ᠷᠦᠢᠵᠢᠨᠤ ᠲᠥᠪ᠎ᠦᠨ ᠬᠤᠪᠢᠰᠭᠠᠯ᠎ᠤᠨ ᠰᠠᠭᠤᠷᠢᠨ ᠭᠠᠵᠠᠷ᠎ᠤᠨ ᠲᠡᠦᠬᠡ᠎ᠶ᠋ᠢᠨ
ᠮᠦᠽᠧᠢ᠎ᠳᠦ ᠭᠢᠯᠲᠠᠭᠠᠨᠠᠮ᠎ᠠ ᠰᠠᠢᠬᠠᠨ ᠨᠢᠭᠡᠨ ᠬᠠᠰ ᠲᠠᠮᠠᠭ᠎ᠠ ᠬᠠᠳᠠᠭᠠᠯᠠᠬᠳᠠᠵᠤ ᠪᠤᠢ᠃ ᠲᠡᠷᠡ ᠪᠣᠯ
ᠳᠤᠮᠳᠠᠳᠤ᠎ᠶ᠋ᠢᠨ ᠰᠣᠪᠢᠶᠠᠳ ᠪᠦᠬᠦᠳᠠ ᠨᠠᠢᠷᠠᠮᠳᠠᠬᠤ ᠤᠯᠤᠰ᠎ᠤᠨ ᠤᠯᠤᠰ᠎ᠤᠨ ᠪᠠᠩᠬᠢ᠎ᠶ᠋ᠢᠨ ᠲᠠᠮᠠᠭ᠎ᠠ
ᠪᠣᠯᠤᠨ᠎ᠠ᠃
1931
ᠣᠨ᠎ᠤ 11
ᠰᠠᠷ᠎ᠠ᠎ᠳᠤ᠂ ᠳᠤᠮᠳᠠᠳᠤ᠎ᠶ᠋ᠢᠨ ᠰᠣᠪᠢᠶᠠᠳ ᠲᠦᠷ ᠴᠠᠭ᠎ᠤᠨ ᠲᠥᠪ ᠵᠠᠰᠠᠭ᠎ᠤᠨ ᠣᠷᠳᠣᠨ ᠵᠢᠩᠬᠢᠨᠢ᠎ᠪᠡᠷ
ᠪᠠᠢᠭᠤᠯᠤᠭ᠍ᠳᠠᠵᠤ᠂ ᠳᠠᠷᠠᠭ᠎ᠠ ᠵᠢᠯ᠎ᠦᠨ ᠬᠢᠨᠢ 2 ᠰᠠᠷ᠎ᠠ᠎ᠳᠤ᠂
ᠳᠤᠮᠳᠠᠳᠤ᠎ᠶ᠋ᠢᠨ ᠰᠣᠪᠢᠶᠠᠳ ᠪᠦᠭᠦᠳᠡ ᠨᠠᠢᠷᠠᠮᠳᠠᠬᠤ ᠤᠯᠤᠰ᠎ᠤᠨ ᠤᠯᠤᠰ᠎ᠤᠨ ᠪᠠᠩᠬᠢ ᠵᠢᠩᠬᠢᠨᠢ᠎ᠪᠡᠷ
ᠪᠠᠢᠭᠤᠯᠤᠭ᠍ᠳᠠᠵᠠᠢ᠃ ᠡᠭᠦᠨ ᠳ᠋ᠤ ᠮᠠᠤ ᠽᠸ ᠮᠢᠨ ᠠᠶᠤᠯ ᠲᠦᠭ᠌ᠰᠢᠭᠦᠷᠢᠲᠦ ᠮᠦᠴᠡ᠎ᠳᠦ ᠤᠯᠤᠰ᠎ᠤᠨ
ᠪᠠᠩᠬᠢ᠎ᠶ᠋ᠢᠨ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠭᠰᠡᠨ ᠪᠢᠯᠡ᠃
ᠤᠯᠤᠰ᠎ᠤᠨ ᠪᠠᠩᠬᠢ᠎ᠶ᠋ᠢᠨ ᠲᠠᠮᠠᠭ᠎ᠠ 《ᠮᠡᠨᠳᠦᠯᠡᠪᠡ》
ᠰᠤᠪᠢᠶᠠᠳ ᠤᠯᠤᠰ᠎ᠤᠨ ᠪᠠᠩᠬᠢ᠎ᠶ᠋ᠢᠨ ᠲᠤᠬᠠᠢ᠎ᠶ᠋ᠢᠨ ᠦᠶ᠎ᠡ᠎ᠶᠢᠨ ᠲᠦᠷᠦᠭᠦᠦ
ᠡᠭᠦᠷᠭᠡ ᠪᠣᠯ ᠬᠠᠭᠤᠷᠮᠠᠭ ᠵᠣᠭᠣᠰ᠂ ᠡᠯᠳᠡᠪ ᠵᠣᠭᠣᠰ᠎ᠢ ᠴᠠᠭᠠᠵᠠᠯᠠᠬᠤ᠂ ᠵᠣᠭᠣᠰ ᠲᠠᠷᠬᠠᠭᠠᠬᠤ᠂ ᠰᠤᠪᠢᠶᠠᠳ
ᠣᠷᠣᠨ᠎ᠤ ᠮᠥᠩᠭᠥᠨ ᠭᠦᠢᠯᠭᠡᠭᠡ᠎ᠶ᠋ᠢ ᠨᠢᠭᠡᠳᠭᠡᠬᠦ᠌ ᠶᠠᠪᠤᠳᠠᠯ ᠪᠣᠯᠤᠨ᠎ᠠ᠃ ᠡᠭᠦᠨ᠎ᠦ ᠲᠦᠯᠦᠭᠡ ᠮᠠᠤ ᠽᠸ ᠮᠢᠨ
ᠬᠠᠮᠤᠭ ᠲᠡᠷᠢᠭᠦᠨ᠎ᠳᠦ ᠤᠯᠤᠰ᠎ᠤᠨ ᠪᠠᠩᠬᠢ᠎ᠶ᠋ᠢᠨ ᠵᠠᠰᠠᠭ ᠵᠠᠬᠢᠷᠭᠠᠨ᠎ᠤ ᠲᠠᠮᠠᠭ᠎ᠠ ᠰᠡᠢᠯᠬᠦ᠌᠎ᠪᠡᠷ
ᠲᠣᠭ᠍ᠲᠠᠪᠠ᠃ ᠲᠤᠬᠠᠢ᠎ᠶ᠋ᠢᠨ ᠦᠶ᠎ᠡ᠎ᠳᠦ᠂ ᠡᠳ᠋᠎ᠦᠨ ᠵᠠᠰᠠᠭ᠎ᠤᠨ ᠠᠷᠠᠳ᠎ᠤᠨ ᠵᠥᠪᠯᠡᠯ᠎ᠦᠨ ᠳᠠᠷᠤᠭ᠎ᠠ
ᠪᠠᠢᠭ᠍ᠰᠠᠨ ᠳ᠋ᠧᠩ ᠽᠢ ᠬᠤᠢ ᠲᠡᠭᠦᠨ ᠳ᠋ᠤ ᠨᠢᠭᠡᠨ ᠭᠡᠰᠡᠭ ᠲᠦᠷᠪᠡᠯᠵᠢᠨ ᠬᠠᠰ ᠡᠳ᠋ᠯᠡᠯ ᠤᠯᠵᠤ ᠦᠭᠴᠡᠢ᠃
ᠲᠡᠷᠡ ᠲᠠᠮᠠᠭ᠎ᠠ ᠰᠡᠢᠯᠦᠭ᠌ᠴᠢ ᠤᠷᠢᠵᠤ ᠦᠨᠦ ᠬᠠᠰ ᠡᠳ᠋ᠯᠡᠯ᠎ᠦᠨ ᠬᠡᠯᠪᠡᠷᠢ ᠲᠦᠷᠰᠦ᠎ᠶ᠋ᠢ ᠦᠨᠳᠦᠰᠦᠯᠡᠨ 《ᠤᠯᠤᠰ᠎ᠤᠨ ᠪᠠᠩᠬᠢ》 ᠶ᠋ᠢᠨ ᠲᠠᠮᠠᠭ᠎ᠠ
ᠰᠡᠢᠯᠦᠭᠦᠯᠪᠡ᠃
ᠲᠤᠰ ᠲᠠᠮᠠᠭ᠎ᠠ᠎ᠶ᠋ᠢᠨ ᠥᠨᠳᠥᠷ ᠨᠢ 6.3
ᠰᠠᠨᠲ᠋ᠢᠮᠧᠲ᠋ᠷ᠂ ᠥᠷᠭᠡᠨ ᠨᠢ 2.4 ᠰᠠᠨᠲ᠋ᠢᠮᠧᠲ᠋ᠷ ᠪᠠᠢᠵᠤ᠂
ᠲᠠᠮᠠᠭ᠎ᠠ᠎ᠶ᠋ᠢᠨ ᠭᠤᠤᠯ ᠳᠤ ᠨᠢ ᠡᠭᠦᠯᠡ ᠮᠠᠨᠠᠨ ᠬᠥᠯᠭᠡᠯᠡᠭ᠌ᠰᠡᠨ ᠪᠤᠷᠬ᠎ᠠ᠎ᠨᠢ ᠰᠡᠢᠯᠦᠭᠰᠡᠨ ᠪᠠᠢᠯ᠎ᠠ᠃
ᠲᠠᠮᠠᠭ᠎ᠠ᠎ᠶ᠋ᠢᠨ ᠨᠢᠭᠤᠷ ᠨᠢ ᠳᠥᠷᠪᠡᠯᠵᠢᠨ ᠠᠮᠠᠰᠠᠷ᠎ᠲᠠᠶ ᠪᠠᠢᠵᠤ᠂ 《ᠤᠯᠤᠰ᠎ᠤᠨ ᠪᠠᠩᠬᠢ》 ᠭᠡᠰᠡᠨ ᠦᠰᠦᠭ
ᠰᠡᠢᠯᠦᠭᠡᠰᠦᠳᠡᠢ᠃ ᠲᠡᠭᠦᠨ᠎ᠡᠴᠡ ᠬᠣᠢᠰᠢ᠂ ᠡᠨᠡ ᠬᠦ᠌ ᠵᠢᠵᠢᠭ᠌ᠬᠡᠨ ᠲᠠᠮᠠᠭ᠎ᠠ ᠨᠢ ᠬᠠᠮᠤᠭ᠎ᠤᠨ ᠲᠡᠭᠡᠳᠦ
ᠮᠥᠩᠭᠥᠨ ᠭᠦᠢᠯᠭᠡᠭᠡᠨ᠎ᠦ ᠬᠠᠮᠢᠶᠠᠷᠤᠯᠲᠠ᠎ᠶ᠋ᠢᠨ ᠪᠠᠢᠭᠤᠯᠤᠮᠵᠢ᠎ᠶ᠋ᠢᠨ ᠡᠷᠬᠡ ᠲᠤᠱᠢᠶᠠᠯ᠎ᠤᠨ ᠪᠠᠭᠠᠵᠢ᠎ᠶᠢᠨ
ᠬᠤᠪᠢ ᠪᠡᠷ᠂ ᠲᠥᠪ᠎ᠦᠨ ᠰᠣᠪᠢᠶᠠᠳ ᠣᠷᠣᠨ᠎ᠤ ᠡᠯ᠎ᠡ ᠱᠢᠶᠠᠨ᠎ᠳᠤ ᠪᠠᠩᠬᠢ᠎ᠶ᠋ᠢᠨ ᠪᠠᠢᠭᠤᠯᠤᠮᠵᠢ ᠪᠠᠢᠭᠤᠯᠬᠤ᠂
ᠵᠣᠭᠣᠰ᠎ᠢ ᠨᠢᠭᠡᠳᠭᠡᠬᠦ᠌᠂ ᠡᠳ᠋᠎ᠦᠨ ᠵᠠᠰᠠᠭ᠎ᠤᠨ ᠣᠷᠣᠯᠭ᠎ᠠ ᠵᠠᠷᠤᠯᠭ᠎ᠠ᠎ᠶ᠋ᠢ ᠨᠢᠭᠡᠳᠭᠡᠬᠦ᠌ ᠵᠡᠷᠭᠡ ᠠᠵᠢᠯ
ᠲᠤᠮᠳᠠ ᠣᠷᠣᠯᠠᠭᠤᠯᠵᠤ ᠪᠣᠯᠤᠰᠢ ᠦᠭᠡᠢ ᠦᠢᠯᠡᠳᠦᠯ ᠦᠵᠡᠭᠦᠯᠦᠭᠰᠡᠨ ᠶᠤᠮ᠃
ᠤᠯᠤᠰ᠎ᠤᠨ ᠪᠠᠩᠬᠢ᠎ᠶ᠋ᠢᠨ ᠲᠠᠮᠠᠭ᠎ᠠ 《ᠭᠡᠭᠡᠭᠳᠡᠪᠡ》
ᠤᠯᠤᠰ᠎ᠤᠨ ᠪᠠᠩᠬᠢ᠎ᠶ᠋ᠢᠨ ᠲᠠᠮᠠᠭ᠎ᠠ ᠮᠡᠨᠳᠦᠯᠡᠬᠦ᠌ᠶ᠋ᠢ ᠳᠠᠭᠠᠯᠳᠤᠨ᠂
ᠲᠥᠪ᠎ᠦᠨ ᠰᠣᠪᠢᠶᠠᠳ ᠣᠷᠣᠨ ᠮᠥᠩᠭᠥᠨ ᠭᠦᠢᠯᠭᠡᠭᠡᠨ᠎ᠦ ᠬᠠᠮᠢᠶᠠᠷᠤᠯᠲᠠ᠎ᠶ᠋ᠢᠨ ᠳᠦᠷᠢᠮ᠎ᠦᠨ ᠪᠠᠢᠭᠤᠯᠤᠯᠲᠠ᠎ᠶ᠋ᠢ
ᠴᠢᠩᠭᠠᠳᠭᠠᠵᠤ ᠡᠬᠢᠯᠡᠪᠡ᠃ 1932 ᠣᠨ᠎ᠤ 5
ᠰᠠᠷ᠎ᠠ᠎ᠳᠤ᠂ ᠮᠠᠤ ᠽᠸ ᠮᠢᠨ ᠰᠣᠪᠢᠶᠠᠳ ᠣᠷᠣᠨ᠎ᠤ ᠪᠣᠳᠠᠲᠤ ᠪᠠᠢᠳᠠᠯ᠎ᠢ ᠦᠨᠳᠦᠰᠦᠯᠡᠨ᠂ ᠦᠪᠡᠷ᠎ᠢᠶᠡᠨ 《ᠳᠤᠮᠳᠠᠳᠤ᠎ᠶ᠋ᠢᠨ ᠰᠣᠪᠢᠶᠠᠳ ᠪᠦᠬᠦᠳᠠ ᠨᠠᠢᠷᠠᠮᠳᠠᠬᠤ ᠤᠯᠤᠰ᠎ᠤᠨ ᠤᠯᠤᠰ᠎ᠤᠨ
ᠪᠠᠩᠬᠢ᠎ᠶ᠋ᠢᠨ ᠲᠦᠷ ᠬᠡᠷᠡᠭ᠌ᠵᠢᠭᠦᠯᠬᠦ᠌ ᠲᠦᠷᠢᠮ》 ᠢ᠋
ᠲᠣᠭ᠍ᠲᠠᠭᠠᠵᠤ᠂ ᠠᠩᠬ᠎ᠠ ᠤᠳᠠᠭ᠎ᠠ ᠳᠤᠮᠳᠠᠳᠤ᠎ᠶ᠋ᠢᠨ ᠰᠣᠪᠢᠶᠠᠳ ᠪᠦᠬᠦᠳᠠ ᠨᠠᠢᠷᠠᠮᠳᠠᠬᠤ ᠤᠯᠤᠰ᠎ᠤᠨ ᠤᠯᠤᠰ᠎ᠤᠨ
ᠪᠠᠩᠬᠢ᠎ᠶ᠋ᠢᠨ ᠲᠠᠮᠠᠭ᠎ᠠ᠎ᠶ᠋ᠢ ᠳᠠᠷᠤᠯ᠎ᠠ᠃
ᠡᠨᠡ ᠬᠦ᠌ ᠵᠢᠵᠢᠭ᠌ᠬᠡᠨ ᠲᠠᠮᠠᠭ᠎ᠠ ᠨᠢ ᠳᠤᠮᠳᠠᠳᠤ᠎ᠶ᠋ᠢᠨ ᠰᠣᠪᠢᠶᠠᠳ
ᠪᠦᠬᠦᠳᠠ ᠨᠠᠢᠷᠠᠮᠳᠠᠬᠤ ᠤᠯᠤᠰ᠎ᠤᠨ ᠤᠯᠤᠰ᠎ᠤᠨ ᠪᠠᠩᠬᠢ᠎ᠶ᠋ᠢᠨ 《ᠨᠡᠭᠦᠭᠰᠡᠨ》ᠤᠯᠠ ᠮᠥᠷ᠎ᠢ ᠭᠡᠷᠡᠴᠢᠯᠡᠵᠦ ᠪᠠᠢᠳᠠᠭ᠃ ᠷᠦᠢᠵᠢᠨ ᠳ᠋ᠤ ᠪᠠᠢᠬᠤ᠎ᠳᠦ᠂ ᠳᠤᠮᠳᠠᠳᠤ᠎ᠶ᠋ᠢᠨ
ᠰᠣᠪᠢᠶᠠᠳ ᠪᠦᠭᠦᠳᠡ ᠨᠠᠢᠷᠠᠮᠳᠠᠬᠤ ᠤᠯᠤᠰ᠎ᠤᠨ ᠤᠯᠤᠰ᠎ᠤᠨ ᠪᠠᠩᠬᠢ ᠤᠷᠢᠳ ᠬᠣᠵᠢᠳ ᠭᠤᠷᠪᠠᠨ ᠭᠠᠵᠠᠷ᠎ᠲᠤ
ᠰᠢᠯᠵᠢᠵᠦ ᠦᠩᠭᠡᠷᠡᠪᠡ᠃ ᠠᠩᠬ᠎ᠠ ᠡᠬᠢᠨ᠎ᠳᠤ ᠪᠡᠨ ᠶᠧ ᠫᠢᠩ᠎ᠳᠤ ᠠᠵᠢᠯᠯᠠᠨ᠂ 1933 ᠣᠨ᠎ᠤ 4
ᠰᠠᠷ᠎ᠠ᠎ᠳᠤ ᠱᠠ ᠵᠧᠦ ᠪᠠᠳᠤ ᠨᠡᠭᠦᠵᠤ᠂ 1934 ᠣᠨ᠎ᠤ 7
ᠰᠠᠷ᠎ᠠ᠎ᠳᠤ ᠶᠦᠨ ᠱ᠌ᠢ ᠱᠠᠨ᠎ᠳᠤ ᠨᠡᠬᠦᠭᠰᠡᠨ ᠠᠵᠠᠢ᠃
1934
ᠣᠨ᠎ᠤ 10
ᠰᠠᠷ᠎ᠠ᠎ᠳᠤ᠂ ᠲᠠᠪᠤᠳᠤᠭᠠᠷ ᠤᠳᠠᠭᠠᠨ᠎ᠤ 《ᠪᠦᠰᠡᠯᠡᠨ ᠤᠰᠠᠳᠭᠠᠯᠲᠠ》 ᠶ᠋ᠢ ᠡᠰᠡᠷᠭᠦᠴᠡᠬᠦ᠌ ᠲᠡᠮᠡᠴᠡᠯ ᠢᠯᠠᠭ᠍ᠳᠠᠭ᠍ᠰᠠᠨ᠎ᠠᠴᠠ ᠲᠥᠪ᠎ᠡᠴᠡ ᠪᠠᠢᠯᠳᠤᠬᠤ
ᠪᠤᠳᠤᠯᠭ᠎ᠠ᠎ᠶ᠋ᠢᠨ ᠱᠢᠯᠵᠢᠯᠲᠡ᠎ᠶ᠋ᠢ ᠬᠡᠷᠡᠭ᠌ᠵᠢᠭᠦᠯᠬᠦ᠌᠎ᠪᠡᠷ ᠲᠣᠭ᠍ᠲᠠᠵᠤ᠂ ᠳᠤᠮᠳᠠᠳᠤ᠎ᠶ᠋ᠢᠨ ᠰᠣᠪᠢᠶᠠᠳ
ᠪᠦᠭᠦᠳᠡ ᠨᠠᠢᠷᠠᠮᠳᠠᠬᠤ ᠤᠯᠤᠰ᠎ᠤᠨ ᠤᠯᠤᠰ᠎ᠤᠨ ᠪᠠᠩᠬᠢ᠎ᠶ᠋ᠢ ᠲᠥᠪ᠎ᠦᠨ ᠴᠤᠪᠤᠭ᠎ᠠ ᠠᠨᠭᠭᠢ᠎ᠶ᠋ᠢᠨ ᠠᠷᠪᠠᠨ
ᠲᠠᠪᠤᠳᠤᠭᠠᠷ ᠶᠡᠬᠡ ᠠᠨᠭᠭᠢ ᠪᠣᠯᠭᠠᠨ ᠪᠠᠢᠭᠤᠯᠪᠠ᠃
ᠤᠯᠤᠰ᠎ᠤᠨ ᠪᠠᠩᠬᠢ᠎ᠶ᠋ᠢᠨ ᠠᠵᠢᠯᠲᠠᠳ ᠪᠠᠩᠬᠢ᠎ᠶ᠋ᠢᠨ 200
ᠭᠠᠷᠤᠶ ᠳᠠᠮᠨᠠᠭᠤᠷ ᠠᠯᠲᠠ ᠮᠥᠩᠭᠥ᠌ ᠰᠤᠪᠤᠳ ᠡᠷᠳᠡᠨᠢᠰ ᠪᠣᠯᠤᠨ ᠦᠨᠡᠲᠦ ᠡᠳ᠋ᠢᠶᠡᠨ ᠡᠮᠬᠢᠯᠡᠨ
ᠪᠠᠭᠴᠠᠯᠠᠵᠤ᠂ ᠳᠠᠮᠨᠠᠭᠤᠷ᠎ᠤᠨ ᠰᠠᠭ᠍ᠰᠤᠨ ᠳᠡᠭᠡᠷ᠎ᠡ ᠪᠠᠨ ᠪᠢᠲᠡᠭᠦᠮᠵᠢᠯᠡᠬᠦ ᠵᠤᠷᠪᠤᠰ ᠨᠠᠭᠠᠵᠤ ᠤᠯᠤᠰ᠎ᠤᠨ
ᠪᠠᠩᠬᠢ᠎ᠶ᠋ᠢᠨ ᠲᠠᠮᠠᠭ᠎ᠠ᠎ᠶ᠋ᠢ ᠳᠠᠷᠤᠪᠠ᠃
ᠰᠥᠨᠢ᠎ᠶ᠋ᠢᠨ ᠭᠦᠨ᠎ᠳᠦ᠂ ᠳᠤᠮᠳᠠᠳᠤ᠎ᠶ᠋ᠢᠨ ᠰᠣᠪᠢᠶᠠᠳ ᠪᠦᠬᠦᠳᠠ
ᠨᠠᠢᠷᠠᠮᠳᠠᠬᠤ ᠤᠯᠤᠰ᠎ᠤᠨ ᠤᠯᠤᠰ᠎ᠤᠨ ᠪᠠᠩᠬᠢ᠎ᠶ᠋ᠢᠨ ᠪᠠᠢᠭᠤᠯᠭ᠎ᠠ ᠴᠸ᠋ ᠶᠦᠨ ᠱ᠌ᠢ ᠱᠠᠨ᠎ᠠᠴᠠ ᠰᠠᠯᠵᠤ᠂ ᠤᠷᠳᠤ
ᠵᠠᠮ᠎ᠤᠨ ᠠᠶᠠᠨ ᠲᠠᠢ᠌ᠨ ᠳ᠋ᠤ ᠮᠤᠷᠳᠠᠯ᠎ᠠ᠃ ᠭᠡᠪᠡᠴᠦ ᠠᠵᠢᠯᠲᠠᠨ᠎ᠤ ᠠᠯᠠᠩ ᠰᠠᠯᠠᠩ᠎ᠠᠴᠠ ᠪᠤᠯᠪᠠ ᠤᠤ᠂
ᠡᠰᠡᠬᠦᠯ᠎ᠡ ᠶᠠᠭᠠᠷᠠᠵᠤ ᠰᠠᠨᠳᠤᠷᠤᠬᠰᠠᠨᠤ ᠪᠢᠯᠢᠦ᠂ ᠦᠨᠡᠳᠦ ᠴᠤᠬᠠᠭ ᠪᠠᠩᠬᠢ᠎ᠶ᠋ᠢᠨ ᠲᠠᠮᠠᠭ᠎ᠠ ᠴᠡᠷᠢᠭ
ᠠᠩᠭᠢ ᠵᠢ ᠲᠠᠭᠠᠵᠤ ᠶᠠᠪᠤᠵᠤ ᠳᠡᠢᠯᠦᠭ᠌ᠰᠡᠨ ᠦᠭᠡᠢ᠂ ᠬᠠᠷᠢᠨ ᠶᠦᠨ ᠱ᠌ᠢ ᠱᠠᠨ ᠳ᠋ᠤ ᠮᠠᠷᠳᠠᠬᠳᠠᠨ
ᠦᠯᠡᠳᠡᠭᠰᠡᠨ ᠪᠠᠢᠵᠠᠢ᠃
ᠤᠯᠤᠰ᠎ᠤᠨ ᠪᠠᠩᠬᠢ᠎ᠶ᠋ᠢᠨ ᠲᠠᠮᠠᠭ᠎ᠠ 《ᠡᠷᠬᠢᠭᠡᠳ ᠢᠷᠡᠯ᠎ᠡ》
ᠰᠡᠭᠦᠯᠡᠷ ᠨᠢ᠂ ᠶᠦᠨ ᠱ᠌ᠢ ᠱᠠᠨ᠎ᠤ ᠲᠣᠰᠭᠣᠨ᠎ᠤ ᠠᠷᠠᠳ ᠯᠢᠶᠠᠩ ᠱ᠌ᠢ ᠯᠦᠨ
ᠡᠨᠡ ᠬᠦ᠌ ᠲᠠᠮᠠᠭ᠎ᠠ᠎ᠶ᠋ᠢ ᠣᠯᠵᠤ ᠠᠪᠴᠠᠢ᠃ 1953 ᠣᠨ᠎ᠳᠤ᠂ ᠲᠡᠷᠡ ᠤᠯᠠᠨ
ᠵᠢᠯ ᠨᠠᠨᠳᠢᠩᠨᠠᠨ ᠬᠠᠳᠠᠭᠠᠯᠠᠭ᠍ᠰᠠᠨ ᠳᠤᠮᠳᠠᠳᠤ᠎ᠶ᠋ᠢᠨ ᠰᠣᠪᠢᠶᠠᠳ ᠪᠦᠬᠦᠳᠠ ᠨᠠᠢᠷᠠᠮᠳᠠᠬᠤ ᠤᠯᠤᠰ᠎ᠤᠨ
ᠤᠯᠤᠰ᠎ᠤᠨ ᠪᠠᠩᠬᠢ᠎ᠶ᠋ᠢᠨ ᠬᠠᠰ ᠲᠠᠮᠠᠭ᠎ᠠ ᠪᠠᠨ ᠷᠦᠢᠵᠢᠨᠤ ᠬᠤᠪᠢᠰᠭᠠᠯ᠎ᠤᠨ ᠳᠤᠷᠠᠰᠭᠠᠯ᠎ᠤᠨ ᠣᠷᠳᠣᠨ᠎ᠳᠤ
ᠬᠠᠨᠳᠢᠪᠯᠠᠭᠰᠠᠨ ᠪᠢᠯᠡ᠃ 1988 ᠣᠨ᠎ᠳᠤ᠂ ᠳᠤᠮᠳᠠᠳᠤ᠎ᠶ᠋ᠢᠨ ᠰᠣᠪᠢᠶᠠᠳ ᠪᠦᠭᠦᠳᠡ
ᠨᠠᠢᠷᠠᠮᠳᠠᠬᠤ ᠤᠯᠤᠰ᠎ᠤᠨ ᠤᠯᠤᠰ᠎ᠤᠨ ᠪᠠᠩᠬᠢ᠎ᠶ᠋ᠢᠨ ᠬᠠᠰ ᠲᠠᠮᠠᠭ᠎ᠠ᠎ᠶ᠋ᠢ ᠤᠯᠤᠰ᠎ᠤᠨ ᠨᠢᠭᠡᠳᠦᠭᠡᠷ ᠳᠡᠰ᠎ᠤᠨ
ᠲᠡᠦᠬᠡ᠎ᠶ᠋ᠢᠨ ᠳᠤᠷᠠᠰᠭᠠᠯᠲᠤ ᠵᠦᠢᠯ᠎ᠢᠶᠡᠷ ᠬᠢᠨᠠᠨ ᠲᠣᠭ᠍ᠲᠠᠭᠠᠭᠰᠠᠨ ᠶᠤᠮ᠃
( ᠠᠷᠠᠳ᠎ᠤᠨ ᠰᠦᠯᠵᠢᠶ᠎ᠠ ᠡᠴᠡ ᠨᠠᠢᠷᠠᠭᠤᠯᠤᠨ ᠠᠪᠤᠪᠠ )