ᠵᠠᠮ ᠵᠠᠭᠤᠷ᠎ᠠ
2021-11-19 15:12:05
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠷᠳᠤᠰ ᠬᠤᠳᠠ᠎ᠶ᠋ᠢᠨ ᠮᠤᠩᠭᠤᠯ ᠦᠨᠳᠦᠰᠦᠳᠡᠨ᠎ᠦ ᠰᠤᠷᠭᠠᠭᠤᠯᠢ᠎ᠶ᠋ᠢᠨ 4.3 ᠠᠩᠬᠢ  ᠰᠦᠯᠳᠡ

ᠠᠷᠪᠠᠨ ᠰᠠᠷ᠎ᠠ᠎ᠶ᠋ᠢᠨ ᠠᠯᠳᠠᠨ ᠭᠠᠷᠠᠭ᠎ᠤᠨ ᠠᠮᠠᠷᠠᠯᠳᠠ ᠪᠤᠯᠬᠤ ᠪᠠᠷ ᠪᠢᠳᠠ ᠠᠯᠤᠰ ᠬᠤᠯᠠ ᠪᠠᠢᠭ᠎ᠠ ᠱᠢᠯᠢ᠎ᠶ᠋ᠢᠨ ᠭᠣᠣᠯ᠎ᠤᠨ ᠠᠪᠠᠭ᠎ᠠ ᠨᠤᠳᠤᠭ᠎ᠲᠤ᠎ᠪᠠᠨ ᠬᠠᠷᠢᠬᠤ᠎ᠪᠡᠷ ᠪᠣᠯᠵᠠᠢ᠃

ᠨᠠᠮᠤᠷ᠎ᠤᠨ ᠥᠷᠯᠦᠭᠡ ᠣᠨᠴᠠ᠎ᠶ᠋ᠢᠨ ᠲᠠᠭᠠᠲᠠᠢ ᠪᠠᠢ᠌ᠯ᠎ᠠ᠃ ᠪᠢᠳᠠ ᠮᠠᠨᠳᠤᠬᠤ ᠨᠠᠷᠠᠨ᠎ᠲᠡᠢ ᠤᠷᠤᠯᠳᠤᠨ ᠬᠢᠶ᠎ᠡ ᠪᠠᠭ᠍ᠰᠢ ᠲᠣᠭᠤᠷᠢᠭ᠎ᠡᠴᠡ ᠭᠠᠷᠤᠯ᠎ᠠ᠃ ᠠᠪᠤ᠄《ᠠᠪᠠᠭ᠎ᠠ ᠬᠣᠱᠢᠭᠤ ᠬᠦᠷᠳᠡᠯ᠎ᠡ ᠪᠢᠳᠡ ᠳ᠋ᠦᠩᠱᠧᠩ ᠲᠤᠭᠤᠷᠢᠭ᠂ ᠲᠠᠷᠬᠠᠨ ᠮᠤᠤᠮᠢᠩᠭᠠᠨ ᠬᠤᠯᠪᠤᠭᠠᠳᠤ ᠬᠣᠱᠢᠭᠤ᠂ ᠪᠤᠭᠤᠲᠤ ᠬᠤᠳᠠ᠂ ᠬᠦᠬᠡᠬᠤᠳᠠ᠂ ᠲᠦᠷᠪᠡᠳ ᠬᠣᠱᠢᠭᠤ᠂ ᠰᠥᠨᠢᠳ ᠪᠠᠷᠠᠭᠤᠨ ᠬᠣᠱᠢᠭᠤ᠂ ᠰᠥᠨᠢᠳ ᠵᠡᠭᠦᠨ ᠬᠣᠱᠢᠭᠤ ᠵᠡᠷᠭᠡ ᠤᠯᠠᠨ ᠭᠠᠵᠠᠷ ᠎ᠢᠶᠠᠷ ᠦᠩᠭᠡᠷᠡᠨ᠎ᠡ》ᠭᠡᠯ᠎ᠡ᠃ ᠡᠬᠦᠨ᠎ᠢ ᠰᠣᠨᠤᠰᠤᠭᠠᠳ ᠪᠢ ᠶᠡᠭᠡ ᠪᠠᠶᠠᠷᠯᠠᠨ ᠵᠠᠮ᠎ᠤᠨ ᠬᠠᠵᠠᠭᠤ᠎ᠶ᠋ᠢᠨ ᠥᠩᠭᠡ ᠦᠵᠡᠮᠵᠢ᠎ᠶ᠋ᠢ ᠰᠤᠨᠢᠷᠬᠠᠵᠦ᠍ ᠶᠠᠪᠤᠯ᠎ᠠ᠃

ᠬᠢᠶ᠎ᠡ ᠪᠠᠭ᠍ᠰᠢ ᠲᠣᠭᠤᠷᠢᠭ᠎ᠤᠨ ᠠᠭᠤᠷ ᠠᠮᠢᠰᠭᠤᠯ ᠲᠤᠯᠠᠭᠠᠬᠠᠨ᠂ ᠴᠡᠴᠡᠭ ᠬᠤᠸᠠᠷ ᠰᠤᠯᠤᠩᠭᠠᠷᠠᠨ ᠲᠡᠯᠭᠡᠷᠡᠵᠤ ᠪᠠᠢᠬᠤ᠎ᠳᠤ᠂ ᠳ᠋ᠦᠩᠱᠧᠩ ᠲᠤᠭᠤᠷᠢᠭ᠎ᠤᠨ ᠵᠠᠮ᠎ᠢᠶᠡᠷ ᠲᠡᠷᠭᠡ ᠬᠦᠰᠭᠡ ᠠᠷᠤ ᠠᠷᠤ᠎ᠡᠴᠡ ᠪᠠᠨ ᠴᠦᠷᠬᠡᠯᠡᠯᠳᠤᠨ ᠪᠠᠶᠠᠷ᠎ᠤᠨ ᠡᠳᠤᠷ ᠪᠣᠯᠤᠭ᠍ᠰᠠᠨ᠎ᠢ ᠮᠡᠳᠡᠭᠡᠯᠡᠨ᠎ᠡ᠃ ᠨᠠᠭᠠᠴᠤ᠌ ᠠᠪᠤ ᠨᠠᠭᠠᠴᠤ᠌ ᠡᠵᠢ ᠎ᠮᠢᠨᠢ ᠬᠠᠭᠤᠴᠢ ᠲᠡᠯᠭᠡᠵᠤ ᠬᠦᠬᠡᠷᠡᠯᠳᠤᠨ᠎ᠠ᠃ ᠨᠢᠭᠡ ᠮᠡᠳᠡᠬᠦ᠌᠎ᠳᠦ᠂ ᠳᠠᠷᠬᠠᠨ ᠮᠤᠤᠮᠢᠩᠭᠠᠨ᠎ᠢᠶᠡᠷ ᠥᠩᠭᠡᠷᠡᠯ᠎ᠡ᠃ ᠣᠭ᠍ᠲᠠᠷᠭᠤᠢ ᠤᠨᠢᠶᠠᠷᠳᠤᠵᠤ ᠪᠠᠢᠯ᠎ᠠ᠃ ᠡᠨᠡ ᠤᠢᠷ᠎ᠠ ᠬᠠᠪᠢ᠎ᠪᠡᠷ ᠤᠯᠠᠨ ᠤᠢᠯᠡᠳᠪᠤᠷᠢ ᠪᠠᠢᠭ᠎ᠠ ᠭᠡᠨ᠎ᠡ᠃ ᠲᠡᠮᠡᠢ ᠤᠳᠠᠯ ᠦᠭᠡᠢ ᠬᠠᠳᠤᠨ ᠭᠣᠣᠯ᠎ᠤᠨ ᠬᠥᠭᠦᠷᠭᠡ᠎ᠪᠡᠷ ᠥᠩᠭᠡᠷᠡᠬᠦ᠌᠎ᠳᠤ ᠤᠰᠤ ᠨᠢ ᠤᠷᠢᠳᠤ ᠵᠢᠯ᠎ᠡᠴᠡ ᠪᠠᠭ᠎ᠠ ᠪᠣᠯᠤᠭ᠍ᠰᠠᠨ ᠭᠡᠵᠤ ᠨᠠᠭᠠᠴᠤ᠌ ᠡᠵᠢ ᠶᠠᠷᠢᠨ᠎ᠠ᠃ ᠵᠠᠮ ᠲᠤᠩ ᠰᠠᠢᠨ ᠪᠣᠯᠬᠣᠷ ᠮᠠᠱᠢᠨ ᠲᠡᠷᠭᠡ ᠦᠨᠳᠦᠷ ᠬᠤᠷᠳᠤᠴᠠ᠎ᠪᠡᠷ ᠲᠠᠪᠬᠢᠵᠤ᠂ ᠵᠠᠮ ᠲᠠᠭᠠᠦ ᠲᠠᠯᠠᠨ ᠬᠠᠷ᠎ᠠ ᠠᠭᠤᠯᠠ ᠰᠦᠨᠳᠡᠷᠯᠡᠨ ᠵᠠᠷᠢᠮ ᠎ᠳᠤ ᠎ᠪᠠᠨ ᠤᠨᠢᠶᠠᠷ ᠎ᠲᠤ ᠬᠤᠴᠢᠬ᠍ᠳᠠᠨ ᠨᠢᠭᠤᠴᠠᠭᠠᠢ ᠬᠠᠷᠠᠭ᠍ᠳᠠᠨ᠎ᠠ᠃ ᠠᠷᠪᠠᠨ ᠨᠢᠭᠡᠨ ᠴᠠᠭ᠎ᠤᠨ ᠦᠶ᠎ᠡ᠎ᠪᠡᠷ ᠬᠦᠬᠡᠬᠤᠳᠠ᠎ᠪᠡᠷ ᠥᠩᠭᠡᠷᠡᠭᠡᠳ᠂ ᠦᠳᠡ᠎ᠶ᠋ᠢᠨ ᠬᠣᠶ᠋ᠢᠨᠠᠬᠢ ᠬᠤᠶᠠᠷ ᠴᠠᠭ᠎ᠲᠤ ᠲᠦᠷᠪᠡᠳ ᠬᠣᠱᠢᠭᠤ ᠪᠡᠷ ᠦᠩᠭᠡᠷᠡᠵᠤ᠂ ᠬᠤᠯᠠ ᠤᠢ᠍ᠢᠷ᠎ᠠ ᠳ᠋ᠤ ᠠᠯᠳᠠᠷ ᠲᠠᠢ ᠭᠡᠭᠡᠨᠳᠡᠯ᠎ᠡ᠎ᠳᠤ ᠬᠦᠷᠴᠠᠢ᠃ ᠣᠷᠤᠢ᠎ᠶ᠋ᠢᠨ ᠨᠠᠢ᠍ᠮᠠᠨ ᠴᠠᠭ᠎ᠲᠤ ᠪᠢᠳᠠ ᠠᠮᠤᠷ ᠲᠦᠪᠱᠢᠨ᠎ᠢᠶᠡᠷ ᠠᠪᠠᠭ᠎ᠠ ᠨᠤᠳᠤᠭ᠎ᠲᠤ ᠬᠦᠷᠪᠠ᠃

ᠨᠤᠲᠤᠭ᠎ᠲᠤ ᠪᠠᠨ ᠬᠠᠷᠢᠬᠤ ᠵᠠᠮ᠎ᠳᠤ᠎ᠪᠠᠨ ᠪᠢ ᠲᠡᠳᠡᠭᠡᠷ ᠭᠠᠵᠠᠷ᠎ᠤᠳ᠎ᠤᠨ ᠲᠤᠬᠠᠢ ᠠᠩᠬ᠎ᠠ ᠠᠯᠬᠤᠮ᠎ᠤᠨ ᠣᠢ᠌ᠯᠠᠭᠠᠯᠲᠠ ᠲᠡᠢ ᠪᠤᠯᠵᠠᠢ᠃

ᠵᠢᠯᠤᠭᠤᠳᠤᠭ᠍ᠰᠠᠨ ᠪᠠᠭ᠍ᠰᠢ᠄ ᠬᠤᠷᠸ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠦᠪᠦᠷ ᠮᠤᠩᠭᠤᠯ᠎ᠤᠨ ᠪᠠᠭᠠᠴᠥᠳ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号