ᠲᠦᠷᠪᠡᠨ ᠤᠯᠠᠷᠢᠯ᠎ᠤᠨ ᠦᠵᠡᠰᠭᠦᠯᠡᠩ
2021-11-19 15:13:13
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠰᠦᠨᠢᠳ᠎ᠪᠠᠷᠠᠭᠤᠨ᠎ᠬᠤᠱᠢᠭᠤᠨ᠎ᠤ ᠮᠤᠩᠭᠤᠯ ᠦᠨᠳᠦᠰᠦᠳᠡᠨ᠎ᠤ ᠪᠠᠭ᠎ᠠ ᠰᠤᠷᠭᠠᠭᠤᠯᠢ᠎ᠶ᠋ᠢᠨ 4.4 ᠠᠩᠬᠢ ᠠᠮᠢᠨ᠎ᠠ


QQ图片20211119151046.png


   

    ᠠᠯᠳᠠᠨ ᠨᠠᠷᠠ᠎ᠨᠢ ᠲᠡᠯᠡᠭᠡᠢ᠎ᠶ᠋ᠢ ᠲᠤᠯᠠᠭᠠᠴᠠᠭᠤᠯᠵᠤ

    ᠠᠷᠢᠭᠤᠨ ᠬᠠᠢ᠌ᠯ᠎ᠨᠢ ᠠᠮᠢᠳᠠᠳ᠎ᠢᠶᠠᠨ ᠤᠮᠳᠠᠯᠠᠵᠤ

    ᠰᠦᠷᠯᠢᠭ ᠠᠭᠤᠯᠠᠰ᠎ᠨᠢ ᠱᠢᠪᠠᠭᠤᠳ᠎ᠢᠶᠠᠨ ᠤᠭ᠍ᠳᠤᠵᠤ

    ᠰᠦᠷᠦᠭ ᠮᠠᠯ᠎ᠨᠢ ᠪᠡᠯᠴᠢᠭᠡᠷ᠎ᠲᠤ᠎ᠪᠠᠨ ᠢᠷᠠᠢ᠌ᠬ᠍ᠰᠠᠨ

    ᠲᠦᠯ᠎ᠤᠨ ᠲᠠᠭᠤ᠎ᠲᠠᠢ ᠬᠠᠪᠤᠷ ᠦᠵᠡᠰᠭᠦᠯᠡᠩ

   

    ᠬᠤᠷᠠᠭ᠎ᠠ ᠢᠱᠢᠭᠡ᠎ᠨᠢ ᠲᠤᠭ᠍ᠯᠠᠨ ᠠᠯᠢᠶᠠᠷᠬᠠᠵᠤ

    ᠬᠦᠭᠡᠷᠦᠬᠦᠨ ᠱᠢᠪᠠᠭᠤᠳ᠎ᠨᠢ ᠵᠢᠷᠬᠢᠨ ᠲᠤᠩᠭᠤᠳᠴᠦ᠍

    ᠤᠨᠠᠭ᠎ᠠ ᠲᠤᠭᠤᠯ᠎ᠨᠢ ᠲᠤᠭ᠍ᠯᠠᠨ ᠲᠠᠪᠬᠢᠯᠳᠤᠵᠤ

    ᠠᠭᠤᠳᠠᠮ ᠨᠤᠳᠤᠭ᠎ᠨᠢ ᠰᠡᠷᠭᠦᠨ ᠪᠠᠶᠠᠰᠤᠬ᠍ᠰᠠᠨ

    ᠬᠤᠷ᠎ᠠ ᠱᠢᠮ᠎ᠡ᠎ᠲᠠᠢ ᠵᠤᠨ ᠦᠵᠡᠰᠭᠦᠯᠡᠩ

   

    ᠱᠢᠷᠭᠠᠯ ᠨᠠᠪᠴᠢᠰ᠎ᠨᠢ ᠪᠦᠵᠢᠭ᠌ᠯᠡᠨ ᠬᠡᠢᠰᠴᠦ᠍

    ᠠᠶᠠᠨ᠎ᠤ ᠱᠢᠪᠠᠭᠤᠳ᠎ᠨᠢ ᠭᠠᠩᠭᠠᠨᠠᠯᠳᠤᠨ ᠬᠤᠯᠠᠳᠴᠦ᠍

    ᠡᠪᠡᠰᠦ ᠬᠠᠳᠤᠯᠠᠩ ᠨᠢ ᠬᠠᠯᠢᠭᠤᠷᠠᠨ ᠨᠠᠢᠭᠤᠵᠤ

    ᠠᠵᠢᠯᠴᠢ ᠮᠠᠯᠴᠢᠳ᠎ᠨᠢ ᠮᠠᠩᠨᠠᠢ ᠲᠡᠨᠢ᠌ᠭ᠌ᠰᠡᠨ

    ᠲᠠᠷᠭᠤᠨ ᠲᠠᠪᠠᠳᠠᠢ ᠨᠠᠮᠤᠷ ᠦᠵᠡᠰᠭᠦᠯᠡᠩ

   

    ᠮᠦᠩᠭᠦᠨ ᠴᠠᠰᠤ᠎ᠨᠢ ᠬᠤᠷᠸ᠎ᠠ᠎ᠶ᠋ᠢ ᠪᠦᠷᠬᠦᠵᠤ

    ᠮᠦᠰᠦ ᠲᠡᠱᠢᠨ ᠬᠡᠥᠭᠡᠳ᠎ᠤᠳ᠎ᠨᠢ ᠪᠠᠶᠠᠰᠴᠦ᠍

    ᠴᠠᠩ ᠬᠦᠦᠷᠭᠡ ᠵᠢᠩ ᠲᠠᠳᠠᠭᠤᠯᠵᠤ

    ᠴᠠᠭ᠍ᠯᠠᠰᠢ ᠦᠭᠡᠢ ᠵᠤᠷᠢᠭ ᠴᠢᠩᠭᠠᠯᠠᠭ᠍ᠰᠠᠨ

    ᠦᠩ ᠲᠠᠩᠰᠤᠭ ᠡᠪᠦᠯ ᠦᠵᠡᠰᠭᠦᠯᠡᠩ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号