
ᠦᠨᠳᠦᠰᠦᠨ ᠪᠠᠢᠳᠠᠯ᠄
ᠨᠡᠷ᠎ᠠ᠄ ᠳᠡᠭᠷᠢ
ᠪᠡᠶ᠎ᠠ ᠵᠢᠨ ᠦᠨᠳᠦᠷ᠄ 178cm
ᠳᠡᠬᠦᠰᠬᠡᠭᠰᠡᠨ ᠰᠤᠷᠭᠠᠭᠤᠯᠢ᠄ ᠲᠢᠶᠡᠨᠵᠢᠨᠤ
ᠳᠠᠭᠤᠤ ᠬᠦᠭᠵᠢᠮ᠎ᠤᠨ ᠳᠡᠭᠡᠳᠦ ᠰᠤᠷᠭᠠᠭᠤᠯᠢ
ᠠᠵᠢᠯ᠄ ᠳᠠᠭᠤᠴᠢᠨ
ᠤᠯᠤᠰ᠄ ᠳᠤᠮᠳᠠᠳᠤ ᠤᠯᠤᠰ
ᠦᠨᠳᠦᠰᠦᠳᠡᠨ᠄ ᠮᠤᠨᠭᠭᠤᠯ ᠦᠨᠳᠤᠰᠦᠳᠡᠨ
ᠳᠦᠯᠦᠬᠡᠯᠡᠬᠦ ᠪᠦᠳᠦᠬᠡᠯ᠄
《ᠳ᠋ᠧᠪᠠᠵᠠᠨ》 《ᠮᠤᠨᠭᠭᠤᠯ ᠬᠦᠮᠦᠨ》 《ᠪᠤᠷᠬᠠᠨ ᠰᠡᠳᠬᠢᠯ᠎ᠳᠦ ᠡᠵᠢ》
ᠳᠦᠷᠦᠭᠰᠡᠨ ᠨᠤᠳᠤᠭ᠄ ᠥᠪᠥᠷ ᠮᠣᠩᠭᠣᠯ᠎ᠤᠨ
ᠣᠷᠳᠣᠰ ᠬᠣᠲᠠ᠎ᠶ᠋ᠢᠨ ᠣᠲᠣᠭ ᠬᠣᠱᠢᠭᠤ ᠵᠢᠨ ᠡᠷᠭᠡ᠎ᠳᠤ ᠰᠤᠮᠤ
ᠲᠦᠷᠦᠭᠰᠡᠨ ᠴᠠᠭ᠄ 1960 ᠣᠨ ᠤ 1 ᠰᠠᠷ᠎ᠠ᠎ᠶ᠋ᠢᠨ 15 ᠤ ᠡᠳᠦᠷ
ᠳᠤᠰᠢᠶᠡᠯ᠄ ᠳᠤᠮᠳᠠᠳᠤ ᠤᠯᠤᠰ᠎ᠤᠨ ᠳᠠᠭᠤᠤ
ᠬᠥᠭ᠌ᠵᠢᠮᠴᠢᠳᠦᠨ ᠨᠡᠢᠭᠡᠮᠯᠢᠭ᠎ᠦᠨ ᠬᠡᠷᠡᠭ ᠡᠷᠬᠢᠯᠡᠭ᠌ᠴᠢ
ᠲᠩᠷᠢ᠂ ᠳᠤᠮᠳᠠᠳᠤ ᠤᠯᠤᠰ᠎ᠤᠨ ᠡᠷᠡᠭ᠌ᠲᠡᠶ ᠳᠠᠭᠤᠴᠢᠨ᠂ ᠲᠥᠪ᠎ᠦᠨ ᠦᠨᠳᠦᠰᠦᠲᠡᠨ᠎ᠦ ᠳᠠᠭᠤᠤ ᠪᠥᠵᠢᠭ᠎ᠦᠨ
ᠪᠦᠯᠬᠦᠮ᠎ᠦᠨ ᠳᠡᠳ᠋ ᠳᠠᠷᠤᠭ᠎ᠠ᠂ ᠤᠯᠤᠰ᠎ᠤᠨ ᠨᠢᠭᠡᠳᠦᠭᠡᠷ ᠳᠡᠰ᠎ᠤᠨ ᠲᠣᠭ᠍ᠯᠠᠭ᠍ᠴᠢ᠂ ᠳᠤᠮᠳᠠᠳᠤ ᠤᠯᠤᠰ᠎ᠤᠨ
ᠳᠠᠭᠤᠤ ᠬᠥᠭ᠌ᠵᠢᠮᠴᠢᠳᠦᠨ ᠨᠡᠢᠭᠡᠮᠯᠢᠭ᠎ᠦᠨ ᠬᠡᠷᠡᠭ ᠡᠷᠬᠢᠯᠡᠭ᠌ᠴᠢ᠂ ᠲᠦᠷᠦ ᠵᠢᠨ ᠶᠠᠪᠤᠳᠠᠯ᠎ᠤᠨ
ᠬᠤᠷᠢᠶᠡᠨ᠎ᠤ ᠤᠨᠴᠠ ᠨᠦᠬᠦᠪᠦᠷᠢ ᠬᠦᠷᠳᠡᠭᠴᠢ᠂ ᠲᠥᠪ᠎ᠦᠨ ᠲᠥᠷᠥ᠎ᠶ᠋ᠢᠨ ᠪᠠᠢᠭᠤᠯᠭ᠎ᠠ᠎ᠠᠴᠠ ᠣᠯᠭᠣᠭ᠍ᠰᠠᠨ 《5·1》 ᠬᠥᠳᠡᠯᠮᠦᠷᠢ᠎ᠶ᠋ᠢᠨ ᠱᠠᠩᠨᠠᠯ᠎ᠤᠨ ᠮᠧᠳᠠᠯ ᠬᠦᠷᠲᠡᠭ᠌ᠴᠢ᠂ ᠪᠥᠬᠥ᠌ ᠤᠯᠤᠰ᠎ᠤᠨ
ᠬᠥᠳᠡᠯᠮᠦᠷᠢ᠎ᠶ᠋ᠢᠨ ᠵᠢᠱ᠌ᠢᠶᠡᠴᠢ᠃
1989 ᠣᠨ᠎ᠳᠤ ᠰᠣᠶᠣᠯ᠎ᠤᠨ ᠶᠠᠮᠤᠨ᠎ᠠᠴᠠ ᠭᠣᠣᠯᠯᠠᠨ
ᠡᠷᠭᠢᠯᠡᠭ᠌ᠰᠡᠨ ᠡᠰᠲ᠋ᠷᠠᠳ᠋ᠣ᠌ ᠳᠠᠭᠤᠴᠢᠨᠤ ᠱᠢᠯᠭᠠᠷᠠᠭᠤᠯᠤᠯᠲᠠ᠎ᠳᠤ ᠮᠠᠩᠯᠠᠢᠯᠠᠵᠤ᠂ 1986 ᠣᠨ᠎ᠳᠤ 《ᠮᠣᠩᠭᠣᠯ ᠬᠥᠮᠦᠨ》 ᠳᠠᠭᠤᠤ᠎ᠪᠡᠨ
ᠵᠣᠬᠢᠶᠠᠬᠤ᠎ᠶ᠋ᠢᠨ ᠳᠠᠭᠠᠤ ᠳᠠᠭᠤᠯᠠᠵᠤ᠂ ᠨᠢᠭᠡ ᠯᠡ ᠳᠡᠭᠡᠷ᠎ᠡ ᠨᠡᠷ᠎ᠡ ᠭᠠᠷᠪᠠ᠃ ᠲᠣᠰ ᠵᠢᠯ ᠳᠡᠭᠡᠨ
ᠦᠪᠡᠷ᠎ᠤᠨ ᠬᠢᠨᠢ ᠠᠩᠬᠠᠳᠠᠭ᠍ᠴᠢ ᠴᠣᠮᠣᠭ 《ᠴᠢ ᠨᠠᠷᠠᠲᠠᠶ
ᠬᠠᠮᠲᠤ ᠮᠠᠨᠳᠤᠨ᠎ᠠ》 ᠪᠠᠨ
ᠨᠡᠢᠳᠡᠯᠡᠵᠡᠢ᠃
1992 ᠣᠨ᠎ᠳᠤ
ᠤᠷᠢᠯᠭ᠎ᠠ᠎ᠪᠠᠷ ᠲᠠᠢᠪᠧᠶᠳᠦ ᠬᠦᠷᠴᠦ᠍ ᠬᠤᠪᠢ ᠬᠥᠮᠦᠨ᠎ᠦ ᠺᠤᠨ᠋ᠼᠸᠷᠲ ᠬᠢᠵᠦ᠍᠂ ᠳᠠᠯᠠᠶ᠎ᠶ᠋ᠢᠨ
ᠬᠣᠭᠣᠯᠠᠶ᠎ᠶ᠋ᠢᠨ ᠬᠣᠶᠠᠷ ᠡᠷᠭᠢ᠎ᠶ᠋ᠢᠨ ᠦᠵᠡᠭᠴᠢᠳ᠎ᠤᠨ ᠬᠦᠷᠢᠶᠡᠯᠡᠯ᠎ᠢ ᠬᠦᠷᠳᠡᠭᠰᠡᠨ ᠵᠢᠡᠷ᠂ ᠤᠯᠤᠰ
ᠪᠠᠢᠭᠤᠯᠤᠭ᠍ᠳᠠᠭ᠍ᠰᠠᠨ᠎ᠠᠴᠠ ᠨᠠᠭᠠᠰᠢ ᠳᠣᠲᠣᠷ᠎ᠠ ᠭᠠᠵᠠᠷ᠎ᠠᠴᠠ ᠲᠠᠢᠸᠠᠨ᠎ᠳᠤ ᠬᠦᠷᠴᠦ᠍ ᠺᠤᠨ᠋ᠼᠸᠷᠲ ᠬᠢᠭ᠌ᠰᠡᠨ
ᠠᠩᠬᠠᠨ᠎ᠤ ᠳᠠᠭᠤᠴᠢᠨ ᠪᠣᠯᠪᠠ᠃ 1993 ᠣᠨ᠎ᠤ 3 ᠰᠠᠷ᠎ᠠ᠎ᠳᠤ᠂
ᠪᠥᠷᠲᠡ ᠴᠢᠨᠣ᠎ᠠ ᠬᠠᠮᠳᠤᠯᠢᠭ ᠵᠢᠡᠨ ᠠᠬᠠᠯᠠᠨ
ᠪᠠᠢᠢᠭᠤᠯᠵᠠᠢ᠃ 1994 ᠣᠨ᠎ᠳᠤ ᠺᠢᠨᠣ᠋《ᠭᠠᠨᠭᠭᠠᠩ ᠬᠠᠷ᠎ᠠ》᠎ᠳᠤ ᠬᠠᠪᠰᠤᠷᠡᠯ ᠳᠠᠭᠤᠤ ᠬᠥᠭ᠌ᠵᠢᠮ᠎ᠦᠨ ᠵᠣᠬᠢᠶᠠᠨ ᠪᠦᠲᠦᠭᠡᠯᠭᠡ ᠪᠠ ᠭᠣᠣᠯ
ᠳᠠᠭᠤᠴᠢᠨᠵᠢᠡᠷ ᠤᠷᠤᠯᠴᠠᠵᠦ᠂ 19 ᠳ᠋ᠤᠭᠡᠷ ᠬᠤᠭᠤᠴᠠᠭᠠᠨ᠎ᠤ ᠮᠤᠨᠲ᠋ᠷᠸᠶᠠᠯᠣᠨ ᠣᠯᠠᠨ ᠤᠯᠤᠰ᠎ᠤᠨ ᠺᠢᠨᠣ᠋᠎ᠶ᠋ᠢᠨ ᠪᠠᠶᠠᠷᠲᠤ
ᠬᠠᠮᠤᠭ ᠱᠢᠯᠢᠳᠡᠭ ᠳᠠᠭᠤᠤ ᠬᠥᠭ᠌ᠵᠢᠮ᠎ᠦᠨ ᠤᠷᠠᠯᠢᠭ᠎ᠤᠨ ᠱᠠᠩᠨᠠᠯ ᠭᠥᠷᠳᠡᠪᠡ᠃ 2001 ᠣᠨ᠎ᠤ 6 ᠰᠠᠷ᠎ᠠ᠎ᠳᠤ ᠂ ᠪᠦᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠦᠷᠦ᠍᠎ᠶ᠋ᠢᠨ
ᠶᠠᠪᠤᠳᠠᠯ᠎ᠤᠨ ᠬᠣᠷᠢᠢ᠎ᠠ᠎ᠠᠴᠠ ᠵᠠᠰᠠᠭ᠎ᠤᠨ ᠣᠷᠳᠣᠨ᠎ᠤ ᠣᠨᠴᠠᠭᠠᠢ ᠨᠥᠬᠥᠪᠥᠷᠢ ᠮᠥᠩᠭᠥ᠎ᠶ᠋ᠢ ᠣᠯᠭᠣᠭ᠍ᠰᠠᠨ
ᠪᠥᠭᠡᠳ ᠦᠨᠡᠮᠯᠡᠯ ᠣᠯᠵᠠᠢ᠃ 2004 ᠣᠨ᠎ᠳᠤ ᠲᠩᠷᠢ《5·1》 ᠬᠥᠳᠡᠯᠮᠦᠷᠢ᠎ᠶ᠋ᠢᠨ
ᠱᠠᠩᠨᠠᠯ᠎ᠤᠨ ᠮᠧᠳᠠᠯ᠎ᠢ ᠬᠦᠷᠲᠡᠪᠠ᠃
ᠳᠦᠯᠦᠬᠡᠯᠡᠬᠦ ᠪᠦᠳᠦᠬᠡᠯ᠄
《ᠳ᠋ᠧᠪᠠᠵᠠᠨ》 《ᠮᠤᠨᠭᠭᠤᠯ ᠬᠦᠮᠦᠨ》 《ᠪᠤᠷᠬᠠᠨ
ᠰᠡᠳᠬᠢᠯ᠎ᠳᠦ ᠡᠵᠢ》 《ᠬᠦᠬᠡ ᠮᠤᠨᠭᠭᠤᠯ ᠨᠤᠳᠤᠭ》 《ᠭᠡᠷ ᠲᠡᠬᠡᠨ ᠬᠠᠷᠢᠭᠰᠠᠨ ᠦᠳᠡᠰᠢ》 ᠁
ᠭᠠᠷᠴᠠᠭ᠄
ᠥᠩᠭᠡᠷᠡᠯᠲᠡ
ᠬᠤᠪᠢ᠎ᠶ᠋ᠢᠨ ᠠᠮᠢᠳᠤᠷᠠᠯ ᠦᠨᠡᠯᠡᠮᠵᠢ
· ᠥᠩᠭᠡᠷᠡᠯᠲᠡ
ᠲᠩᠷᠢ᠂ ᠠᠬ᠎ᠠ ᠳᠡᠭᠦᠦ ᠳᠠᠪᠤᠭᠤᠯᠡ᠃ ᠲᠩᠷᠢ ᠵᠢᠨ ᠠᠪᠤ ᠡᠵᠢ ᠨᠢ
ᠪᠦᠷ ᠬᠣᠭᠣᠯᠠᠶᠰᠠᠢᠳᠠᠢ ᠂ ᠵᠠᠯᠠᠭᠤ᠎ᠳᠠᠭᠠᠨ ᠨᠤᠲᠤᠭ᠎ᠤᠨ ᠵᠢᠡᠨ ᠠᠯᠳᠠᠷᠲᠤ ᠠᠷᠠᠳ᠎ᠤᠨ ᠳᠠᠭᠤᠴᠢᠨ ᠪᠠᠢᠵᠠᠶ᠃
ᠡᠢᠮᠦ᠍ ᠣᠷᠴᠢᠨ᠎ᠳᠤ ᠠᠮᠢᠳᠤᠷᠠᠵᠤ ᠪᠠᠢᠭᠰᠠᠨ ᠡᠴᠡ ᠲᠩᠷᠢ ᠳᠠᠭᠤᠤ ᠪᠥᠵᠢᠭᠲᠦ ᠠᠪᠢᠶᠠᠰ᠎ᠲᠠᠶ ᠂ ᠳᠠᠭᠤᠤ
ᠬᠥᠭ᠌ᠵᠢᠮ᠎ᠦᠨ ᠲᠤᠬᠠᠢ ᠣᠢᠯᠠᠭᠠᠬᠤ ᠴᠢᠳᠠᠪᠤᠷᠢ ᠮᠠᠰᠢ ᠥᠨᠳᠥᠷ ᠬᠦᠮᠦᠵᠢᠪᠡ᠃
1975 ᠣᠨ᠎ᠤ ᠵᠤᠨ᠂ ᠲᠩᠷᠢ ᠥᠪᠥᠷ ᠮᠣᠩᠭᠣᠯ᠎ᠤᠨ ᠤᠷᠠᠯᠢᠭ᠎ᠤᠨ
ᠰᠤᠷᠭᠠᠭᠤᠯᠢ᠎ᠳᠤ ᠱᠢᠯᠭᠠᠭᠠᠳ ᠪᠥᠵᠢᠭ ᠰᠤᠷᠴᠠᠶ᠃
1980 ᠣᠨ᠎ᠳᠤ ᠲᠢᠶᠠᠨᠵᠢᠨ᠎ᠤ ᠳᠠᠭᠤᠤ ᠬᠥᠭ᠌ᠵᠢᠮ᠎ᠦᠨ ᠳᠡᠭᠡᠳᠦ
ᠰᠤᠷᠭᠠᠭᠤᠯᠢ᠎ᠶ᠋ᠢᠨ ᠠᠶ᠎ᠠ ᠵᠣᠬᠢᠶᠠᠬᠤ ᠰᠠᠯᠪᠤᠷᠢ᠎ᠳᠤ ᠱᠢᠯᠭᠠᠭᠤᠯᠪᠠ᠃ ᠲᠩᠷᠢ ᠵᠢᠨ ᠬᠠᠮᠤᠭ᠎ᠤᠨ ᠲᠣᠭᠣᠳᠠᠭ
ᠳᠠᠭᠤᠴᠢᠨ ᠪᠣᠯ ᠳ᠋ᠧᠩ ᠯᠢ ᠵᠢᠶᠦ᠋ᠨ᠂ ᠬᠥᠭ᠌ᠵᠢᠮ ᠰᠤᠷᠬᠤ ᠦᠶᠡᠰ ᠲᠡᠭᠦᠨ᠎ᠦ ᠳᠠᠭᠤᠤ᠎ᠶ᠋ᠢ ᠳᠠᠭᠤᠷᠢᠶᠠᠳᠠᠭ
ᠪᠠᠢᠵᠠᠢ᠃
1986 ᠣᠨ᠎ᠳᠤ ᠳᠣᠷᠣᠨᠠᠳᠠᠬᠢᠨ᠎ᠤ ᠳᠠᠭᠤᠤ ᠪᠥᠵᠢᠭ᠎ᠦᠨ ᠴᠢᠭᠤᠯᠭ᠎ᠠ᠎ᠠᠴᠠ
ᠵᠣᠬᠢᠶᠠᠨ ᠪᠠᠢᠭᠤᠯᠤᠭ᠍ᠰᠠᠨ ᠠᠩᠬᠠᠳᠤᠭᠠᠷ ᠬᠤᠭᠤᠴᠠᠭᠠᠨ᠎ᠤ 《ᠲᠣᠭᠣᠰ ᠬᠤᠨᠳᠠᠭᠠᠲᠤ 》 ᠵᠠᠯᠠᠭᠤ
ᠳᠠᠭᠤᠴᠢᠳ᠎ᠤᠨ ᠤᠷᠤᠯᠳᠤᠭᠠᠨ᠎ᠳᠤ ᠣᠷᠣᠯᠴᠠᠵᠤ ᠂ ᠥᠪᠡᠷ᠎ᠤᠨ ᠵᠣᠬᠢᠶᠠᠭ᠍ᠰᠠᠨ 《 ᠮᠣᠩᠭᠣᠯ ᠬᠥᠮᠦᠨ 》᠎ᠢᠶᠡᠨ ᠳᠠᠭᠤᠯᠠᠭ᠍ᠰᠠᠨ ᠪᠥᠭᠡᠳ ᠲᠦᠷᠦᠭᠦᠦ ᠠᠷᠪᠠᠨ ᠨᠡᠷᠡᠳᠦ ᠣᠷᠣᠭ᠍ᠰᠠᠨ ᠪᠠᠢᠨ᠎ᠠ᠃ ᠲᠤᠰ
ᠵᠢᠯ ᠂ ᠲᠡᠷᠡ ᠨᠢᠩᠱᠢᠶᠠ᠎ᠳᠤ ᠬᠦᠷᠴᠦ᠍ ᠪᠤᠷᠤ ᠮᠠᠲ᠋ᠸᠷᠢᠶᠡᠯ ᠴᠤᠭ᠍ᠯᠠᠭᠤᠯᠬᠤ ᠠᠵᠢᠯ᠎ᠢ ᠪᠦᠬᠦᠯᠢ ᠨᠢᠭᠡ ᠵᠢᠯ
ᠬᠢᠵᠦ᠍᠂ ᠬᠦᠴᠢᠷ ᠪᠡᠷᠬᠡᠱᠢᠶᠡᠯ᠎ᠲᠡᠶ ᠪᠠᠢᠭ᠍ᠰᠠᠨ ᠴᠤ᠌ ᠳᠠᠭᠤᠤ᠎ᠶ᠋ᠢᠨ ᠵᠣᠬᠢᠶᠠᠨ ᠪᠦᠲᠦᠭᠡᠯᠭᠡ᠎ᠳᠡᠭᠡᠨ
ᠶᠡᠬᠡ ᠬᠡᠮᠵᠢᠶᠡᠨ᠎ᠦ ᠳᠤᠷᠰᠢᠯᠭ᠎ᠠ ᠬᠤᠷᠠᠮᠳᠤᠭᠤᠯᠵᠠᠢ᠃
1991 ᠣᠨ᠎ᠳᠤ ᠲᠩᠷᠢ 《ᠠᠪᠤ ᠲᠠᠢ ᠪᠡᠨ》ᠳᠠᠭᠤᠤ ᠶ᠋ᠢ ᠵᠣᠬᠢᠶᠠᠨ ᠪᠦᠲᠦᠭᠡᠵᠦ᠍ ᠂ ᠬᠣᠶᠠᠳᠤᠭᠠᠷ ᠬᠤᠭᠤᠴᠠᠭᠠᠨ᠎ᠤ
ᠠᠽᠢᠶ᠎ᠠ ᠲᠢᠪ᠎ᠦᠨ ᠳᠠᠭᠤᠤ ᠬᠥᠭ᠌ᠵᠢᠮ᠎ᠦᠨ ᠨᠠᠢᠷ ᠳᠡᠭᠡᠷ᠎ᠡ ᠳᠤᠮᠳᠠᠳᠤ ᠤᠯᠤᠰ᠎ᠤᠨ ᠪᠦᠲᠦᠭᠡᠯ᠎ᠦᠨ ᠬᠠᠮᠤᠭ
ᠳᠡᠭᠡᠳᠦ ᠱᠠᠩᠨᠠᠯ᠎ᠢ ᠭᠥᠷᠳᠡᠪᠡ᠃
1992 ᠣᠨ᠎ᠳᠤ ᠂ ᠲᠡᠷᠡ 《ᠭᠠᠨᠭᠭᠠᠩ ᠬᠠᠷ᠎ᠠ》 ᠺᠢᠨᠣ᠋᠎ᠳᠤ
ᠣᠷᠣᠯᠴᠠᠵᠤ ᠂ ᠭᠣᠣᠯ ᠲᠣᠭ᠍ᠯᠠᠭ᠍ᠴᠢ ᠪᠣᠯᠬᠤ᠎ᠶ᠋ᠢᠨ ᠬᠠᠮᠲᠤ᠂ ᠲᠤᠰ ᠺᠢᠨᠣ᠋᠎ᠶ᠋ᠢᠨ ᠪᠦᠬᠦ᠌ ᠳᠠᠭᠤᠤ
ᠬᠥᠭ᠌ᠵᠢᠮ᠎ᠦᠨ ᠵᠣᠬᠢᠶᠠᠨ ᠪᠦᠲᠦᠭᠡᠯᠭᠡ ᠪᠠ ᠭᠣᠣᠯ ᠳᠠᠭᠤᠴᠢᠨ ᠪᠣᠯᠤᠭ᠍ᠰᠠᠨ ᠵᠢᠡᠷ 19 ᠳ᠋ᠤᠭᠡᠷ ᠬᠤᠭᠤᠴᠠᠭᠠᠨ᠎ᠤ ᠮᠤᠨᠲ᠋ᠷᠸᠶᠠᠯᠣᠨ ᠤᠯᠠᠨ ᠤᠯᠤᠰ᠎ᠤᠨ
ᠺᠢᠨᠣ᠋᠎ᠶ᠋ᠢᠨ ᠪᠠᠶᠠᠷ ᠳᠡᠭᠡᠷ᠎ᠡ ᠬᠠᠮᠤᠭ ᠱᠢᠯᠢᠳᠡᠭ ᠳᠠᠭᠤᠤ ᠬᠥᠭ᠌ᠵᠢᠮ᠎ᠦᠨ ᠱᠠᠩᠨᠠᠯ ᠭᠥᠷᠳᠡᠪᠡ᠃
1993 ᠣᠨ᠎ᠤ 3 ᠰᠠᠷ᠎ᠠ᠎ᠳᠤ ᠲᠩᠷᠢ ᠴᠣᠭ ᠵᠢᠪᠬᠤᠭ᠎ᠠ ᠲᠡᠭᠦᠯᠳᠡᠷ᠂ ᠵᠣᠷᠢᠯᠲᠠ ᠨᠢᠭᠡᠲᠡᠶ ᠲᠠᠪᠤᠨ
ᠨᠠᠢᠵᠠᠲᠠᠶᠪᠠᠨ 《ᠪᠥᠷᠲᠡ ᠴᠢᠨᠣ᠎ᠠ
ᠬᠠᠮᠳᠤᠯᠢᠭ》ᠵᠢᠡᠨ ᠪᠠᠢᠭᠤᠯᠪᠠ᠃
2000 ᠣᠨ᠎ᠳᠤ᠂ ᠬᠠᠩᠵᠧᠦ᠍ᠳᠦ ᠶᠠᠪᠤᠭ᠍ᠳᠠᠭ᠍ᠰᠠᠨ ᠳᠤᠮᠳᠠᠳᠤ ᠤᠯᠤᠰ᠎ᠤᠨ
ᠤᠷᠠᠯᠢᠭ᠎ᠤᠨ ᠨᠠᠢᠷ ᠵᠢᠡᠷ ᠳᠡᠬᠦᠨ᠎ᠤ ᠵᠤᠬᠢᠶᠠᠭᠰᠠᠨ《ᠳ᠋ᠧᠪᠠᠵᠠᠨ》᠎ᠨᠢ ᠬᠠᠮᠤᠭ᠎ᠤᠨ
ᠱᠢᠯᠢᠳᠡᠭ ᠳᠠᠭᠤᠤ᠂ ᠬᠠᠮᠤᠭ᠎ᠤᠨ ᠱᠢᠯᠢᠳᠡᠭ ᠳᠠᠭᠤᠴᠢᠨᠤ ᠱᠠᠩᠨᠠᠯ ᠬᠦᠷᠲᠡᠪᠡ᠃
2002 ᠣᠨ᠎ᠤ 8 ᠰᠠᠷ᠎ᠠ᠎ᠳᠤ᠂ ᠲᠡᠷᠡ ᠥᠪᠡᠷ᠎ᠦᠨ ᠨᠤᠲᠤᠭ᠎ᠲᠤ᠎ᠪᠠᠨ ᠤᠷᠡᠨ ᠪᠦᠳᠦᠬᠡᠯ᠎ᠤᠨ ᠵᠢᠡᠨ
ᠦᠳᠡᠱᠢᠯᠡᠭᠡ᠎ᠶ᠋ᠢ ᠡᠷᠭᠢᠯᠡᠵᠦ᠍᠂ ᠲᠤᠰ ᠵᠢᠯ᠎ᠦᠨ 9 ᠰᠠᠷ᠎ᠠ᠎ᠳᠤ᠂ ᠬᠤᠪᠸᠢ ᠮᠤᠵᠢ᠎ᠳᠤ ᠵᠠᠯᠭᠠᠭ᠎ᠠ᠎ᠪᠠᠷ ᠲᠤᠯᠤᠭᠠᠨ ᠲᠠᠯᠠᠪᠤᠷ ᠳᠤᠭᠯᠠᠯᠳᠠ ᠶ᠋ᠢ ᠠᠮᠵᠢᠯᠲᠠ᠎ᠲᠠᠶ ᠡᠷᠭᠢᠯᠡᠪᠡ᠃
2018 ᠣᠨ᠎ᠳᠤ᠂《ᠳᠠᠭᠤᠴᠢᠨ· 2018》᠎ᠳ᠋ᠤ ᠣᠷᠣᠯᠴᠠᠭ᠍ᠰᠠᠨ ᠪᠥᠭᠡᠳ ᠶᠡᠷᠦᠩᠬᠡᠢ ᠱᠢᠢᠳᠪᠦᠷᠢᠲᠦ ᠤᠷᠤᠯᠳᠤᠭᠠᠨ᠎ᠳᠤ
ᠳᠥᠷᠪᠡᠳᠦᠭᠡᠷ᠎ᠲᠦ ᠣᠷᠣᠪᠠ᠃
·ᠬᠤᠪᠢ᠎ᠶ᠋ᠢᠨ ᠠᠮᠢᠳᠤᠷᠠᠯ
1987 ᠣᠨ᠎ᠳᠤ ᠲᠩᠷᠢ ᠪᠤᠯᠤᠨ ᠬᠠᠰᠭ᠋ᠤᠸᠠ ᠬᠣᠶᠠᠷ ᠥᠪᠥᠷ ᠮᠣᠩᠭᠣᠯ᠎ᠤᠨ
ᠨᠢᠭᠡᠨ ᠲᠣᠮᠣᠬᠠᠨ ᠤᠷᠠᠨ ᠰᠠᠢᠬᠠᠨ᠎ᠤ ᠲᠣᠭ᠍ᠯᠠᠯᠲᠠ᠎ᠳᠤ ᠲᠠᠨᠢᠯᠴᠠᠵᠤ ᠶᠠᠪᠤᠯᠴᠠᠵᠦ ᠡᠬᠢᠯᠡᠵᠡᠶ᠃
1988 ᠣᠨ᠎ᠳᠤ ᠬᠠᠰᠭ᠋ᠤᠸᠠ ᠲᠩᠷᠢ ᠬᠤᠷᠢᠮ᠎ᠤᠨ ᠶᠤᠰᠤᠯᠡᠯ᠎ᠢᠶᠠᠨ
ᠪᠡᠭᠡᠵᠢᠩ᠎ᠳᠦ ᠰᠣᠩᠭᠣᠵᠤ᠂ ᠲᠥᠪ᠎ᠦᠨ ᠦᠨᠳᠦᠰᠦᠲᠡᠨ᠎ᠦ ᠳᠠᠭᠤᠤ ᠪᠥᠵᠢᠭ᠎ᠦᠨ ᠪᠦᠯᠬᠦᠮ᠎ᠦᠨ ᠬᠢᠨ ᠲᠩᠷᠢ᠎ᠳᠤ ᠭᠡᠷ
ᠬᠤᠪᠢᠶᠠᠵᠤ ᠥᠭ᠌ᠴᠡᠶ᠃
1995 ᠣᠨ᠎ᠤ ᠡᠬᠢ᠎ᠪᠡᠷ ᠬᠠᠰᠭ᠋ᠤᠸᠠ ᠲᠩᠷᠢ᠎ᠲᠡᠶ ᠤᠷᠤᠭ ᠰᠠᠯᠬᠤ ᠭᠠᠷ
ᠭᠦᠢᠴᠡᠳᠭᠡᠯ ᠬᠢᠪᠡ᠃
1997 ᠣᠨ᠎ᠳᠤ᠂ ᠳᠡᠭᠷᠢ ᠠᠯᠠᠱᠠ ᠠᠢᠮᠠᠭ᠎ᠤᠨ ᠳᠠᠭᠤᠤ ᠪᠥᠵᠢᠭ᠎ᠦᠨ
ᠪᠦᠯᠬᠦᠮ᠎ᠳᠦ ᠪᠥᠵᠢᠭ᠌ᠴᠢᠨ ᠪᠠᠢᠭᠰᠠᠨ ᠬᠣᠩᠭᠣᠷᠵᠤᠯᠠ᠎ᠲᠠᠶ ᠲᠠᠨᠢᠯᠴᠠᠵᠤ᠂ 2003 ᠤᠨ᠎ᠤ ᠴᠠᠭᠠᠨ ᠰᠠᠷ᠎ᠠ᠎ᠳᠤ ᠬᠤᠷᠢᠮᠯᠠᠪᠠ᠃
·ᠦᠨᠡᠯᠡᠮᠵᠢ
ᠲᠩᠷᠢ ᠵᠢᠨ ᠳᠠᠭᠤᠯᠠᠬᠤ
ᠨᠢ ᠬᠦᠨᠭᠬᠢᠨᠡᠮᠠ᠂ ᠢᠳᠡᠷᠡᠭᠦᠨ ᠬᠦᠴᠦᠲᠡᠢ ᠂ ᠳᠣᠲᠣᠭᠠᠳᠤ ᠰᠡᠳᠭᠢᠯ ᠨᠢ ᠲᠥᠪ ᠶᠡᠬᠡᠮᠰᠦᠭ ᠂
ᠤᠶᠠᠷᠠᠭᠤᠨ ᠵᠢᠪᠬᠤᠯᠠᠩᠲᠠᠢ᠂ ᠥᠪᠡᠷᠮᠢᠴᠡ ᠬᠡᠪ ᠨᠠᠮᠪᠠ᠎ᠲᠠᠶ᠃ ᠲᠡᠷᠡᠪᠡᠷ ᠴᠢᠯᠥᠭᠡᠲᠦ ᠳᠠᠭᠤᠤ᠎ᠶ᠋ᠢ
ᠵᠣᠬᠢᠶᠠᠨ ᠪᠦᠲᠦᠭᠡᠬᠦ᠌ ᠪᠠ ᠳᠠᠭᠤᠯᠠᠬᠤ᠎ᠳᠠᠭᠠᠨ ᠭᠠᠳᠠᠭᠠᠳᠤ ᠤᠯᠤᠰ ᠪᠤᠶᠤ ᠱᠢᠶᠠᠩᠭᠠᠩ᠂ ᠲᠠᠢᠸᠠᠨ᠎ᠤ
ᠡᠰᠲ᠋ᠷᠠᠳ᠋ ᠳᠠᠭᠤᠤ᠎ᠶ᠋ᠢ ᠳᠥᠭᠥᠮᠬᠡᠨ᠎ᠢᠶᠡᠷ ᠳᠠᠭᠤᠷᠢᠶᠠᠳᠠᠭ ᠬᠢᠷᠢᠨ᠎ᠠ ᠲᠡᠷᠡ ᠬᠡᠪ᠎ᠢᠶᠡᠷ ᠨᠢ ᠨᠡᠭᠦᠯᠭᠡᠨ
ᠬᠡᠷᠡᠭ᠌ᠯᠡᠳᠡᠭ ᠪᠢᠰᠢ᠂ ᠬᠠᠷᠢᠨ ᠦᠨᠳᠦᠰᠦᠲᠡᠨ᠎ᠦ ᠠᠷᠠᠳ᠎ᠤᠨ ᠳᠠᠭᠤᠤ ᠬᠥᠭ᠌ᠵᠢᠮ᠎ᠡᠴᠡ ᠱᠢᠮ᠎ᠡ ᠲᠡᠵᠢᠭᠡᠯ
ᠭᠥᠷᠳᠡᠵᠦ᠍᠂ ᠮᠣᠩᠭᠣᠯ ᠬᠡᠪ ᠨᠠᠮᠪᠠ᠎ᠲᠠᠶ ᠴᠢᠯᠥᠭᠡᠲᠦ ᠳᠠᠭᠤᠤ᠎ᠶ᠋ᠢ ᠲᠠᠰᠤᠷᠠᠯᠲᠠ ᠥᠬᠡᠶ ᠵᠣᠬᠢᠶᠠᠨ
ᠭᠠᠷᠭᠠᠳᠠᠭ ᠪᠥᠭᠡᠳ ᠬᠥᠭ ᠠᠶᠠᠰ ᠨᠢ ᠡᠷᠬᠢᠮᠰᠦᠭ ᠠᠵᠢ [1]᠃
ᠳᠤᠮᠳᠠᠳᠤ ᠤᠯᠤᠰ᠎ᠤᠨ ᠨᠢᠭᠡᠳᠦᠭᠡᠷ ᠦᠶ᠎ᠡ᠎ᠶ᠋ᠢᠨ ᠳᠠᠭᠤᠤ ᠬᠥᠭ᠌ᠵᠢᠮ ᠵᠣᠬᠢᠶᠠᠨ
ᠪᠦᠲᠦᠭᠡᠭ᠌ᠴᠢ ᠪᠣᠯᠤᠭ᠍ᠰᠠᠨ᠎ᠤ ᠬᠤᠪᠢ᠎ᠳᠤ᠂ ᠲᠩᠷᠢ 30 ᠱᠢᠬᠠᠮ ᠵᠢᠯ᠎ᠦᠨ ᠳᠠᠭᠤᠤ ᠬᠥᠭ᠌ᠵᠢᠮ᠎ᠦᠨ ᠠᠮᠢᠳᠤᠷᠠᠯ ᠳᠤᠮᠳᠠ᠎ᠪᠠᠨ ᠱᠢᠨ᠎ᠡ ᠬᠡᠷᠡᠭ
ᠪᠣᠳᠠᠰ᠎ᠢ ᠲᠤᠷᠱᠢᠬᠤ ᠳᠤᠷᠠᠲᠠᠶ᠂ ᠤᠷᠠᠨ ᠪᠦᠲᠦᠭᠡᠯ᠎ᠦᠨ ᠬᠡᠪ ᠨᠠᠮᠪᠠ ᠨᠢ ᠬᠤᠪᠢᠷᠠᠯᠲᠠ ᠶᠡᠬᠡᠲᠡᠶ᠂ ᠲᠠᠯ᠎ᠠ
ᠨᠤᠲᠤᠭ᠎ᠢ ᠰᠤᠨᠳᠠᠯᠠᠭ᠍ᠰᠠᠨ ᠳᠠᠭᠤᠤ ᠬᠥᠭ᠌ᠵᠢᠮ᠂ ᠺᠢᠨᠣ᠋ ᠲᠧᠯᠸᠢᠰ᠎ᠦᠨ ᠳᠠᠭᠠᠯᠲᠠ ᠬᠥᠭ᠌ᠵᠢᠮ᠂ ᠷᠤᠺ
ᠬᠥᠭ᠌ᠵᠢᠮ ᠵᠡᠷᠭᠡ ᠣᠯᠠᠨ ᠬᠦᠷᠢᠶᠡᠨ᠎ᠳᠦ ᠥᠪᠡᠷᠮᠢᠴᠡ ᠣᠨᠴᠠᠯᠢᠭ ᠵᠢᠡᠨ ᠪᠠᠳᠠᠷᠠᠭᠤᠯᠤᠭᠰᠠᠭᠠᠷ ᠪᠠᠢᠭ᠎ᠠ ᠶᠤᠮ [2]᠃
·ᠯᠠᠪᠯᠠᠬᠰᠠᠨ ᠮᠠᠲ᠋ᠸᠷᠢᠶᠠᠯ
[1]ᠳᠤᠮᠳᠠᠳᠤ ᠤᠯᠤᠰ᠎ᠤᠨ ᠡᠷᠲᠡᠨ᠎ᠦ ᠳᠠᠭᠤᠤ᠎ᠶ᠋ᠢᠨ ᠰᠦᠯᠵᠢᠶ᠎ᠡ
[2] ᠪᠥᠮᠪᠥᠷᠴᠡᠭᠰᠦᠯᠵᠢᠶᠡᠨᠱᠢᠭᠦᠮᠵᠢ