ᠪᠦᠪᠡᠢ ᠵᠠᠷᠠᠭ᠎ᠠ
2021-11-17 16:21:56
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠦᠨᠦᠳᠦᠷ ᠶᠢᠰᠦᠨᠬᠠᠢ ᠠᠪᠤ ᠡᠵᠢ ᠲᠠᠢ ᠪᠠᠨ ᠠᠭᠤᠯᠠᠨ᠎ᠳᠤ ᠭᠠᠷᠴᠡᠢ᠃

ᠶᠢᠰᠦᠨᠬᠠᠢ᠄ ᠡᠵᠢ ᠡ᠂ ᠮᠢᠨᠤ ᠬᠠᠨᠴᠤᠢ᠎ᠳᠤ ᠪᠦᠪᠡᠢ ᠵᠠᠷᠠᠭ᠎ᠠ ᠤᠷᠤᠴᠢᠬᠠᠭ᠍ᠰᠠᠨ᠃

ᠡᠵᠢ᠄ ᠬᠠᠮᠢᠭ᠎ᠠ ᠪᠠᠢ᠌ᠨ᠎ᠠ? ᠡᠵᠢ ᠨᠢ ᠦᠵᠡᠶ᠎ᠠ ᠭᠡᠳ ᠬᠠᠨᠴᠤᠢ ᠵᠢ ᠨᠢ ᠡᠷᠬᠢᠬᠦᠯᠵᠦ᠍ ᠤᠷᠪᠠᠭᠤᠯᠤᠭᠠᠳ ᠶᠠᠭᠤ ᠴᠤ᠌ ᠤᠯᠤᠭ᠍ᠰᠠᠨ ᠦᠬᠡᠢ᠃

ᠶᠢᠰᠦᠨᠬᠠᠢ᠄ ᠡᠵᠢ ᠡ᠂ ᠨᠠᠳᠠ ᠵᠢ ᠪᠦᠪᠡᠢ ᠵᠠᠷᠠᠭ᠎ᠠ ᠬᠠᠳᠭᠤᠭᠠᠳ ᠪᠠᠢ᠌ᠨ᠎ᠠ᠃ ᠲᠠ ᠪᠠᠰᠠ ᠤᠯᠤᠭ᠍ᠰᠠᠨ ᠦᠬᠡᠢ ᠶᠤᠮ ᠤᠤ?

ᠡᠵᠢ ᠨᠢ ᠪᠠᠰᠠ ᠯᠡ ᠡᠷᠢᠵᠦ᠍ ᠤᠯᠤᠭ᠍ᠰᠠᠨ ᠦᠬᠡᠢ᠃

ᠤᠷᠤᠢ ᠭᠡᠷ᠎ᠲᠤ ᠪᠠᠨ ᠬᠠᠷᠢᠭᠠᠳ ᠨᠦᠬᠦᠬᠡ ᠪᠦᠪᠡᠢ ᠵᠠᠷᠠᠭ᠎ᠠ ᠵᠢ ᠨᠢ ᠤᠯᠤᠭᠠᠳ ᠠᠪᠴᠠᠢ᠂ ᠲᠡᠷᠡ ᠨᠢ ᠵᠠᠩᠭᠤᠤ ᠪᠠᠢ᠌ᠵᠡᠢ᠃

               (《 ᠶᠢᠰᠦᠨᠬᠠᠢ᠎ᠶ᠋ᠢᠨ ᠶᠠᠷᠢᠶ᠎ᠠ》 ᠡᠴᠡ ᠨᠠᠢ᠌ᠷᠠᠭᠤᠯᠤᠨ ᠠᠪᠤᠪᠠ)


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠦᠪᠦᠷ ᠮᠤᠩᠭᠤᠯ᠎ᠤᠨ ᠪᠠᠭᠠᠴᠥᠳ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号