠠᠨ ᠮᠠᠯ᠎ᠤᠨ ᠬᠡᠮ ᠠᠷᠬᠠᠭ᠎ᠢ ᠡᠮᠴᠢᠯᠠᠴᠢᠬᠡᠳᠡᠭ  《ᠡᠷᠳᠡᠮ》 ᠲᠠᠢ ᠮᠠᠯ ᠎ᠤᠨ ᠡᠮᠴᠢ ᠪᠣᠯᠴᠢᠬᠠᠭᠠᠳ ᠠᠢᠯ  ᠬᠤᠳᠠ  ᠨᠣᠳᠤᠭ ᠣᠰᠣᠨ᠎ᠤ ᠮᠠᠯᠴᠢᠳ ᠎ᠲᠠᠭᠠᠨ ᠦᠢᠯᠡᠴᠢᠯᠡᠵᠣ ᠶᠠᠪᠣᠭ᠍ᠰᠡᠨ ᠲᠡᠣᠬᠡ᠎ᠲᠠᠢ ᠪᠠᠢᠳᠠᠭ᠃

ᠦᠬᠡᠷᠡᠴᠢᠯᠡᠯᠳᠡ ᠨᠡᠬᠡᠬᠡᠯᠳᠡ᠎ᠶ᠋ᠢᠨ ᠠᠩᠬᠠᠨ᠎ᠤ ᠵᠢᠯ᠎ᠤᠳ᠎ᠲᠦ ᠲᠡᠷᠡ ᠢᠮᠠᠭ᠎ᠠ ᠲᠡᠵᠢᠬᠡᠬᠦ᠌ ᠲᠣᠰᠭᠠᠢ ᠡᠷᠣᠬᠡ ᠪᠣᠯᠵᠣ᠂ ᠬᠦᠳᠡᠯᠮᠦᠷᠢ ᠎ᠪᠡᠷ ᠪᠠᠶᠠᠵᠢᠬᠤ ᠵᠠᠮ ᠎ᠢ ᠡᠯᠬᠦᠵᠣ ᠠᠪᠣᠭ᠍ᠰᠡᠨ᠎ᠤ ᠬᠠᠮᠳᠣ ᠮᠠᠯᠴᠢᠳ ᠎ᠤᠨ ᠎ᠢᠶᠠᠨ ᠪᠠᠶᠠᠵᠢᠯ᠎ᠤᠨ ᠲᠠᠭᠠᠭᠤᠯᠣᠭ᠍ᠴᠢ ᠪᠣᠯᠵᠣ ᠶᠠᠪᠣᠭ᠍ᠰᠡᠨ ᠲᠡᠣᠬᠡ᠎ᠲᠠᠢ᠃ ᠣᠷᠢ ᠵᠠᠯᠠᠭᠤ ᠨᠠᠰᠣᠨ᠎ᠠᠴᠠ᠎ᠪᠠᠨ ᠣᠯᠠᠭᠠᠨ ᠴᠠᠭᠠᠨ ᠎ᠤ ᠶᠠᠪᠣᠳᠠᠯ ᠎ᠳᠤ ᠣᠬᠤᠷᠢᠰᠢ ᠦᠬᠡᠢ ᠬᠦᠶᠣᠳᠡᠭ ᠎ᠲᠦᠨᠢ ᠠᠢᠯ ᠠᠢᠮᠠᠭ᠎ᠤᠨ᠎ᠬᠢᠨ ᠲᠡᠬᠦᠨ᠎ᠳᠤ ᠲᠠᠯᠠᠷᠬᠠᠳᠠᠭ᠃ ᠣᠴᠢᠷ ᠶᠠᠪᠣᠳᠠᠯ ᠎ᠳᠤ ᠭᠤᠣᠯᠴᠢ ᠎ᠶ᠋ᠢ   ᠬᠦᠵᠢᠬᠦᠨ ᠵᠠᠩ  ᠲᠠᠢ᠎ᠳᠤᠨᠢ ᠠᠢᠯ ᠠᠢᠮᠠᠭ᠎ᠤᠨ᠎ᠬᠢᠨ ᠲᠠᠬᠦᠨ᠎ᠢ ᠲᠣᠭᠤᠳᠠᠭ᠃ ᠪᠤᠳᠤᠭ᠍ᠰᠠᠠ᠎ᠢᠶᠠᠷ᠎ᠢᠶᠠᠨ ᠵᠦᠷᠢᠬᠦᠳᠯᠡᠳᠡᠭ ᠴᠦ᠍ ᠪᠤᠶᠠᠡᠰᠠᠭ ᠲᠤᠰᠠᠡᠴᠢᠷ ᠪᠠᠢᠳᠠᠭ᠎ᠲᠤᠨᠢ ᠬᠠᠪᠢ ᠲᠦᠰᠤᠷ ᠎ᠤᠨ ᠬᠢᠨ ᠲᠠᠬᠦᠨ᠎ᠢᠶᠠᠨ ᠲᠠᠭᠠᠱᠢᠶᠠᠳᠠᠭ᠃ ᠠᠪᠤ᠎ᠪᠠᠨ ᠨᠠᠰᠤ ᠨᠦᠭ᠌ᠴᠢᠭ᠌ᠰᠡᠠ᠎ᠤ ᠰᠠᠬᠦᠯᠠᠷ᠂ ᠠᠮᠢᠳᠤᠷᠠᠯ᠎ᠤᠨ ᠬᠠᠳᠠᠭᠤ᠎ᠶ᠋ᠢ ᠡᠵᠢ᠎ᠲᠠᠢ᠎ᠪᠠᠨ ᠬᠠᠮᠳᠣ ᠲᠤᠭᠤᠯᠵᠤ᠂ ᠠᠮᠢᠳᠤᠷᠠᠯ᠎ᠤᠨ ᠵᠠᠢ᠎ᠳᠤ ᠠᠭᠠᠵᠢᠮ᠎ᠢᠶᠠᠷ ᠤᠬᠠᠭᠠᠵᠢᠨ ᠡᠷᠤᠬᠡ ᠬᠡᠷ᠎ᠤᠨ ᠨᠤᠶᠠᠠ ᠨᠢᠷᠤᠭᠤ ᠪᠤᠯᠬᠤ᠎ᠳᠠᠭᠠᠨ ᠦᠨᠤᠴᠢᠨ ᠬᠡᠳᠤᠨ ᠲᠠᠬᠦᠦ ᠨᠠᠷ᠎ᠢᠶᠠᠨ ᠬᠦᠮᠦᠨ᠎ᠤ ᠵᠠᠷᠬᠡ᠎ᠲᠠᠢ ᠠᠢᠯ ᠪᠤᠯᠭᠠᠭ᠍ᠰᠠᠠ  ᠶᠣᠮ᠃

ᠡᠨᠡ ᠪᠦᠬᠦᠨ ᠪᠦᠷ ᠯᠠ ᠠᠯᠢ ᠠᠯᠤᠰ᠎ᠤᠨ ᠤᠴᠢᠷ ᠂ ᠤᠳᠤ ᠪᠤᠯᠬᠤ᠎ᠳᠤ ᠲᠠᠷᠠ ᠠᠢᠯ ᠠᠢᠮᠠᠭ᠎ᠤᠨ᠎ᠢᠶᠠᠨ ᠲᠤᠮᠳᠠ ᠬᠦᠡᠳᠤᠳᠭᠡᠯ᠎ᠤᠨ ᠲᠠᠭᠤᠳᠠᠯᠭ᠎ᠠ᠎ᠲᠠᠢ᠂ ᠠᠬᠠᠠ ᠲᠠᠬᠦᠦᠰ᠎ᠲᠡᠭᠡᠨ ᠪᠤᠯ 《ᠭᠠᠯ᠎ᠤᠨ ᠠᠬ᠎ᠠ》 ᠢ᠋ᠢᠨ ᠰᠠᠭᠤᠳᠠᠯ᠎ᠲᠠᠢ᠂ ᠤᠯᠠᠠ᠎ᠤ᠎ᠪᠠᠨ ᠲᠤᠮᠳᠠ ᠬᠦᠨᠳᠦᠳᠠᠢ ᠬᠦᠷᠢᠶᠠᠯᠠᠯ᠎ᠲᠠᠢ ᠠᠬᠠᠮᠠᠳ ᠪᠣᠯᠵᠠᠢ᠃ ᠵᠠᠯᠠᠭᠤ ᠽᠠᠨᠳᠠᠨ ᠨᠠᠰᠣᠨ᠎ᠳᠠᠭᠠᠨ ᠬᠦᠳᠡᠯᠮᠦᠷᠢ ᠠᠵᠢᠯ᠎ᠳᠠᠭᠠᠨ ᠭᠠᠪᠱᠢᠭᠠᠢᠯᠠᠳᠠᠭ᠎ᠠᠴᠠ 1995 ᠣᠨ᠎ᠳᠤ ᠰᠣᠮᠣ᠎ᠶ᠋ᠢᠨ ᠵᠢᠨᠨ 《ᠱᠢᠨᠵᠢᠯᠡᠬᠦ᠌ ᠣᠬᠠᠭᠠᠨ ᠮᠡᠷᠭᠡᠵᠢᠯ᠎ᠤᠨ ᠵᠢᠱ᠌ᠢᠶ᠎ᠡ ᠦᠵᠡᠬᠦᠯᠬᠦ᠌ ᠡᠷᠣᠬᠡ》᠂ 2004 ᠣᠨ᠎ᠳᠤ ᠰᠣᠮᠣ᠎ᠶ᠋ᠢᠨ ᠵᠢᠨᠨ 《ᠬᠦᠳᠡᠯᠮᠣᠷᠢ᠎ᠶ᠋ᠢᠨ ᠵᠢᠱ᠌ᠢᠶᠡᠴᠢ》 ᠂ 2018 ᠣᠨ᠎ᠳᠤ  ᠭᠠᠴᠠᠭᠠᠨ᠎ᠤ ᠪᠠᠨ 《ᠨᠡᠷᠡᠳᠣ ᠮᠡᠯ᠎ᠤᠨ ᠡᠮᠴᠢ》ᠪᠡᠷ ᠲᠣᠰ ᠲᠣᠰ ᠬᠦᠬᠢᠬᠦᠯᠦᠭ᠌ᠳᠡᠭ᠌ᠰᠡᠨ᠎ᠤ ᠬᠠᠮᠳᠣ ᠪᠣᠰᠣᠳ᠎ᠲᠠᠢ ᠬᠠᠮᠳᠣᠷᠠᠨ ᠣᠷᠠᠯᠠᠨ ᠪᠦᠳᠦᠬᠡᠭ᠌ᠰᠡᠨ ᠮᠣᠩᠭᠤᠯ ᠬᠡᠷ᠎ᠨᠢ ᠪᠠᠭᠠᠷᠢᠨ ᠪᠡᠷᠠᠭᠤᠨ ᠬᠤᠱᠢᠭᠤᠨ᠎ᠤ ᠠᠩᠬᠠᠳᠣᠭᠠᠷ ᠣᠳᠠᠭᠠᠨ᠎ᠤ 《ᠪᠠᠭᠠᠷᠢᠨ ᠲᠡᠨᠢᠬᠡᠷ ᠨᠠᠷᠡᠮᠵᠢᠳᠣ》 ᠦᠡᠳᠤᠰᠤᠳᠠᠠ᠎ᠤ ᠭᠠᠷ ᠣᠷᠠᠯᠠᠯ᠎ᠤᠨ ᠪᠦᠳᠦᠬᠡᠯ᠎ᠤᠨ ᠲᠠᠯᠬᠡᠠ ᠦᠵᠠᠬᠦᠯᠬᠡ ᠳ᠋ᠦ ᠱᠢᠯᠢᠳᠡᠭ ᠱᠠᠩᠨᠠᠯ ᠬᠦᠷᠳᠡᠭ᠌ᠰᠠᠠ ᠪᠠᠢᠨ᠎ᠠ ᠃

ᠦᠢᠷ᠎ᠠ᠎ᠶ᠋ᠢᠨ ᠵᠢᠯ᠎ᠤᠳ᠎ᠲᠤ ᠲᠡᠷᠡ ᠪᠠᠷᠤᠭ ᠯᠡ ᠵᠢᠯ ᠪᠤᠯᠭᠠᠠ ᠨᠢᠬᠡ ᠤᠳᠠᠭ᠎ᠠ᠎ᠶ᠋ᠢᠨ ᠬᠡᠬᠡᠷ᠎ᠠ᠎ᠶ᠋ᠢᠨ ᠵᠤᠭᠠᠴᠠᠯ ᠎ᠢ ᠵᠤᠬᠢᠶᠠᠠ ᠪᠠᠢᠭᠤᠯᠵᠤ᠂ ᠦᠢᠷ᠎ᠠ ᠰᠠᠳᠤᠨ᠎ᠤ᠎ᠪᠠᠨ ᠬᠡᠦᠬᠡᠳ ᠲᠠᠬᠦᠦ ᠨᠠᠷ᠎ᠢ ᠲᠠᠭᠠᠭᠤᠯᠵᠤ᠂ ᠣᠰᠣᠳᠣ ᠬᠦᠳᠤᠯ᠂ ᠰᠠᠢᠬᠠᠠ ᠬᠠᠠ ᠠᠭᠤᠯᠠ ᠵᠡᠷᠭᠡ ᠬᠤᠯᠠ ᠣᠢᠷ᠎ᠠ᠎ᠶ᠋ᠢᠨ ᠣᠰᠣ ᠨᠣᠳᠤᠭ᠎ᠢᠶᠠᠷ ᠬᠦᠷᠴᠣ᠂ ᠨᠤᠳᠤᠭ᠎ᠤᠨ ᠲᠤᠮᠤᠭᠠᠳᠠᠠ ᠪᠢᠴᠢᠭ᠌ᠳᠡᠠ᠎ᠢ ᠵᠠᠯᠠᠵᠤ ᠦᠯᠢᠬᠡᠷ ᠲᠠᠦᠬᠡ᠎ᠶ᠋ᠢ᠎ᠨᠢ ᠶᠠᠷᠢᠭᠤᠯᠣᠨ᠂ ᠵᠠᠩ ᠵᠠᠩᠱᠢᠯ᠎ᠢᠶᠠᠨ ᠮᠡᠳᠡᠬᠦᠯᠦᠨ᠂ ᠬᠡᠬᠡᠷ᠎ᠠ ᠴᠠᠢ ᠤᠤᠭᠤᠯᠭᠠᠵᠤ᠂ ᠨᠣᠳᠤᠭ ᠣᠰᠣ᠎ᠪᠠᠨ ᠲᠠᠨᠢᠯᠴᠠᠭᠤᠯᠬᠤ ᠵᠢᠨ ᠵᠡᠷᠭᠡ᠎ᠪᠠᠷ ᠬᠡᠣᠬᠡᠳ ᠲᠡᠬᠦᠣ ᠨᠠᠷ᠎ᠲᠠᠭᠠᠨ ᠡᠬᠡ ᠣᠷᠣᠨ᠎ᠢᠶᠠᠨ ᠬᠠᠢᠷᠠᠯᠠᠬᠤ ᠂ ᠨᠣᠳᠤᠭ ᠣᠰᠣ᠎ᠪᠠᠨ ᠬᠦᠭᠵᠢᠬᠦᠯᠬᠦ  ᠬᠦᠮᠦᠵᠢᠯ ᠬᠢᠭ᠌ᠰᠡᠭᠡᠷ ᠢᠷᠡᠪᠡ᠃

ᠲᠡᠷᠡ ᠶᠠᠮᠠᠷ ᠴᠦ᠍ ᠶᠠᠭᠤᠮᠠᠠ᠎ᠳᠤ ᠡᠪ ᠲᠦᠢᠳᠠᠢ ᠤᠷ᠎ᠠ ᠲᠠᠮ᠎ᠲᠠᠢ ᠪᠠᠢᠵᠤ᠂ ᠤᠷᠠᠨ ᠲᠠᠷᠬᠠᠨ ᠎ᠤ ᠠᠵᠢᠯ ᠎ᠢ ᠰᠠᠢᠬᠠᠠ ᠬᠢᠳᠡᠭ᠃ ᠮᠣᠩᠭᠤᠯ ᠬᠡᠷ ᠬᠢᠬᠦ᠂ ᠮᠣᠳᠣᠨ ᠲᠡᠷᠬᠡ ᠱᠢᠭᠠᠬᠤ᠂ ᠠᠢᠯ ᠠᠢᠮᠠᠭ ᠎ᠤᠨ ᠎ᠢᠶᠠᠨ ᠬᠦᠷᠭᠡᠵᠣ ᠢᠷᠡᠭ᠌ᠰᠡᠨ ᠴᠢᠳᠣᠷ ᠨᠣᠭ᠍ᠳᠣ ᠵᠢ ᠵᠠᠩᠬᠢᠳᠭᠤ᠂ ᠡᠮᠡᠭᠡᠯ ᠬᠠᠵᠠᠭᠠᠷ ᠵᠠᠰᠠᠬᠤ᠂ ᠠᠷᠠᠰᠣ ᠱᠢᠷᠢ ᠡᠯᠳᠡᠬᠦ ᠂ ᠠᠷᠤᠭ ᠰᠠᠪᠠᠷ ᠬᠢᠬᠦ᠌ ᠵᠡᠷᠬᠡ ᠠᠵᠢᠯ᠎ᠤᠳ᠎ᠢ ᠠᠮᠵᠢᠭᠤᠯᠬᠤ᠎ᠶ᠋ᠢᠨ ᠲᠦᠷᠦᠭᠦᠨ᠎ᠳᠤ ᠠᠮᠵᠢᠭᠤᠯᠵᠤ ᠶᠠᠷᠣ ᠯᠡ ᠠᠮᠣᠷ ᠰᠠᠭᠤᠵᠣ ᠴᠢᠳᠠᠳᠠᠭ ᠦᠬᠡᠢ ᠬᠦᠮᠦᠨ᠃ ᠲᠡᠷᠡ ᠬᠢᠵᠣ ᠪᠦᠳᠦᠬᠡᠭ᠌ᠰᠡᠨ ᠭᠠᠷ ᠣᠷᠠᠯᠠᠯ᠎ᠤᠨ ᠵᠦᠢᠯ᠎ᠢᠶᠠᠨ ᠴᠦ᠍ ᠨᠠᠢᠵᠠ ᠨᠦᠬᠦᠳ᠂ ᠲᠣᠳᠣᠨᠣ ᠬᠦᠮᠦᠰ᠎ᠲᠡᠭᠡᠨ ᠶᠠᠮᠠᠷ ᠴᠦ᠍ ᠦᠨ᠎ᠡ ᠲᠦᠯᠦᠪᠦᠷᠢ ᠦᠬᠡᠢ᠎ᠪᠠᠷ ᠪᠡᠯᠡᠭ ᠲᠣᠷᠠᠰᠭᠠᠯ ᠪᠣᠯᠭᠠᠨ ᠵᠠᠷᠣᠴᠢᠬᠠᠳᠠᠭ ᠮᠤᠩᠭᠤᠯ ᠵᠠᠩ᠎ᠲᠠᠢ ᠬᠦᠮᠦᠨ᠃ ᠠᠮᠢᠳᠤᠷᠠᠯ᠎ᠤᠨ ᠤᠬᠠᠭᠠᠠ᠎ᠠᠴᠠ ᠡᠬᠢᠯᠠᠬᠡᠳ ᠠᠷᠠᠰᠤ ᠰᠤᠷ ᠡᠯᠳ᠋ᠡᠬᠦ᠂ ᠢᠰᠡᠬᠡᠢ ᠬᠡᠷᠡᠭ᠌ᠰᠡᠯ ᠬᠢᠬᠦ᠌ ᠤᠷᠠᠨ ᠲᠠᠷᠬᠠᠨ᠎ᠤ ᠮᠠᠷᠬᠡᠵᠢᠯ ᠵᠠᠷᠬᠡ ᠠᠯᠢᠪᠡ ᠪᠦᠬᠦᠨ᠎ᠢᠶᠠᠨ ᠰᠤᠷᠬᠤ ᠬᠡᠵᠤ ᠢᠷᠡᠭ᠌ᠰᠠᠠ ᠪᠦᠬᠦᠳᠠ᠎ᠳᠤ ᠬᠠᠷᠠᠮ ᠦᠬᠡᠢ ᠶᠠᠬᠦᠯᠠᠵᠤ ᠤᠯᠠᠠ ᠠᠷᠪᠢᠨ ᠲᠠᠬᠦᠦ ᠨᠠᠷ ᠱᠠᠪᠢ ᠬᠦᠮᠦᠵᠢᠬᠦᠯᠦᠭ᠌ᠰᠠᠠ᠂ ᠮᠦᠨ ᠴᠦ᠍ ᠣᠯᠠᠨ ᠬᠦᠮᠣᠰ᠎ᠲᠤ ᠲᠣᠰᠠ ᠲᠡᠮᠵᠢᠯᠬᠡ ᠬᠦᠷᠬᠡᠭ᠌ᠰᠡᠨ ᠠᠴᠢ ᠲᠣᠰᠠ᠎ᠲᠠᠢ ᠬᠦᠮᠦᠨ ᠪᠢᠯᠡ᠃


QQ图片20211115104135.png


ᠣᠳᠣ ᠲᠠᠷᠠ᠎ᠪᠠᠷ ᠵᠢᠬᠡ ᠦᠬᠢᠨ ᠤᠯᠠᠭᠠᠡᠴᠡᠴᠡᠭ᠂ ᠵᠢᠬᠡ ᠬᠦᠷᠬᠡᠠ ᠱᠢᠷᠠᠪᠠᠷᠰ᠎ᠲᠠᠢ ᠪᠠᠨ ᠠᠵᠤ ᠲᠦᠷᠤᠵᠤ ᠪᠠᠢᠬᠤ ᠪᠦᠬᠡᠳ ᠡᠯᠢᠬᠡᠠ᠎ᠳᠡᠭᠡᠨ ᠲᠠᠪᠡᠷᠢᠬᠦ᠌᠎ᠠᠴᠠ ᠠᠵᠠᠳᠦ᠋ᠪᠱᠢᠨ᠂ ᠲᠣᠯᠢᠨ ᠬᠡᠬᠦ᠌ ᠬᠤᠶᠠᠷ ᠵᠢᠬᠡ ᠤᠮᠪᠤᠯᠤ᠎ᠲᠠᠢ᠂ ᠡᠨᠡᠭ᠌ᠰᠢᠨ ᠪᠡᠷᠠᠳᠠᠬᠤ᠎ᠠᠴᠠ ᠡᠩᠬᠡᠷ ᠲᠠᠯ᠎ᠠ᠎ᠶ᠋ᠢ᠎ᠨᠢ ᠲᠦᠬᠦᠷᠬᠡᠭ᠌ᠰᠠᠠ ᠮᠠᠯ ᠰᠦᠷᠤᠭ᠌᠎ᠲᠠᠢ ᠦᠨᠢᠷ ᠦᠳᠭᠡᠠ ᠠᠮᠢᠳᠤᠷᠠᠵᠤ᠂ ᠨᠠᠷᠠ ᠱᠢᠭ᠋ ᠲᠤᠯᠠᠢᠭ᠍ᠰᠠᠠ ᠨᠠᠭᠠᠴᠤ᠎ᠶ᠋ᠢᠨ ᠦᠡᠳᠤᠷ ᠰᠠᠭᠤᠳᠠᠯ᠎ᠳᠤ᠂ ᠨᠠᠢ᠍ᠮᠠᠠ ᠵᠦᠭ᠎ᠠᠴᠠ ᠬᠤᠷᠠᠭ᠍ᠰᠠᠠ ᠬᠠᠢᠷ᠎ᠠ᠎ᠶ᠋ᠢᠨ ᠬᠠᠯᠠᠭᠤᠨ ᠮᠠᠡᠳᠤ᠎ᠲᠠᠢ ᠨᠤᠳᠤᠭ᠎ᠤᠨ ᠰᠠᠢᠬᠠᠠ ᠪᠤᠭᠤᠷᠤᠯ ᠪᠤᠯᠵᠤ ᠶᠠᠪᠤᠭ᠎ᠠ᠃

ᠰᠡᠴᠡᠨ ᠨᠠᠰᠣᠳᠠᠨ ᠠᠭᠠᠬᠢᠮ᠎ᠠ ᠵᠠᠯᠠᠭᠤ ᠨᠠᠰᠤ᠎ᠪᠠᠨ ᠠᠭ᠍ᠳᠠ᠎ᠶ᠋ᠢᠨ ᠨᠢᠷᠤᠭᠤᠨ ᠲᠠᠬᠡᠷ᠎ᠠ ᠦᠡᠭ᠌ᠭᠡᠷᠠᠬᠦᠯᠦᠭ᠌ᠰᠠᠠ ᠪᠤᠯᠬᠤᠷ ᠠᠳᠤᠭᠤᠨ᠎ᠳᠤ ᠲᠣᠷ᠎ᠠ ᠪᠠᠭ᠍ᠠᠳᠠᠢ᠃ ᠦᠯᠢᠬᠡᠷ ᠲᠣᠮᠣᠭ᠍ᠳᠣ ᠪᠣᠭᠤᠳᠣ᠎ᠶ᠋ᠢᠨ ᠰᠠᠭᠠᠷᠠᠯ᠎ᠤᠨ ᠣᠳᠣᠮ᠎ᠠᠴᠠ ᠠᠪᠣᠭᠠᠳ ᠦᠨᠡᠨ ᠠᠮᠢᠳᠣᠷᠠᠯ᠎ᠤᠨ ᠦᠵᠣᠮᠣᠴᠢᠨ ᠴᠠᠭᠠᠨ ᠠᠳᠣᠭᠤᠨ᠎ᠤ ᠣᠳᠣᠮ᠎ᠢ ᠬᠦᠷᠳᠡᠯ᠎ᠡ ᠢᠵᠢᠯᠢᠱᠢᠬᠦᠯᠦᠨ ᠲᠠᠰᠭᠠᠵᠣ ᠣᠨᠣᠵᠣ ᠡᠳ᠋ᠯᠡᠵᠣ ᠶᠠᠪᠣᠭ᠍ᠰᠡᠨ᠎ᠳᠠᠭᠠᠨ ᠬᠢᠵᠠᠭᠠᠯᠠᠰᠢ ᠦᠬᠡᠢ ᠪᠠᠶᠠᠰᠣᠨ ᠪᠠᠭ᠍ᠠᠷᠬᠠᠵᠣ ᠶᠠᠪᠣᠳᠠᠭ᠃ ᠤᠳᠤ ᠴᠦ᠍ ᠬᠡᠰᠠᠠ ᠵᠠᠵᠢᠨ ᠪᠤᠭᠤᠷᠤᠯ ᠪᠤᠯᠤᠭ᠍ᠰᠠᠠ ᠴᠦ᠍ ᠮᠤᠷᠢ ᠬᠡᠪᠡᠯ ᠵᠠᠯᠠᠭᠤ᠎ᠶ᠋ᠢᠨ ᠤᠷᠮ᠎ᠠ᠎ᠨᠢ ᠰᠠᠷᠬᠦᠵᠤ᠂ ᠠᠳᠤᠭᠤ ᠲᠠᠮᠠᠭᠠᠯᠠᠬᠤ ᠲᠠᠯᠯᠠᠬᠦ᠂ ᠦᠷᠢᠶ᠎ᠠ ᠡᠰᠭᠡᠬᠦ᠌ ᠵᠠᠷᠬᠡ ᠬᠦᠳᠠᠯᠬᠡᠬᠡᠠ᠎ᠳᠤ ᠤᠴᠢᠵᠤ ᠲᠠᠢᠯᠳᠡᠭ ᠯᠠ ᠶᠤᠮ ᠪᠤᠯ ᠤᠴᠢᠵᠤ᠂ ᠤᠷᠭᠠᠯᠠᠵᠤ ᠨᠤᠭ᠍ᠳᠤᠯᠠᠬᠤ᠎ᠶ᠋ᠢᠨ ᠤᠷ᠎ᠠ ᠤᠬᠠᠭᠠᠠ᠎ᠢ ᠵᠠᠯᠠᠭᠤ ᠦᠶ᠎ᠡ ᠵᠢᠨ ᠬᠢᠨ᠎ᠳᠡᠭᠡᠨ ᠵᠢᠭᠠᠭ᠍ᠰᠠᠭᠠᠷ᠃ ᠨᠠᠩ ᠭᠠᠢᠬᠠᠯᠳᠠᠢ ᠪᠦᠬᠡᠳ ᠪᠠᠶᠠᠷᠯᠠᠭᠤᠱᠢᠳᠠᠢ ᠰᠠᠢᠬᠠᠨ ᠦᠵᠡᠭ᠌ᠳᠡᠯ ᠬᠡᠪᠡᠯ ᠡᠨᠡ ᠨᠠᠢᠷ᠎ᠤᠨ ᠡᠬᠢᠯᠡᠬᠦ᠌ ᠶᠣᠰᠣᠯᠠᠯ᠎ᠳᠤ ᠣᠷᠣᠯᠴᠠᠬᠤ᠎ᠳᠠᠭᠠᠨ ᠰᠡᠴᠡᠨ ᠭᠤᠸᠠᠢ ᠲᠡᠯᠡ ᠭᠠᠷᠣᠭᠠᠳ ᠦᠪᠡᠷᠳᠡᠭᠡᠨ ᠰᠣᠷᠭᠠᠭ᠍ᠰᠡᠨ ᠦᠵᠣᠮᠣᠴᠢᠨ ᠴᠠᠭᠠᠨ ᠮᠣᠷᠢᠨ᠎ᠳᠠᠭᠠᠨ ᠣᠷᠭ᠎ᠠ᠎ᠪᠠᠨ ᠲᠣᠯᠣᠨ ᠠᠯᠠᠪᠬᠢᠨ ᠮᠣᠷᠳᠠᠵᠣ᠂ ᠠᠷᠪᠠᠭᠠᠳ ᠮᠣᠷᠢᠳᠠᠨ᠎ᠤ ᠪᠠᠷ᠎ᠠ ᠪᠣᠯᠣᠯᠭ᠎ᠠ᠎ᠲᠠᠢ᠎ᠪᠠᠷ ᠬᠤᠶᠠᠷ ᠵᠢᠬᠡ ᠦᠬᠢᠨ᠎ᠤ᠎ᠪᠠᠨ ᠪᠡᠯᠡᠳᠭᠡᠭ᠌ᠰᠡᠨ ᠵᠣᠰᠠᠯᠠᠩ᠎ᠤᠨ ᠪᠡᠯᠴᠢᠬᠡᠷ᠎ᠲᠠᠬᠢ ᠵᠢᠯ᠎ᠤᠨ ᠨᠠᠢᠷ᠎ᠤᠨ ᠲᠠᠯᠠᠪᠠᠢ ᠵᠦᠭ ᠬᠠᠳᠠᠷᠢᠭᠤᠯᠣᠨ ᠮᠣᠷᠳᠠᠬᠤ᠎ᠶ᠋ᠢ ᠬᠠᠷᠠᠭ᠍ᠰᠡᠨ᠂ ᠰᠣᠨᠣᠰᠣᠭ᠍ᠰᠡᠨ᠂ ᠦᠵᠡᠭ᠌ᠰᠡᠨ ᠪᠣᠯᠭᠠᠨ ᠱᠠᠭ᠍ᠰᠢᠨ ᠪᠠᠭ᠍ᠠᠳᠣᠵᠣ ᠡᠷᠡᠬᠡᠢ ᠭᠠᠷᠭᠠᠨ ᠮᠠᠭ᠍ᠳᠠᠵᠠᠭᠠᠨ᠎ᠠ᠃

ᠨᠠᠭᠠᠴᠣ ᠠᠪᠤ᠎ᠶ᠋ᠢᠨ᠎ᠢᠶᠠᠨ ᠡᠨᠡᠷᠢᠵᠣ ᠰᠠᠨᠠᠵᠣ ᠦᠰᠭᠡᠭ᠌ᠰᠡᠨ ᠠᠴᠢ ᠡᠨᠡᠷᠢᠯ᠎ᠤᠨ ᠬᠠᠷᠢᠭᠤ᠎ᠳᠤ ᠲᠠᠯᠠᠷᠬᠠᠯ ᠎ᠵᠢᠡᠨ ᠢᠯᠡᠳᠭᠡᠵᠣ ᠪᠠᠶᠠᠰᠭᠠᠬᠤ᠎ᠶ᠋ᠢᠨ ᠲᠦᠯᠦᠬᠡ ᠲᠡᠭᠦᠨ᠎ᠤ ᠬᠤᠶᠠᠷ ᠵᠢᠬᠡ ᠬᠡᠣᠬᠡᠨ᠎ᠨᠢ ᠲᠡᠬᠦᠨ᠎ᠤ ᠲᠣᠷ᠎ᠠ ᠪᠠᠬ᠎ᠠ᠎ᠳᠤ ᠵᠣᠬᠢᠴᠠᠭᠤᠯᠣᠨ ᠬᠡᠷ ᠪᠦᠯᠢ᠎ᠶ᠋ᠢᠨ ᠪᠠᠭ᠎ᠠ ᠬᠡᠪᠴᠢᠶᠡᠨ᠎ᠤ ᠨᠠᠢᠷ ᠨᠠᠭᠠᠳᠣᠮ ᠡᠷᠬᠢᠯᠡᠵᠣ ᠨᠠᠰᠣᠳᠡᠨ᠎ᠵᠢᠡᠨ ᠪᠠᠶᠠᠷᠯᠠᠭᠤᠯᠵᠣ ᠪᠠᠢᠭ᠎ᠠ᠎ᠨᠢ ᠡᠨᠡ ᠪᠢᠯᠡ᠃

ᠡᠨᠡ ᠣᠳᠠᠭᠠᠨ᠎ᠤ ᠨᠠᠢᠷ ᠲᠦ᠍ ᠭᠤᠴᠢᠨ ᠬᠤᠶᠠᠷ ᠬᠤᠤᠰ ᠪᠦᠬᠡ ᠪᠠᠷᠢᠯᠳᠣᠭᠤᠯᠵᠣ᠂ ᠴᠠᠭᠠᠨᠪᠠᠷᠰ ᠲᠡᠷᠢᠬᠦᠯᠡᠨ᠂ ᠮᠦᠩᠬᠦᠨᠪᠠᠭᠠᠨ᠎ᠠ ᠲᠡᠳ᠋ᠯᠡᠵᠣ᠂ ᠰᠡᠴᠡᠨᠪᠣᠯᠠᠭ ᠭᠤᠳᠠᠭᠠᠷᠯᠠᠨ᠂ ᠠᠽᠢᠶ᠎ᠠ ᠲᠦᠳᠦᠭᠡᠷ ᠱᠠᠩᠨᠠᠯ ᠬᠦᠷᠳᠡᠵᠠᠢ᠃ ᠬᠤᠷᠳᠣᠨ ᠮᠣᠷᠢᠨ᠎ᠤ ᠣᠷᠣᠯᠳᠣᠭᠠᠨ᠎ᠳᠤ ᠰᠡᠴᠡᠨᠮᠦᠢ᠍ᠩᠬᠡ᠎ᠶ᠋ᠢᠨ ᠰᠠᠷᠠᠳᠠᠢ ᠬᠦᠷᠡᠩ ᠮᠣᠷᠢ ᠲᠡᠷᠢᠬᠦᠯᠡᠨ᠂ ᠮᠠᠨᠳᠣᠯ᠎ᠠ᠎ᠶ᠋ᠢᠨ ᠠᠯᠠᠭ ᠮᠣᠷᠢ ᠲᠡᠳ᠋ᠯᠡᠨ᠂ ᠲᠡᠯᠭᠡᠷᠰᠠᠩ᠎ᠤᠨ ᠬᠠᠷ᠎ᠠ ᠮᠣᠷᠢ ᠭᠤᠳᠠᠭᠠᠷᠯᠠᠨ᠂ ᠪᠢᠯᠢᠭ᠌ᠪᠡᠭᠠᠳᠣᠷ᠎ᠤᠨ ᠬᠠᠷ᠎ᠠ ᠮᠣᠷᠢ ᠳᠦᠳᠦᠭᠡᠷ᠎ᠲᠤ᠌᠂ ᠪᠠᠶᠠᠷᠳᠣ᠎ᠶ᠋ᠢᠨ ᠬᠠᠷ᠎ᠠ ᠮᠣᠷᠢ ᠠᠢᠷᠠᠭ᠎ᠤᠨ ᠲᠠᠪᠤ᠎ᠳᠤ ᠲᠣᠳᠣᠷᠠᠪᠠ᠃ ᠣᠳᠣᠮᠱᠢᠯᠳᠣ ᠬᠠᠭᠤᠴᠢᠨ ᠵᠠᠩᠱᠢᠯ ᠶᠣᠰᠣᠭᠠᠷ ᠤᠷᠤᠯᠳᠤᠭᠠᠨ᠎ᠤ ᠰᠡᠬᠦᠯ ᠳ᠋ᠦ᠍ ᠢᠷᠡᠭ᠌ᠰᠡᠨ ᠮᠣᠷᠢ᠎ᠪᠠᠨ ᠪᠠᠶᠠᠨ ᠬᠤᠳᠣᠭᠤᠳᠣ᠎ᠶ᠋ᠢᠨ ᠱᠠᠩᠨᠠᠯ ᠬᠦᠷᠳᠡᠬᠡᠵᠣ ᠱᠠᠩᠨᠠᠨ ᠵᠣᠷᠢᠭ᠍ᠵᠢᠭᠤᠯᠵᠠᠢ᠃ ᠰᠣᠷ ᠬᠠᠷᠪᠣᠯᠳᠠ᠎ᠶ᠋ᠢᠨ ᠣᠷᠣᠯᠳᠣᠭᠠᠨ᠎ᠳᠤ ᠪᠦᠬᠡᠮᠡᠨᠳᠣ ᠲᠡᠷᠢᠬᠦᠯᠡᠵᠣ᠂ ᠰᠠᠢᠨ᠎ᠠ ᠲᠡᠳ᠋ᠯᠡᠨ᠂ ᠲᠣᠯᠭᠠᠭᠤᠷᠢ ᠭᠤᠳᠠᠭᠠᠷᠯᠠᠨ ᠲᠣᠰ ᠲᠣᠰ ᠱᠠᠩᠨᠠᠭ᠍ᠳᠠᠪᠠ᠃ ᠡᠨᠡ ᠨᠣᠳᠤᠭ᠎ᠲᠤ ᠬᠠᠶᠠᠭ᠍ᠳᠠᠭᠠᠳ ᠣᠳᠠᠵᠣ ᠪᠠᠢᠭ᠎ᠠ ᠣᠯᠠᠨ ᠬᠦᠮᠦᠰ᠎ᠤᠨ ᠣᠷᠣᠯᠴᠠᠳᠠᠭ ᠱᠠᠭ᠎ᠠ ᠲᠣᠭ᠍ᠯᠠᠭᠠᠮ ᠎ᠤᠨ ᠣᠷᠣᠯᠳᠣᠭᠠᠨ᠎ᠳᠤ ᠣᠯᠠᠨ ᠠᠷᠪᠢᠨ ᠬᠦᠮᠣᠰ ᠰᠣᠨᠢᠷᠬᠠᠨ ᠣᠷᠣᠯᠴᠠᠭ᠍ᠰᠡᠨ᠎ᠠᠴᠠ ᠬᠦᠷ ᠬᠦᠭ᠌ᠵᠢᠶᠠᠨ᠎ᠲᠠᠢ᠂ ᠢᠨᠢᠶᠡᠳᠣ ᠪᠠᠶᠠᠰᠣᠯ ᠲᠦᠭᠦᠷᠡᠩ ᠶᠠᠪᠣᠭ᠍ᠳᠠᠵᠣ ᠬᠦᠬᠡᠪᠠᠷᠰ ᠲᠡᠷᠢᠬᠦᠯᠡᠨ᠂ ᠬᠠᠢᠷᠬᠠᠨ ᠲᠡᠳ᠋ᠯᠡᠵᠣ᠂ ᠴᠠᠭᠠᠨᠪᠠᠷᠰ ᠭᠤᠳᠠᠭᠠᠷᠯᠠᠨ᠂ ᠡᠶᠡᠯᠰᠡᠭ ᠲᠦᠳᠦᠬᠡᠷ᠎ᠲᠤ ᠵᠢᠭ᠍ᠰᠠᠭᠠᠭ᠍ᠳᠠᠵᠣ ᠲᠣᠰ ᠲᠣᠰ ᠱᠠᠩᠨᠠᠯ ᠬᠦᠷᠳᠡᠭ᠌ᠰᠡᠨ᠎ᠠᠴᠠ ᠭᠠᠳᠠᠨ᠎ᠠ ᠠᠵᠠᠳᠠᠢ᠂ ᠲᠣᠭ᠍ᠳᠠᠬᠤ᠂ ᠮᠠᠢᠯᠠᠰᠣ᠂ ᠮᠠᠨᠳᠣᠬᠤ ᠨᠠᠷ ᠣᠩᠭᠤᠳ ᠲᠣᠰᠣᠭ᠍ᠰᠡᠨ ᠪᠡᠯᠭᠡᠳᠣ ᠱᠠᠩᠨᠠᠯ᠎ᠢ ᠲᠣᠰ ᠲᠣᠰ ᠬᠦᠷᠳᠡᠪᠡ᠃ ᠡᠬᠦᠨ᠎ᠠᠴᠠ ᠭᠠᠳᠠᠨ᠎ᠠ ᠪᠢᠴᠢᠬᠠᠨ ᠨᠠᠢᠵᠠ ᠨᠠᠷ᠎ᠤᠨ ᠬᠡᠬᠡᠷᠡᠯᠠᠨ ᠬᠦᠶᠦᠬᠦ᠌ ᠣᠷᠣᠯᠳᠣᠭᠠᠨ᠂ ᠲᠠᠭᠤᠣ ᠱᠢᠯᠦᠭ ᠲᠠᠭᠤᠯᠠᠨ ᠣᠶᠠᠩᠭᠠᠯᠠᠬᠤ ᠵᠡᠷᠭᠡ ᠣᠯᠠᠨ ᠵᠦᠢᠯ᠎ᠤᠨ ᠣᠷᠣᠯᠳᠣᠭᠠᠨ ᠶᠠᠪᠣᠭ᠍ᠳᠠᠵᠣ ᠬᠣᠷᠠᠭ᠍ᠰᠡᠨ ᠣᠯᠠᠨ᠎ᠢᠶᠠᠨ ᠪᠠᠶᠠᠰᠭᠠᠵᠠᠢ᠃

ᠨᠠᠢᠷ ᠦᠨᠳᠣᠷᠯᠡᠬᠦ᠌᠎ᠶ᠋ᠢᠨ ᠵᠡᠷᠭᠡ ᠪᠡᠷ ᠲᠦᠷᠪᠡᠨ ᠵᠦᠭ ᠢ᠋ ᠨᠢᠳᠣ ᠬᠠᠶᠠᠨ ᠠᠵᠢᠭ᠍ᠯᠠᠪᠠᠯ᠂ ᠣᠢᠷ᠎ᠠ ᠬᠠᠪᠢ᠎ᠶ᠋ᠢᠨ ᠲᠦᠨᠳᠣᠭᠡᠷ᠂ ᠲᠠᠷᠴᠤᠭ᠍ᠳᠣ᠂ ᠲᠡᠮᠡᠬᠡᠨ ᠪᠦᠬᠦ᠌᠎ᠶ᠋ᠢᠨ ᠲᠠᠪᠠᠭ᠎ᠠ᠂ ᠬᠢᠷᠠᠭᠤ ᠵᠢᠷᠣᠬᠡ᠂ ᠨᠣᠮᠢᠨ ᠲᠠᠪᠠᠭ᠎ᠠ ᠵᠡᠷᠬᠡ ᠶᠡᠭᠡ ᠪᠠᠭ᠎ᠠ ᠠᠭᠤᠯᠠ ᠲᠣᠯᠣᠭᠠᠳ ᠡᠬᠦᠯᠡ ᠮᠠᠨᠠᠨ᠎ᠳᠤ ᠦᠪᠴᠢ ᠬᠤᠴᠢᠭ᠍ᠳᠠᠵᠣ᠂ ᠪᠣᠷᠣᠭᠠᠨ᠎ᠤ ᠪᠠᠢᠳᠠᠯ ᠢᠯᠡᠷᠡᠭ᠌ᠰᠡᠨ ᠴᠦ᠍ ᠤᠡᠭ᠌ᠭᠤᠨ ᠴᠠᠩᠬᠡᠷ ᠨᠤᠳᠤᠭ᠎ᠤᠨ᠎ᠢᠶᠠᠨ ᠬᠦᠬᠡ ᠠᠭᠤᠯᠠᠰ᠎ᠤᠨ ᠲᠤᠮᠳᠠ ᠤᠳᠤᠨ᠎ᠤ ᠲᠤᠭ᠎ᠠ᠎ᠲᠠᠢ ᠰᠦᠷᠤᠭ᠌᠎ᠤᠨ᠎ᠢᠶᠠᠨ ᠵᠠᠬ᠎ᠠ᠎ᠳᠤ ᠨᠢᠬᠡᠠ ᠮᠤᠩᠭᠤᠯ ᠬᠦᠮᠦᠨ᠂ ᠲᠠᠬᠦᠨ᠎ᠤ ᠬᠠᠢᠷᠠᠳᠠᠢ ᠠᠮᠢᠳᠤᠷᠠᠯ᠎ᠤᠨ ᠬᠡᠯᠪᠡᠷᠢ᠎ᠪᠠᠷ᠎ᠢᠶᠠᠨ ᠢᠡᠭ᠌ᠬᠢᠵᠤ ᠬᠡᠢᠮᠦᠷᠢᠯᠢᠭ ᠠᠮᠢᠳᠤᠷᠠᠵᠤ ᠢᠷᠡᠭ᠌ᠰᠡᠨ᠎ᠳᠤᠨᠢ ᠬᠦᠬᠡ ᠮᠦᠩᠬᠦᠨ ᠲᠡᠭ᠌ᠷᠢ ᠲᠠᠭᠠᠱᠢᠶᠠᠨ ᠢᠪᠡᠬᠡᠵᠣ ᠪᠠᠢᠭ᠎ᠠ ᠶᠣᠮᠱᠢᠭ ᠪᠣᠷᠣᠭᠠᠨ᠎ᠤ ᠡᠬᠦᠯᠡᠰ᠎ᠵᠢᠡᠨ ᠠᠶᠠᠷᠬᠠᠨ ᠬᠤᠮᠢᠵᠣ ᠨᠠᠢᠷ ᠦᠨᠳᠣᠷᠯᠡᠬᠦ᠌᠎ᠵᠢ ᠲᠡᠰᠴᠣ ᠶᠠᠳᠠᠨ ᠬᠦᠯᠢᠶᠡᠵᠣ ᠪᠠᠢᠭ᠍ᠰᠠᠨ ᠮᠡᠳᠣ ᠰᠠᠨᠠᠭ᠍ᠳᠠᠭᠤᠯᠵᠣ ᠪᠠᠢᠯ᠎ᠠ  ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号