ᠫᠧᠩ ᠳ᠋ᠧ ᠬᠤᠸᠠᠢ ᠮᠠᠷᠱᠠᠯ ᠪᠣᠯᠤᠨ ᠨᠢᠭᠡ ᠥᠷᠭᠡᠰᠦᠲᠦ ᠬᠡᠮᠬᠡ᠎ᠶ᠋ᠢᠨ ᠦᠯᠢᠭᠡᠷ
2021-11-17 11:45:42
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

QQ图片20211117114747.png


ᠫᠧᠩ ᠳ᠋ᠧ ᠬᠤᠸᠠᠢ (1898 — 1974 ᠣᠨ)᠂ ᠬᠤᠨᠠᠨ ᠮᠤᠵᠢ᠎ᠶ᠋ᠢᠨ ᠱᠢᠶᠠᠩᠲ᠋ᠠᠨ ᠱᠢᠶᠠᠨ ᠎ᠤ ᠬᠦᠮᠦᠨ᠃ 1928 ᠣᠨ᠎ᠳᠤ ᠳᠤᠮᠳᠠᠳᠤ ᠤᠯᠤᠰ ᠎ᠤᠨ ᠡᠪ ᠬᠠᠮᠲᠤ ᠨᠠᠮ᠎ᠳᠤ ᠡᠯᠰᠡᠭ᠌ᠳᠡᠪᠡ᠃ ᠪᠦᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠤᠯᠤᠰ ᠪᠠᠢᠭᠤᠯᠤᠭ᠍ᠰᠠᠨ ᠮᠠᠷᠱᠠᠯ᠂ ᠦᠭᠡᠢᠭᠦᠦ ᠠᠩᠬᠢ᠎ᠶ᠋ᠢᠨ ᠬᠤᠪᠢᠰᠭᠠᠯᠴᠢ᠂ ᠴᠡᠷᠢᠭ ᠎ᠤᠨ ᠡᠷᠳᠡᠮᠲᠡᠨ᠂ ᠤᠯᠤᠰ ᠲᠦᠷᠦᠴᠢᠨ᠂ ᠳᠤᠮᠳᠠᠳᠤ ᠤᠯᠤᠰ ᠎ᠤᠨ ᠠᠷᠠᠳ ᠎ᠤᠨ ᠴᠢᠯᠥᠭᠡᠯᠡᠬᠦ᠌ ᠴᠡᠷᠢᠭ ᠎ᠢ ᠡᠭᠦᠰᠭᠡᠨ ᠪᠠᠢᠭᠤᠯᠤᠭ᠍ᠴᠢ ᠪᠠ ᠤᠳᠤᠷᠢᠳᠭᠤ ᠬᠥᠮᠦᠨ᠎ᠤ ᠨᠢᠭᠡ᠃ 



1947 ᠣᠨ᠎ᠳᠤ᠂ ᠫᠧᠩ ᠳ᠋ᠧ ᠬᠤᠸᠠᠢ᠂ ᠰᠢ ᠵᠦᠩ ᠱᠢᠶᠦ᠋ᠨ᠎ᠤ ᠤᠳᠤᠷᠢᠳᠤᠭ᠍ᠰᠠᠨ ᠬᠤᠶᠠᠷᠬᠠᠨ ᠲᠦᠮᠡᠨ ᠴᠡᠷᠢᠭ᠎ᠲᠠᠢ ᠪᠠᠷᠠᠭᠤᠨ ᠬᠤᠢᠲᠤ᠎ᠶ᠋ᠢᠨ ᠬᠡᠭᠡᠷᠡᠯᠡᠨ ᠪᠠᠢᠯᠳᠤᠬᠤ ᠪᠢᠩᠲ᠋ᠤᠸᠠᠨ᠎ᠨᠢ ᠬ᠍ᠤ ᠽᠦᠩ ᠨᠠᠨ᠎ᠤ ᠳᠠᠭᠠᠭᠤᠯᠤᠭ᠍ᠰᠠᠨ ᠠᠮᠧᠷᠢᠺᠠ᠎ᠶ᠋ᠢᠨ ᠵᠡᠪᠰᠡᠭ ᠲᠣᠨᠣᠭ᠍ᠯᠠᠯ᠎ᠲᠠᠢ 25 ᠲᠦᠮᠡᠨ ᠶᠡᠭᠡ ᠴᠡᠷᠢᠭ᠎ᠲᠠᠢ ᠭᠤᠷᠪᠠᠨᠲᠠ ᠪᠠᠢᠯᠳᠤᠵᠤ ᠭᠤᠷᠪᠠᠨᠲᠠ ᠢᠯᠠᠪᠠ᠃

ᠲᠠᠢ᠌ᠨ᠎ᠤ ᠱᠢᠨ᠎ᠠ ᠲᠤᠬᠢᠶᠠᠯ᠎ᠢ ᠡᠵᠡᠮᠳᠡᠬᠦ᠌ ᠎ᠶ᠋ᠢᠨᠲᠦᠯᠦᠭᠡ᠂ ᠫᠸᠩ ᠳ᠋ᠸ ᠬᠤᠸᠠᠢ ᠰᠢ ᠵᠦᠩ ᠱᠢᠶᠦ᠋ᠨ᠎ᠯᠤᠭᠡ ᠵᠥᠪᠳᠡᠯᠴᠡᠭᠡᠳ ᠤᠮᠠᠷᠠᠰᠢ ᠮᠣᠷᠳᠠᠬᠤ᠎ᠪᠠᠷ ᠲᠣᠭ᠍ᠲᠠᠪᠠ᠃ ᠵᠢᠷᠭᠤᠭᠠᠨ ᠰᠠᠷ᠎ᠠ ᠎ᠶ᠋ᠢᠨ ᠎ᠨᠠᠷᠠᠨ ᠲᠤᠯᠤᠭᠠᠢ ᠳᠡᠭᠡᠷ᠎ᠠ ᠡᠴᠡ ᠱᠢᠷᠡᠨ᠎ᠠ᠃ ᠴᠡᠷᠢᠭ ᠠᠩᠬᠢ ᠨᠡᠯᠦᠭᠡᠷ ᠶᠡᠭᠡ ᠡᠯᠡᠰᠦᠨ ᠴᠦᠯ᠎ᠢᠶᠠᠷ ᠠᠶᠠᠯᠠᠵᠤ᠂ ᠤᠤᠭᠤᠬᠤ ᠤᠰᠤ ᠤᠯᠳᠠᠬᠤ ᠦᠬᠡᠢ ᠡᠴᠡ ᠪᠤᠯᠵᠤ᠂ ᠴᠡᠷᠢᠭ ᠪᠠᠢᠯᠳᠤᠭ᠍ᠴᠢᠳ ᠮᠠᠨᠠᠷᠠᠨ ᠤᠨᠠᠵᠦ᠍ ᠪᠠᠢ᠌ᠪᠠ᠃ ᠲᠠᠪᠢ ᠱᠢᠬᠠᠭ᠍ᠰᠠᠨ ᠫᠧᠩ ᠳ᠋ᠧ ᠬᠤᠸᠠᠢ ᠡᠳᠦᠷ ᠪᠦᠷᠢ ᠪᠠᠢᠯᠳᠤᠭ᠍ᠴᠢᠳ᠎ᠲᠠᠢ᠎ᠪᠠᠨ ᠬᠠᠮᠲᠤ ᠶᠠᠪᠠᠭᠠᠨ᠎ᠢᠶᠠᠷ ᠠᠶᠠᠯᠠᠨ᠎ᠠ᠃ ᠫᠧᠩ ᠳ᠋ᠧ ᠬᠤᠸᠠᠢ᠎ᠶ᠋ᠢᠨ ᠤᠷᠤᠭᠤᠯ᠎ᠨᠢ ᠬᠠᠳᠠᠵᠤ ᠬᠠᠭᠠᠷᠠᠭ᠍ᠰᠠᠨ ᠴᠤ᠌ 《ᠨᠢᠭᠡ ᠠᠮᠠ ᠤᠰᠤ ᠪᠣᠯ ᠲᠠᠷᠤᠢ ᠨᠢᠭᠡ ᠠᠮᠢ ᠨᠠᠰᠤ ᠱᠢᠤ᠂ ᠪᠢ ᠠᠪᠤᠷᠠᠬᠤ ᠦᠭᠡᠢ ᠪᠠᠢᠵᠤ ᠪᠣᠯᠤᠨ᠎ᠠ ᠦᠦ?》 ᠬᠡᠳ ᠬᠤᠪᠢᠶᠠᠵᠤ ᠤᠯᠤᠭ᠍ᠰᠠᠨ ᠤᠰᠤ ᠪᠠᠨ ᠮᠠᠨᠠᠷᠠᠭ᠍ᠰᠠᠨ ᠪᠠᠢᠯᠳᠤᠭ᠍ᠴᠢᠳ᠎ᠲᠤ ᠦᠭ᠌ᠳᠡᠭ ᠪᠠᠢᠪᠠ᠃

ᠴᠡᠷᠢᠭ ᠠᠩᠭᠢ ᠡᠴᠦᠰ᠎ᠲᠤ ᠪᠠᠨ ᠡᠯᠡᠰᠦᠨ ᠴᠥᠯ᠎ᠢ ᠳᠤᠭᠤᠯᠵᠦ᠍ ᠭᠠᠷᠪᠠ᠃ ᠫᠧᠩ ᠳ᠋ᠧ ᠬᠤᠸᠠᠢ᠂ ᠣᠷᠣᠶ ᠎ᠶ᠋ᠢᠨᠬᠤᠭᠤᠯᠠᠨ ᠳᠡᠭᠡᠷ᠎ᠠ ᠥᠷᠭᠡᠰᠦᠲᠦ ᠬᠡᠮᠬᠡ ᠡᠴᠡ ᠠᠪᠤᠭᠠᠳ ᠨᠢᠭᠡ ᠬᠠᠵᠠᠵᠡᠢ᠃ ᠭᠡᠪᠡᠴᠦ᠍ ᠲᠡᠷᠡ ᠬᠠᠷᠢᠨ ᠨᠢᠭᠡᠯᠡ ᠬᠠᠵᠠᠮᠠᠭ᠍ᠴᠠ ᠢᠳᠡᠬᠦ᠌ ᠪᠠᠨ ᠪᠤᠯᠢᠯ᠎ᠠ᠃ ᠲᠡᠭᠡᠭᠡᠳ 《ᠡᠨᠡ ᠥᠷᠭᠡᠰᠦᠲᠦ ᠬᠡᠮᠬᠡ ᠵᠢ ᠬᠠᠮᠢᠭ᠎ᠠ᠎ᠠᠴᠠ ᠤᠯᠤᠬ᠍ᠰᠠᠨ᠎ᠪᠤᠢ ?》 ᠭᠡᠵᠦ᠍ ᠠᠰᠠᠭᠤᠵᠡᠢ᠃ ᠬᠠᠮᠢᠶᠠᠷᠤᠭ᠍ᠴᠢ᠄ 《ᠵᠠᠬ᠎ᠠ᠎ᠠᠴᠠ ᠬᠤᠳᠠᠯᠳᠤᠨ ᠠᠪᠤᠭ᠍ᠰᠠᠨ》 ᠭᠡᠪᠡ᠃ 《ᠪᠠᠢᠯᠳᠤᠭ᠍ᠴᠢᠳ ᠎ᠲᠤ ᠪᠦᠷ ᠪᠠᠢᠨ᠎ᠠ ᠦᠦ ?》 ᠭᠡᠰᠡᠨ᠎ᠳᠤ᠂ ᠬᠠᠮᠢᠶᠠᠷᠤᠭ᠍ᠴᠢ ᠡᠭ ᠮᠡᠭ ᠭᠡᠳ ᠬᠠᠷᠢᠭᠤᠯᠵᠤ ᠴᠢᠳᠠᠭ᠍ᠰᠠᠨ ᠦᠭᠡᠢ᠃ ᠫᠧᠩ ᠳ᠋ᠧ ᠬᠤᠸᠠᠢ ᠲᠡᠷᠡ ᠲᠠᠷᠤᠢ ᠥᠷᠭᠡᠰᠦᠲᠦ ᠬᠡᠮᠬᠡ᠎ᠪᠠᠨ ᠬᠠᠶᠠᠭᠠᠳ ᠭᠠᠳᠠᠭ᠍ᠰᠢ ᠭᠠᠷᠪᠠ᠃

ᠬᠠᠮᠢᠶᠠᠷᠤᠭ᠍ᠴᠢ᠎ᠨᠢ ᠤᠴᠢᠷ ᠪᠤᠷᠤᠭᠤᠳᠠᠭ᠍ᠰᠠᠨ᠎ᠢ ᠮᠡᠳᠡᠭᠡᠳ ᠶᠠᠭᠠᠷᠠᠦ ᠰᠠᠨᠳᠤᠷᠤᠤ ᠳᠡᠳ᠋ ᠺᠣᠮᠢᠰᠰᠠᠷ ᠰᠢ ᠵᠥᠩ ᠱᠢᠶᠦ᠋ᠨ᠎ᠢ ᠡᠷᠢᠵᠦ᠍ ᠬᠦᠷᠦᠭᠡᠳ᠄ 《ᠶᠡᠷᠦᠩᠬᠡᠶ ᠺᠣᠮᠠᠨᠳᠠᠯᠠᠭ᠍ᠴᠢ᠎ᠵᠢ ᠴᠡᠷᠢᠭ ᠲᠠᠢ᠌ᠨ ᠳ᠋ᠤ ᠶᠠᠪᠤᠵᠤ ᠶᠡᠬᠡ ᠶᠠᠳᠠᠷᠠᠭ᠍ᠰᠠᠨ ᠪᠠᠢ᠌ᠯᠬᠦᠢ᠂ ᠵᠢᠭᠠᠬᠠᠨ ᠱᠢᠮ᠎ᠡ ᠲᠡᠵᠢᠭᠡᠯ ᠨᠦᠬᠦᠪᠦᠷᠢᠯᠡᠵᠦ᠍ ᠦᠭ᠌ᠭᠦᠶ᠎ᠡ ᠭᠡᠵᠦ᠍ ᠪᠤᠳᠤᠭᠠᠳ ᠬᠡᠳᠦᠨ ᠥᠷᠭᠡᠰᠦᠲᠦ ᠬᠡᠮᠬᠡ ᠠᠪᠤᠭ᠍ᠰᠠᠨ ᠶᠤᠮ ᠡ᠃ ᠭᠡᠳᠡᠯ᠎ᠡ ᠶᠡᠷᠦᠩᠬᠡᠶ ᠺᠣᠮᠠᠨᠳ᠋ᠯᠠᠭ᠍ᠴᠢ ᠢᠳᠡᠭ᠌ᠰᠡᠨ ᠥᠬᠡᠶ ᠮᠦᠷᠳᠡᠭᠡᠨ ᠠᠭᠤᠷᠯᠠᠴᠢᠬᠠᠵᠠᠶ》 ᠭᠡᠵᠦ᠍ ᠤᠴᠢᠷ᠎ᠢᠶᠡᠨ ᠦᠨᠡᠨ ᠮᠦᠨ᠎ᠶ᠋ᠢᠡᠷ ᠲᠤᠰᠭᠠᠪᠠ᠃ ᠰᠢ ᠵᠦᠡᠭ ᠱᠢᠶᠦ᠋ᠨ ᠡᠴᠡ ᠫᠧᠩ ᠳ᠋ᠧ ᠬᠤᠸᠠᠢ ᠵᠢ ᠡᠷᠢᠵᠦ᠍ ᠤᠴᠢᠭ᠍ᠰᠠᠨ᠎ᠳᠤ᠂ ᠫᠸᠩ ᠳ᠋ᠸ ᠬᠤᠸᠠᠢ ᠦᠪᠡᠷ᠎ᠤᠨ ᠱᠢᠭᠦᠮᠵᠢᠯᠡᠯ ᠬᠢᠵᠦ᠍᠂ ᠦᠪᠡᠷ᠎ᠤᠨ ᠬᠢ ᠪᠡᠨ ᠰᠠᠬᠢᠯᠭ᠎ᠠ ᠪᠠᠳᠤ ᠵᠦᠷᠢᠴᠡᠭ᠌ᠰᠡᠨ ᠭᠡᠮᠡᠵᠦ᠍᠂ ᠦᠯᠡᠳᠡᠭ᠌ᠰᠡᠨ ᠥᠷᠭᠡᠰᠦᠲᠦ ᠬᠡᠮᠬᠡ᠎ᠵᠢ ᠬᠠᠮᠠᠭᠠᠯᠠᠬ᠍ᠴᠢ ᠪᠡᠷ᠎ᠶ᠋ᠢᠡᠨ ᠱᠢᠷᠬᠠᠲᠤᠭ᠍ᠰᠠᠳ᠎ᠲᠤ ᠬᠦᠷᠭᠡᠭᠦᠯᠵᠡᠢ᠃ ᠲᠡᠷᠡ ᠪᠠᠰᠠ ᠬᠤᠷᠠᠯ ᠬᠤᠷᠠᠯᠳᠤᠭᠤᠯᠵᠤ᠂ ᠬᠤᠷᠠᠯ ᠲᠡᠭᠡᠷ᠎ᠡ ᠦᠪᠡᠷ᠎ᠤᠨ ᠱᠢᠭᠦᠮᠵᠢᠯᠡᠯ ᠬᠢᠭ᠌ᠰᠡᠨ ᠪᠠᠢ᠌ᠯ᠎ᠠ᠃

ᠫᠧᠩ ᠳ᠋ᠧ ᠬᠤᠸᠠᠢ ᠬᠤᠷᠠᠯ ᠳᠡᠭᠡᠷ᠎ᠡ᠄ 《ᠡᠨᠡ ᠬᠡᠳᠦᠨ ᠡᠳᠦᠷ᠂ ᠮᠠᠨ᠎ᠤ ᠴᠡᠷᠢᠭ ᠠᠩᠭᠢ ᠡᠯᠡᠰᠦᠨ ᠴᠦ᠍ᠢᠯ ᠲᠤᠭᠤᠯᠵᠤ ᠮᠠᠰᠢ ᠬᠦᠴᠢᠷ ᠪᠡᠷᠬᠡᠱᠢᠶᠡᠯ᠎ᠲᠠᠢ ᠵᠠᠮᠨᠠᠭ᠍ᠰᠠᠨ᠃ ᠲᠡᠷᠡ ᠶᠠᠳᠠᠷᠠᠯ ᠵᠦᠳᠡᠷᠡᠯ᠎ᠢ ᠬᠡᠯᠡᠬᠦ᠌ ᠎ᠶ᠋ᠢᠨᠠᠷᠭ᠎ᠠ ᠦᠭᠡᠢ᠂ ᠬᠦᠮᠦᠨ ᠬᠠᠷ᠎ᠠ ᠤᠤᠭᠤᠬᠤ ᠤᠰᠤ ᠦᠬᠡᠢ ᠠᠩᠭᠠᠵᠦ᠍ ᠶᠠᠪᠤᠭ᠍ᠰᠠᠨ᠂ ᠵᠠᠷᠢᠮ ᠴᠡᠷᠢᠭ ᠪᠠᠢ᠌ᠯᠳᠤᠭ᠍ᠴᠢ ᠤᠮᠳᠠᠭᠠᠰᠤᠭᠠᠳ ᠦᠭᠡᠳᠡ ᠪᠤᠯᠤᠭ᠍ᠰᠠᠨ ᠤᠴᠢᠷ ᠴᠤ᠌ ᠭᠠᠷᠤᠭ᠍ᠰᠠᠨ᠃ ᠭᠡᠲᠡᠯ᠎ᠡ ᠡᠨᠡ ᠦᠶ᠎ᠡ᠎ᠳᠤ ᠫᠧᠩ ᠳ᠋ᠧ ᠬᠤᠸᠠᠢ ᠪᠢ ᠬᠠᠷᠢᠨ ᠥᠷᠭᠡᠰᠦᠲᠦ ᠬᠡᠮᠬᠡ ᠢᠳᠡᠵᠦ᠍ ᠪᠠᠢ᠌ᠨ᠎ᠠ᠃ ᠠᠳᠡ ᠪᠢ ᠶᠠᠭᠤᠨ᠎ᠤ ᠡᠮᠦᠨ᠎ᠡ ᠤᠯᠠᠨ᠎ᠳᠤ ᠥᠪᠡᠷ᠎ᠤᠨ ᠪᠠᠢᠴᠠᠭᠠᠯᠲᠠ ᠬᠢᠶ᠎ᠠ᠂ ᠫᠧᠩ ᠳ᠋ᠧ ᠬᠤᠸᠠᠢ ᠪᠢ ᠬᠦᠨᠳᠦ ᠨᠣᠴᠢᠲᠠᠢ ᠨᠣᠶᠠᠨᠴᠢ ᠰᠤᠷᠲᠠᠯ᠎ᠤᠨ ᠠᠯᠳᠠᠭ᠎ᠠ ᠭᠠᠷᠭᠠᠵᠠᠢ!》 ᠭᠡᠵᠦ᠍ ᠶᠠᠷᠢᠭᠠᠳ ᠴᠡᠷᠢᠭ᠎ᠤᠨ ᠮᠠᠯᠠᠭᠠᠢ᠎ᠪᠠᠨ ᠠᠪᠤᠭᠠᠳ ᠤᠯᠠᠨ᠎ᠳᠤ ᠭᠦᠨ ᠶᠣᠰᠣᠯᠠᠪᠠ᠃ ᠰᠢ ᠵᠦᠡᠭ ᠱᠢᠶᠦ᠋ᠨ ᠪᠠᠢᠳᠠᠯ᠎ᠢ ᠦᠵᠡᠭᠡᠳ᠄《ᠦᠨᠡᠨ᠎ᠳᠤ ᠪᠠᠨ ᠥᠷᠭᠡᠰᠦᠲᠦ ᠬᠡᠮᠬᠡ᠎ᠶ᠋ᠢ ᠫᠸᠩ ᠶᠡᠷᠦᠩᠬᠡᠢ ᠺᠣᠮᠠᠨᠳᠠᠯᠠᠭ᠍ᠴᠢ ᠢᠳᠡᠭ᠌ᠰᠡᠨ ᠴᠤ᠌ ᠦᠭᠡᠢ᠂ ᠱᠢᠷᠬᠠᠲᠤᠭ᠍ᠰᠠᠳ᠎ᠲᠤ ᠬᠦᠷᠭᠡᠵᠦ᠍ ᠢᠳᠡᠬᠦᠯᠦᠭ᠌ᠰᠡᠨ ᠶᠤᠮ 》 ᠬᠡᠬᠦ᠌᠎ᠳᠤ᠂ ᠫᠧᠩ ᠳ᠋ᠧ ᠬᠤᠸᠠᠢ᠄ 《ᠲᠠ ᠨᠠᠷ ᠵᠢᠵᠢᠭ᠌ᠬᠡᠨ ᠨᠢᠭᠡ ᠥᠷᠭᠡᠰᠦᠲᠦ ᠬᠡᠮᠬᠡ ᠱᠢᠳᠡ ᠭᠡᠵᠦ᠍ ᠪᠣᠳᠣᠵᠤ ᠪᠠᠢ᠌ᠬᠤ ᠮᠠᠭᠠᠳ᠂ ᠲᠠᠨᠤᠰ᠎ᠲᠤ ᠬᠡᠯᠡᠵᠦ᠍ ᠥᠭ᠌ᠬᠦᠶ᠎ᠡ᠂ ᠥᠨᠥᠳᠦᠷ ᠪᠢ ᠪᠠᠭ᠎ᠠ ᠤᠴᠢᠷ᠎ᠢ ᠶᠡᠬᠡᠰᠭᠡᠵᠦ᠍ ᠶᠠᠷᠢᠨ᠎ᠠ ! ᠶᠠᠭᠠᠬᠢᠭᠠᠳ ᠪᠤᠢ ᠭᠡᠪᠡᠯ᠂ ᠮᠠᠨ᠎ᠤ ᠴᠡᠷᠢᠭ ᠪᠠ ᠭᠤᠮᠢᠨᠳᠠᠩ᠎ᠤᠨ ᠴᠡᠷᠢᠭ᠎ᠤᠨ ᠬᠠᠮᠤᠭ᠎ᠤᠨ ᠶᠡᠭᠡ ᠢᠯᠭᠠᠭ᠎ᠠ ᠪᠣᠯ ᠲᠠᠷᠤᠢ ᠳᠠᠷᠤᠭ᠎ᠠ ᠪᠠᠢᠯᠳᠤᠭ᠍ᠴᠢ ᠡᠷᠬᠡ ᠲᠡᠭ᠌ᠰᠢ ᠪᠠᠢ᠌ᠳᠠᠭ᠃ ᠥᠨᠥᠳᠥᠷ ᠶᠡᠷᠦᠩᠬᠡᠢ ᠺᠣᠮᠠᠨᠳ᠋ᠯᠠᠭ᠍ᠴᠢ ᠪᠤᠯᠤᠬ᠍ᠰᠠᠨ ᠪᠢ ᠨᠢᠭᠡ ᠥᠷᠭᠡᠰᠦᠲᠦ ᠬᠡᠮᠬᠡ ᠢᠳᠡᠭ᠌ᠰᠡᠨ᠂ ᠮᠠᠷᠭᠠᠰᠢ ᠴᠡᠷᠢᠭ ᠠᠩᠭᠢ᠎ᠶ᠋ᠢᠨ ᠳᠠᠷᠤᠭ᠎ᠠ ᠨᠠᠷ ᠨᠠᠳᠠ᠎ᠠᠴᠠ ᠰᠤᠷᠤᠯᠴᠠᠵᠤ ᠨᠢᠭᠡ ᠳᠠᠬᠢᠶ᠎ᠠ ᠢᠳᠡᠨ᠎ᠡ᠂ ᠬᠡᠲᠦ ᠬᠤᠨᠤᠭ᠎ᠠᠴᠠ ᠪᠤᠰᠤᠳ ᠬᠤᠷᠢᠶᠠᠨ ᠳᠠᠷᠤᠭ᠎ᠠ᠂ ᠰᠤᠮᠤᠨ ᠳᠠᠷᠤᠭ᠎ᠠ ᠪᠦᠷ ᠡᠢ᠌ᠮᠦ᠍ ᠰᠤᠷᠳᠠᠯ ᠲᠠᠢ ᠪᠤᠯᠴᠢᠬᠠᠪᠠᠯ ᠶᠠᠭᠠᠬᠢᠨ᠎ᠠ ? ᠳᠠᠷᠤᠭ᠎ᠠ ᠪᠠᠢᠯᠳᠤᠭ᠍ᠴᠢᠳ᠎ᠤᠨ ᠬᠤᠭᠤᠷᠣᠨᠳᠣᠬᠢ ᠵᠠᠢ ᠵᠦᠷᠢᠶ᠎ᠡ ᠢᠩᠬᠢᠭᠡᠳ ᠯᠡ ᠶᠡᠬᠡᠰᠭᠦ ᠪᠤᠯᠤᠨ᠎ᠠ》 ᠭᠡᠵᠦ᠍ ᠫᠧᠩ ᠳ᠋ᠧ ᠬᠤᠸᠠᠢ ᠶᠠᠷᠢᠭᠠᠳ᠂ ᠰᠢ ᠵᠦᠩ ᠱᠢᠶᠦ᠋ᠨ᠎ᠳᠤ ᠬᠠᠨᠳᠤᠵᠤ᠄ 《ᠰᠢ ᠺᠣᠮᠢᠰᠰᠠᠷ ᠡ᠂ ᠪᠢ ᠥᠪᠡᠷ᠎ᠤᠨ ᠪᠠᠢᠴᠠᠭᠠᠯᠲᠠ᠎ᠪᠠᠨ ᠡᠨᠡ ᠤᠷᠤᠢ ᠨᠠᠮ᠎ᠤᠨ ᠡᠭᠦᠷ᠎ᠲᠤ ᠲᠤᠱᠢᠶᠠᠵᠦ᠍ ᠥᠭ᠌ᠭᠦᠨ᠎ᠡ᠃ ᠪᠤᠰᠤᠳ ᠬᠠᠮᠢᠶ᠎ᠠ ᠪᠦᠬᠦᠢ ᠬᠦᠮᠦᠰ᠎ᠤᠨ ᠲᠤᠬᠠᠢ ᠬᠡᠷᠬᠢᠨ ᠱᠢᠢᠳᠭᠡᠬᠦ᠌ ᠪᠠᠨ ᠨᠠᠮ᠎ᠤᠨ ᠡᠭᠦᠷ᠎ᠤᠨ ᠱᠦᠵᠢ ᠪᠤᠯᠤᠬ᠍ᠰᠠᠨ ᠲᠠ ᠲᠤᠭ᠍ᠲᠠᠭᠠᠷᠠᠢ》 ᠭᠡᠵᠦ᠍ ᠲᠦᠪ ᠴᠢᠩᠭ᠎ᠠ ᠪᠠᠷ ᠬᠡᠯᠡᠵᠡᠢ᠃

( ᠳᠤᠮᠳᠠᠳᠤ ᠤᠯᠤᠰ᠎ᠤᠨ ᠬᠡᠤᠬᠡᠳ᠎ᠤᠨ ᠤᠷᠠᠨ ᠵᠤᠬᠢᠶᠠᠯ᠎ᠤᠨ ᠰᠦᠯᠵᠢᠶ᠎ᠠ ᠡᠴᠡ ᠨᠠᠢ᠌ᠷᠠᠭᠤᠯᠤᠨ ᠠᠪᠤᠪᠠ )

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号