9 ᠰᠠᠷ᠎ᠠ᠎ᠶ᠋ᠢᠨ 24 ᠤ ᠦᠳᠡᠰᠢ 《ᠱᠢᠨ᠎ᠠ ᠴᠠᠭ ᠦᠶ᠎ᠡ᠎ᠪᠠᠨ ᠮᠠᠭ᠍ᠳᠠᠨ ᠳᠠᠭᠤᠯᠠᠶ᠎ᠠ — ᠦᠪᠦᠷ ᠮᠤᠩᠭᠤᠯ᠎ᠤᠨ ᠵᠤᠬᠢᠶᠠᠯ᠎ᠤᠨ ᠳᠠᠭᠤᠤ᠎ᠶ᠋ᠢᠨ ᠦᠳᠡᠱᠢᠯᠡᠭᠡ》 ᠬᠦᠬᠡᠬᠤᠳᠠ᠎ᠳᠤ ᠨᠢᠵᠢᠬᠢᠷ ᠶᠠᠪᠤᠭ᠍ᠳᠠᠪᠠ᠃
ᠦᠪᠦᠷ ᠮᠤᠩᠭᠤᠯ᠎ᠤᠨ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ ᠭᠤᠤᠯᠯᠠᠨ ᠡᠷᠬᠢᠯᠡᠵᠦ᠍᠂ ᠦᠪᠦᠷ ᠮᠤᠩᠭᠤᠯ᠎ᠤᠨ ᠷᠠᠳᠢᠣ᠋ ᠲᠧᠯᠸᠢᠰ ᠬᠤᠷᠢᠶ᠎ᠠ᠂ ᠦᠪᠦᠷ ᠮᠤᠩᠭᠤᠯ᠎ᠤᠨ ᠳᠠᠭᠤᠤ ᠬᠦᠭ᠌ᠵᠢᠮᠴᠢᠳᠤᠨ ᠨᠡᠢᠭᠡᠮᠯᠢᠭ ᠳᠠᠭᠠᠭᠠᠴᠢᠯᠠᠨ ᠡᠷᠬᠢᠯᠡᠭ᠌ᠰᠡᠨ ᠡᠨᠡ ᠬᠦ᠌ ᠲᠤᠭ᠍ᠯᠠᠯᠳᠠ᠎ᠳᠤ ᠮᠠᠨ᠎ᠤ ᠤᠷᠤᠨ᠎ᠤ ᠤᠳᠭ᠎ᠠ ᠤᠷᠠᠯᠢᠭ᠍ᠴᠢᠳ᠎ᠤᠨ ᠤᠷᠴᠢᠮ᠎ᠤᠨ ᠬᠡᠳᠦᠨ ᠵᠢᠯ᠎ᠳᠠᠬᠢ ᠠᠮᠢᠳᠤᠷᠠᠯ᠎ᠳᠤ ᠬᠦᠨᠵᠡᠭᠡᠢᠷᠡᠨ ᠠᠷᠠᠳ ᠲᠦᠮᠡᠨ᠎ᠤ ᠲᠤᠮᠳᠠ ᠬᠦᠨᠵᠡᠭᠡᠢᠷᠡᠵᠤ ᠵᠤᠬᠢᠶᠠᠨ ᠪᠦᠳᠦᠬᠡᠭ᠌ᠰᠡᠨ 《ᠲᠤᠮᠳᠠᠳᠦ ᠤᠯᠤᠰ᠎ᠤᠨ ᠡᠪ ᠬᠠᠮᠳᠦ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠠᠶᠠᠷᠯᠡᠨ ᠪᠡᠯᠬᠡᠯᠡᠬᠦ᠌》᠂ 《ᠴᠢᠨᠡᠭᠡᠯᠢᠭ ᠨᠡᠢᠭᠡᠮ᠎ᠢ ᠪᠦᠬᠦ᠌ ᠳᠠᠯ᠎ᠠ᠎ᠪᠠᠷ ᠪᠡᠶᠡᠯᠡᠬᠦᠯᠬᠦ᠌》᠂ 《ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠬᠤ ᠪᠤᠬᠢᠷᠳᠤᠯ ᠦᠬᠡᠢ ᠬᠦᠭ᠌ᠵᠢᠬᠦᠯᠬᠦ᠌》᠂ 《ᠬᠦᠳᠡᠭᠡ ᠲᠤᠰᠭᠤᠨ᠎ᠢ ᠬᠦᠭ᠌ᠵᠢᠬᠦᠯᠦᠨ ᠮᠠᠨᠳᠤᠭᠤᠯᠬᠤ》 ᠵᠡᠷᠭᠡ ᠭᠤᠤᠯ ᠰᠡᠳᠦᠪᠳᠦ ᠪᠦᠳᠦᠬᠡᠯᠤᠳᠢ ᠠᠭᠤᠳᠠᠯᠤᠨ ᠬᠠᠷᠠᠭᠤᠯᠬᠤ᠎ᠶ᠋ᠢ ᠵᠤᠷᠢᠵᠦ᠍᠂ ᠤᠷᠠᠨ ᠭᠤᠴᠤ᠌ ᠲᠤᠭ᠍ᠯᠠᠯᠳᠠ᠎ᠶ᠋ᠢ ᠲᠡᠭ᠌ᠷᠢ ᠰᠦᠯᠵᠢᠶ᠎ᠡ᠂ ᠱᠢᠨᠬᠤᠧᠠ ᠰᠦᠯᠵᠢᠶ᠎ᠡ᠂ ᠠᠷᠠᠳ᠎ᠤᠨ ᠰᠦᠯᠵᠢᠶ᠎ᠡ᠂ ᠲᠦᠪ ᠲᠧᠯᠸᠢᠰ ᠰᠦᠯᠵᠢᠶ᠎ᠡ᠂ ᠱᠢᠨ ᠯᠠᠩ ᠪᠦᠷᠭᠡ᠂ ᠲᠧᠩ ᠱᠢᠶᠦ᠋ᠨ ᠸᠢᠳᠢᠣ᠋᠂ ᠴᠤᠤᠷᠢᠶ᠎ᠠ ᠵᠡᠷᠭᠡ ᠲᠠᠪᠴᠠᠩ᠎ᠢᠶᠠᠷ ᠱᠢᠭᠤᠳ ᠨᠡᠪᠳᠡᠷᠡᠬᠦᠯᠭᠡ ᠬᠢᠵᠦ᠍᠂ ᠪᠦᠬᠦ᠌ ᠤᠯᠤᠰ᠎ᠤᠨ ᠠᠷᠠᠳ ᠲᠦᠮᠡᠨ᠎ᠳᠤ ᠳᠠᠯ᠎ᠠ ᠨᠤᠲᠤᠭ᠎ᠤᠨ ᠳᠠᠭᠤᠤ ᠤᠷᠠᠯᠢᠭ᠎ᠤᠨ ᠷᠢᠳᠢ ᠱᠢᠳᠢ᠎ᠶ᠋ᠢ ᠮᠡᠳᠡᠷᠡᠬᠦᠯᠵᠡᠢ᠃
ᠦᠳᠡᠱᠢᠯᠡᠭᠡ᠎ᠳᠤ ᠮᠠᠨ᠎ᠤ ᠤᠷᠤᠨ᠎ᠤ ᠵᠠᠯᠠᠭᠤ ᠰᠤᠳᠤᠨ ᠳᠠᠭᠤᠴᠢᠳ 《ᠦᠩᠬᠡ᠎ᠶ᠋ᠢᠨ ᠴᠡᠴᠡᠭ ᠮᠢᠷᠠᠯᠵᠠᠭ᠍ᠰᠠᠨ ᠰᠠᠷᠠᠭᠤᠯ ᠳᠠᠯ᠎ᠠ》᠂ 《ᠦᠨᠢ ᠮᠦᠩᠬᠡ᠎ᠶ᠋ᠢᠨ ᠠᠷᠠᠳ᠎ᠤᠨ ᠳᠠᠭᠤᠤ》᠂ 《ᠲᠡᠮᠡᠴᠡᠯ》᠂ 《ᠬᠦᠰᠡᠯ ᠨᠠᠢᠳᠠᠯᠭ᠎ᠠ》᠂ 《ᠠᠯᠤᠰ ᠢᠷᠡᠭᠡᠳᠦᠢ》᠂ 《ᠴᠡᠩᠬᠡᠷ ᠴᠠᠭᠠᠨ ᠡᠬᠦᠯᠡ》 ᠵᠡᠷᠭᠡ ᠵᠤᠬᠢᠶᠠᠯ᠎ᠤᠨ ᠳᠠᠭᠤᠤ᠎ᠪᠠᠷ᠎ᠢᠶᠠᠨ ᠡᠪ ᠬᠠᠮᠳᠦ ᠨᠠᠮ᠎ᠤᠨ ᠠᠴᠢ ᠭᠠᠪᠢᠶ᠎ᠠ᠂ ᠠᠷᠠᠳ ᠲᠦᠮᠡᠨ᠎ᠤ ᠵᠤᠯ ᠵᠢᠷᠭᠠᠯᠳᠦ ᠠᠮᠢᠳᠤᠷᠠᠯ᠂ ᠦᠭᠡᠳᠡᠷᠬᠡᠭ ᠰᠡᠳᠭᠢᠯ ᠦᠨᠡᠨᠴᠢ ᠵᠢᠳᠬᠦᠯ ᠪᠤᠯᠤᠨ ᠦᠵᠡᠮᠵᠢ ᠪᠦᠷᠢᠳᠦᠭ᠌ᠰᠡᠨ ᠦᠪᠦᠷ ᠮᠤᠩᠭᠤᠯ᠎ᠤᠨ ᠳᠠᠯ᠎ᠠ ᠨᠤᠲᠤᠭ᠎ᠤᠨ ᠦᠩᠬᠡ ᠦᠵᠡᠮᠵᠢ᠎ᠶ᠋ᠢ ᠮᠠᠭ᠍ᠳᠠᠨ ᠳᠠᠭᠤᠯᠠᠭ᠍ᠰᠠᠨ ᠪᠠᠢᠨ᠎ᠠ᠃
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号