ᠠᠯᠪᠠᠲᠠᠨ 《 ᠤᠷᠠᠨ ᠵᠤᠬᠢᠶᠠᠯᠴᠢ 》 — ᠴᠡᠨᠭᠬᠡᠯᠲᠤ
2021-11-22 09:17:46
ᠵᠣᠬᠢᠶᠠᠭ᠍ᠴᠢ᠄
ᠠᠯᠳᠠᠠᠠᠤᠳᠤ
ᠣᠩᠱᠢᠭ᠍ᠰᠠᠨ ᠣᠳᠠᠭ᠎ᠠ᠄
★★★☆☆

ᠤᠯᠠᠭᠠᠨᠬᠠᠳᠠ ᠬᠤᠳᠠ᠎ᠶ᠋ᠢᠨ ᠪᠠᠭᠠᠷᠢᠨ ᠪᠠᠷᠠᠭᠤᠨ ᠬᠤᠱᠢᠭᠤᠨ᠎ᠤ ᠲᠠᠩᠰᠠ ᠡᠪᠬᠡᠮᠡᠯ᠎ᠤᠨ ᠬᠦᠷᠢᠶᠡᠯᠡᠩ᠎ᠳᠤ ᠪᠠᠭᠠᠷᠢᠨ ᠨᠤᠲᠤᠭ᠎ᠲᠤ ᠲᠦᠷᠦᠵᠤ ᠦᠰᠦᠨ᠂ ᠤᠳᠠᠭᠠᠨ ᠵᠢᠯ ᠠᠵᠢᠯᠯᠠᠵᠤ ᠠᠮᠢᠳᠤᠷᠠᠭᠰᠠᠨ ᠤᠷᠠᠨ ᠵᠤᠬᠢᠶᠠᠯᠴᠢᠳ᠎ᠤᠨ ᠨᠠᠮᠲᠠᠷ ᠲᠡᠤᠬᠡ᠂ ᠵᠤᠬᠢᠶᠠᠯ ᠪᠦᠳᠤᠭᠡᠯ᠎ᠢ ᠳᠡᠯᠭᠡᠨ ᠦᠵᠡᠭᠦᠯᠵᠤ ᠪᠠᠢᠳᠠᠭ᠃ ᠡᠳᠡᠭᠡᠷ ᠤᠯᠠᠨ᠎ᠤ ᠳᠤᠲᠤᠷ᠎ᠠ ᠭᠤᠴᠢ ᠭᠠᠷᠤᠢ ᠵᠢᠯ᠎ᠤᠨ ᠳᠤᠷᠰᠢ ᠨᠢᠭᠡᠯᠨ ᠰᠡᠳᠭᠢᠯ᠎ᠢᠶᠠᠷ ᠨᠠᠮ᠎ᠤᠨ ᠠᠵᠢᠯ ᠤᠢᠯᠡᠰ ᠲᠦ᠍ ᠵᠢᠳᠭᠦᠨ᠂ ᠤᠭ ᠰᠠᠨᠠᠭ᠎ᠠ᠎ᠪᠠᠨ ᠪᠠᠲᠤ ᠴᠡᠭᠡᠵᠢᠯᠡᠨ᠂ ᠡᠭᠦᠷᠭᠡ ᠎ᠬᠠᠷᠢᠭᠤᠴᠠᠯᠭ᠎ᠠ ᠎ᠪᠠᠨ ᠎ᠬᠢᠨᠠᠮᠠᠭᠠᠢ ᠎ᠭᠦᠢᠴᠡᠳᠭᠡᠨ ᠂ ᠤᠷᠠᠨ ᠎ᠵᠤᠬᠢᠶᠠᠯ ᠎ᠤᠨ ᠎ᠲᠤᠷ᠎ᠠ ᠪᠠᠬ᠎ᠠ᠎ᠠᠴᠠ᠎ᠪᠠᠨ ᠭᠠᠵᠢᠭ᠎ᠠ ᠦᠭᠡᠢ᠎ᠨᠢᠭᠡᠨ ᠪᠤᠯ ᠴᠡᠩᠬᠡᠯᠲᠤ ᠪᠢᠯᠡ᠃ ᠲᠡᠷᠡ᠎ᠪᠠᠷ ᠡᠳᠦᠭᠡ ᠳᠤᠮᠳᠠᠳᠤ ᠤᠯᠤᠰ᠎ᠤᠨ ᠴᠦᠬᠡᠨ ᠲᠤᠭᠠᠳᠤ ᠦᠨᠳᠦᠰᠤᠳᠡᠨ᠎ᠤ ᠵᠤᠬᠢᠶᠠᠯᠴᠢᠳ᠎ᠤᠨ ᠡᠪᠯᠡᠯ᠎ᠤᠨ ᠭᠡᠱᠢᠭᠦᠨ᠂ ᠦᠪᠤᠷ ᠮᠤᠩᠭᠤᠯ᠎ᠤᠨ ᠵᠤᠬᠢᠶᠠᠯᠴᠢᠳ᠎ᠤᠨ ᠡᠪᠯᠡᠯ᠎ᠤᠨ ᠭᠡᠱᠢᠭᠦᠨ᠂ ᠤᠯᠠᠭᠠᠨᠬᠠᠳᠠ ᠬᠤᠳᠠ᠎ᠶ᠋ᠢᠨ ᠵᠤᠬᠢᠶᠠᠯᠴᠢᠳ᠎ᠤᠨ ᠡᠪᠯᠡᠯ᠎ᠤᠨ ᠭᠡᠱᠢᠭᠦᠨ ᠵᠡᠷᠭᠡ ᠨᠡᠢᠭᠡᠮ᠎ᠤᠨ ᠲᠤᠰᠢᠶᠠᠯ᠎ᠢ ᠡᠬᠦᠷᠭᠡᠯᠡᠵᠤ᠂ ᠤᠳᠤ ᠪᠠᠭᠠᠷᠢᠨ ᠪᠠᠷᠠᠭᠤᠨ ᠬᠤᠱᠢᠭᠤᠨ᠎ᠤ ᠲᠠᠷᠢᠶᠠᠯᠠᠩ ᠮᠠᠯ ᠠᠵᠤ ᠠᠬᠤᠢ᠎ᠶ᠋ᠢᠨ ᠲᠤᠪᠴᠢᠶᠠᠨ᠎ᠤ ᠲᠦᠷᠪᠡᠳᠦᠭᠡᠷ ᠲᠡᠰ᠎ᠤᠨ ᠪᠠᠢᠴᠠᠭᠠᠨ ᠰᠤᠳᠤᠯᠤᠭ᠍ᠴᠢ᠎ᠪᠠᠷ ᠠᠵᠢᠯᠯᠠᠵᠤ ᠪᠤᠢ᠃


QQ图片20211122090658.png


ᠳᠠᠭᠤᠯᠠᠮᠠᠷ ᠰᠠᠢᠬᠠᠨ ᠤᠨᠠᠭᠠᠨ ᠪᠠᠭ᠎ᠠ ᠨᠠᠰᠤ


ᠤᠨᠭᠨᠢᠭᠤᠳ ᠬᠤᠰᠢᠭᠤᠨ᠎ᠤ ᠭᠤᠷᠤᠬᠠᠨ ᠰᠤᠮᠤ ᠪᠡᠷ ᠨᠤᠳᠤᠭᠳᠠᠢ ᠴᠡᠨᠭᠬᠡᠯᠳᠦ ᠪᠠᠭ᠎ᠠ᠎ᠳᠠᠭᠠᠨ ᠵᠡᠷᠭᠡᠯᠡᠳᠡᠭᠡ ᠭᠠᠴᠠᠭᠠᠨ᠎ᠳᠠᠭᠠᠨ ᠤᠴᠢᠵᠤ ᠪᠢᠴᠢᠭ ᠦᠵᠡᠳᠡᠭ ᠪᠠᠢᠪᠠ᠃ ᠲᠠᠪᠤᠨ ᠤᠨ᠎ᠤ ᠰᠤᠷᠤᠯᠭ᠎ᠠ᠎ᠪᠠᠨ ᠳᠦᠭᠦᠷᠭᠡᠬᠦ᠌ ᠦᠶ᠎ᠡ᠎ᠳᠤ ᠠᠪᠤ᠎ᠨᠢ ᠤᠩᠨᠢᠭᠤᠳ ᠨᠤᠲᠤᠭ᠎ᠤᠨ ᠬᠦᠷᠬᠢᠷ᠎ᠡ ᠠᠢᠯ᠎ᠤᠨ ᠰᠤᠷᠭᠠᠭᠤᠯᠢ᠎ᠠᠴᠠ ᠳᠤᠯᠤᠭᠠᠨ ᠮᠤᠳᠤ ᠠᠢᠯ᠎ᠤᠨ ᠰᠤᠷᠭᠠᠭᠤᠯᠢ᠎ᠳᠠᠭᠠᠨ ᠢᠷᠡᠵᠤ ᠪᠠᠭ᠍ᠰᠢᠯᠠᠭᠰᠠᠨ ᠡᠴᠡ ᠴᠡᠨᠭᠬᠡᠯᠳᠦ ᠵᠢ ᠦᠪᠡᠷ᠎ᠤᠨ ᠡᠷᠬᠢᠯᠡᠭ᠌ᠰᠡᠨ ᠠᠩᠬᠢ᠎ᠳᠠᠭᠠᠨ ᠰᠠᠭᠤᠯᠭᠠᠭᠠᠳ《ᠠ ᠡ ᠢ》 ᠡᠴᠡ ᠡᠬᠢᠯᠡᠨ ᠵᠢᠭᠠᠪᠠ᠃ ᠠᠨᠭᠬ᠎ᠠ ᠡᠬᠢᠯᠡᠨ ᠴᠠᠭᠠᠨ ᠲᠤᠯᠤᠭᠠᠢ ᠰᠤᠷᠴᠦ ᠪᠠᠢᠬᠰᠠᠨ ᠴᠡᠨᠭᠬᠡᠯᠳᠦ ᠵᠢᠭᠠᠬᠠᠨ ᠬᠦᠴᠢᠷᠳᠡᠭᠰᠡᠨ ᠴᠦ᠍ ᠲᠠᠷᠢᠬᠢ ᠰᠡᠷᠭᠡᠭ ᠲᠡᠷᠡ ᠨᠢᠭᠡ ᠬᠤᠭᠤᠴᠠᠭ᠎ᠠ ᠴᠢᠷᠮᠠᠢᠨ ᠰᠤᠷᠤᠭᠠᠳ ᠳᠠᠷᠠᠭ᠎ᠠ ᠬᠤᠭᠤᠴᠠᠭ᠎ᠠ᠎ᠠᠴᠠ᠎ᠨᠢ ᠲᠠᠪᠤᠳᠤᠭᠠᠷ ᠤᠨ᠎ᠤ ᠵᠢᠩᠬᠢᠨᠢ ᠰᠤᠷᠤᠭ᠍ᠴᠢ ᠪᠤᠯᠵᠤ ᠰᠤᠷᠤᠯᠭ᠎ᠠ᠎ᠳᠠᠭᠠᠨ ᠡᠮᠦᠨᠡᠬᠦᠷ ᠶᠠᠪᠤᠳᠠᠭ ᠪᠤᠯᠪᠠ᠃ 《ᠳᠠᠭᠤᠯᠠᠮᠠᠷ ᠰᠠᠢᠬᠠᠨ ᠤᠨᠠᠭᠠᠨ ᠪᠠᠭ᠎ᠠ ᠨᠠᠰᠤ》ᠭᠡᠬᠦ᠌ ᠵᠤᠬᠢᠶᠠᠯ᠎ᠨᠢ ᠰᠤᠷᠭᠠᠭᠤᠯᠢ᠎ᠶ᠋ᠢᠨ ᠰᠠᠮᠪᠠᠷ᠎ᠠ ᠲᠡᠭᠡᠷ᠎ᠡ ᠤ ᠶ᠋ᠢᠨ᠎ᠪᠢᠷ᠎ᠢᠶᠠᠷ᠎ᠵᠢᠷᠡᠢᠲᠡᠯ᠎ᠡ᠎ᠰᠠᠢᠬᠠᠨ᠎ᠪᠢᠴᠢᠭ᠌ᠲᠡᠨ᠎ᠨᠡᠢᠲᠡᠯᠡᠭ᠌ᠳᠡᠵᠤ᠎ᠬᠠᠮᠳᠤ ᠰᠤᠷᠤᠭ᠍ᠴᠢᠳ᠎ᠤᠨ᠎ᠢᠶᠠᠨ ᠪᠠᠭ᠍ᠠᠷᠬᠠᠯ᠎ᠢ ᠤᠯᠤᠭ᠍ᠰᠠᠨ᠎ᠨᠢ ᠲᠡᠭᠦᠨ᠎ᠳᠤ ᠲᠤᠮᠤ ᠵᠤᠷᠢᠭ᠍ᠵᠢᠭᠤᠯᠤᠯ ᠪᠤᠯᠵᠠᠢ᠃ ᠲᠡᠭᠡᠭᠡᠳ ᠲᠡᠷᠡ ᠦᠶ᠎ᠡ᠎ᠠᠴᠠ ᠡᠬᠢᠯᠡᠨ ᠵᠤᠬᠢᠶᠠᠨ ᠪᠢᠴᠢᠯᠭᠡ᠎ᠳᠡᠭᠡᠨ ᠤᠡᠴᠠᠭᠠᠢ ᠬᠦᠴᠦ᠍ ᠲᠠᠯᠪᠢᠨ᠂ ᠲᠤᠮᠳᠠᠳᠤ ᠰᠤᠷᠭᠠᠭᠤᠯᠢ᠎ᠳᠤ ᠤᠷᠤᠭ᠍ᠰᠠᠨ᠎ᠤ ᠳᠠᠷᠠᠭ᠎ᠠ ᠪᠠᠭ᠍ᠰᠢ᠎ᠨᠢ ᠲᠡᠭᠦᠨ᠎ᠤ ᠵᠤᠬᠢᠶᠠᠯ᠎ᠢ ᠠᠩᠬᠢ᠎ᠶ᠋ᠢᠨ ᠰᠤᠷᠤᠭ᠍ᠴᠢ᠎ᠳᠠᠭᠠᠨ ᠤᠩᠱᠢᠨ ᠵᠠᠳᠠᠯᠵᠤ ᠦᠭ᠌ᠳᠡᠭ ᠪᠤᠯᠤᠭ᠍ᠰᠠᠨ᠎ᠨᠢ ᠲᠡᠭᠦᠨ᠎ᠤ ᠤᠷᠮ᠎ᠠ ᠵᠤᠷᠢᠭ᠎ᠢ ᠨᠡᠩ ᠢᠯᠡᠭᠦᠤ ᠬᠦᠪᠴᠢᠯᠡᠭ᠌ᠰᠡᠨ ᠪᠦᠬᠡᠳ ᠬᠤᠵᠢᠮ ᠨᠢ ᠯᠢᠨᠳᠦ᠋ᠩ᠎ᠤᠨ ᠪᠠᠭ᠍ᠰᠢ᠎ᠶ᠋ᠢᠨ ᠰᠤᠷᠭᠠᠭᠤᠯᠢ᠎ᠳᠤ ᠱᠢᠯᠭᠠᠨ ᠤᠷᠤᠭ᠍ᠰᠠᠨ᠎ᠨᠢ ᠲᠡᠭᠦᠨ᠎ᠤ ᠵᠤᠬᠢᠶᠠᠯᠴᠢ ᠪᠤᠯᠬᠤ ᠬᠦᠰᠡᠯ᠎ᠳᠤᠨᠢ ᠵᠢᠭᠦᠷ ᠤᠷᠭᠤᠭᠤᠯᠤᠭ᠍ᠰᠠᠨ ᠪᠠᠢᠯ᠎ᠠ᠃ 1988 ᠤᠨ᠎ᠠᠴᠠ ᠡᠬᠢᠯᠡᠨ ᠲᠡᠭᠦᠨ᠎ᠤ ᠵᠤᠬᠢᠶᠠᠯ ᠪᠦᠲᠦᠭᠡᠯ᠎ᠨᠢ 《ᠱᠢᠷ᠎ᠠ ᠮᠦᠷᠡᠨ》᠂ 《ᠵᠠᠯᠠᠭᠤ ᠵᠤᠬᠢᠶᠠᠯᠴᠢ》᠂《ᠤᠯᠠᠭᠠᠨᠬᠠᠳᠠ᠎ᠶ᠋ᠢᠨ ᠡᠳᠦᠷ᠎ᠤᠨ ᠰᠤᠨᠢᠨ》 ᠵᠡᠷᠭᠡ ᠰᠤᠨᠢᠨ ᠰᠡᠳᠭᠦᠯ ᠲᠡᠭᠡᠷ᠎ᠡ ᠨᠡᠢᠲᠡᠯᠡᠭ᠌ᠳᠡᠵᠤ᠂ 《ᠤᠷᠤᠱᠢᠯ ᠦᠭᠡᠢ ᠤᠨ ᠵᠠᠭᠤᠨ》(ᠬᠢᠲᠠᠳ ᠬᠡᠯᠡ)ᠨᠢ《ᠪᠠᠭᠠᠷᠢᠨ᠎ᠤ ᠦᠷᠯᠦᠭᠡ᠎ᠶ᠋ᠢᠨ ᠰᠤᠨᠢᠨ》 ᠤ᠋ ᠬᠤᠶᠠᠳᠤᠭᠠᠷ ᠲᠡᠰ᠎ᠤᠨ ᠱᠠᠩᠨᠠᠯ᠎ᠢ ᠲᠤᠰᠴᠦ ᠪᠠᠢᠵᠠᠢ᠃ ᠲᠡᠷᠡ ᠦᠶ᠎ᠡ᠎ᠠᠴᠠ ᠡᠬᠢᠯᠡᠨ ᠮᠤᠩᠭᠤᠯ᠎ᠢᠶᠡᠷ ᠲᠤᠭᠤᠷᠪᠢᠭᠰᠠᠨ ᠵᠤᠬᠢᠶᠠᠯ᠎ᠢᠶᠠᠨ ᠳᠠᠬᠢᠨ ᠬᠢᠲᠠᠳ ᠬᠡᠯᠡᠨ ᠲᠡᠭᠡᠷ᠎ᠡ ᠤᠷᠴᠢᠭᠤᠯᠵᠤ  ᠵᠤᠬᠢᠶᠠᠨ ᠪᠦᠳᠦᠭᠡᠬᠦ᠌  ᠴᠢᠲᠠᠪᠤᠷᠢ ᠪᠡᠨ ᠨᠠᠩ ᠲᠡᠬᠡᠭᠰᠢᠯᠡᠬᠥᠯᠥᠭᠰᠡᠨ ᠪᠠᠢᠯ᠎ᠠ ᠃


ᠭᠠᠴᠠᠭᠠᠨ᠎ᠳᠤ ᠪᠠᠭᠤᠵᠤ ᠪᠠᠢᠬᠰᠠᠨ ᠡᠴᠡ ᠪᠡᠨ ᠤᠳᠬ᠎ᠠ ᠵᠤᠬᠢᠶᠠᠯ ᠰᠤᠳᠤᠯᠬᠤ  ᠠᠩᠬᠢ᠎ᠳᠤ ᠰᠤᠷᠤᠯᠴᠠᠬᠰᠠᠨ


1989 ᠤᠨ᠎ᠳᠤ ᠪᠠᠭᠠᠷᠢᠨ ᠪᠠᠷᠠᠭᠤᠨ ᠬᠤᠰᠢᠭᠤᠨ᠎ᠤ ᠪᠡᠶᠡᠠᠡᠷᠳᠡᠨᠢ ᠰᠤᠮᠤᠨ᠎ᠳᠦ ᠠᠷᠠᠳ᠎ᠤᠨ ᠪᠠᠭ᠍ᠰᠢ ᠪᠡᠷ ᠠᠵᠢᠯ᠎ᠤᠨ ᠭᠠᠷᠤᠭ᠎ᠠ᠎ᠪᠠᠨ ᠠᠪᠤᠭ᠍ᠰᠠᠨ ᠴᠡᠩᠬᠡᠯᠳᠤ ᠭᠤᠸᠠᠢ 1991 ᠤᠨ᠎ᠪᠤᠯᠤᠭᠠᠳ ᠱᠢᠪᠠᠷᠲᠠᠢ ᠰᠤᠮᠤᠨ᠎ᠤ ᠨᠠᠮ᠎ᠤᠨ ᠬᠤᠷᠢᠶ᠎ᠠ᠎ᠳᠤ ᠠᠵᠢᠯ ᠱᠢᠯᠵᠢᠪᠡ᠃ ᠮᠦᠨ ᠲᠤᠰ ᠵᠢᠯ᠎ᠳᠤᠨᠢ ᠭᠠᠴᠠᠭᠠᠨ᠎ᠳᠤ ᠲᠤᠮᠢᠯᠠᠭ᠍ᠳᠠᠨ᠂ ᠮᠠᠯ᠎ᠤᠨ ᠰᠦᠯᠢᠶᠤᠤ ᠲᠤᠯᠠᠭᠠᠨ ᠰᠠᠷᠠᠪᠴᠢ᠂ ᠤᠰᠤᠯᠠᠯᠳᠠ᠎ᠶ᠋ᠢᠨ ᠲᠠᠷᠢᠶᠠᠨ ᠭᠠᠵᠠᠷ ᠤᠩᠭᠤᠴᠠᠯᠠᠬᠤ᠂ ᠮᠠᠩᠬᠠᠨ᠎ᠳᠤ ᠡᠯᠡᠰᠦᠨ ᠴᠠᠷᠠᠭ᠎ᠠ ᠰᠠᠭᠤᠯᠭᠠᠬᠤ ᠵᠡᠷᠭᠡ ᠲᠠᠷᠢᠶᠠᠯᠠᠩ ᠮᠠᠯ ᠠᠵᠤ ᠠᠬᠤᠢ ᠤᠰᠤᠨ ᠠᠱᠢᠭ᠍ᠯᠠᠯᠲᠠ᠎ᠶ᠋ᠢᠨ ᠶᠡᠭᠡ ᠲᠤᠯᠤᠯᠳᠤᠭᠠᠨ᠎ᠢ ᠳᠠᠢᠴᠢᠯᠠᠨ᠂ ᠮᠠᠯᠴᠢᠳ᠎ᠲᠠᠢ ᠬᠠᠮᠲᠤ ᠠᠵᠢᠯᠯᠠᠨ ᠬᠠᠮᠲᠤ ᠬᠤᠭᠤᠯᠠᠯᠠᠵᠤ᠂ ᠲᠡᠲᠡᠨ᠎ᠤ ᠠᠮᠢᠳᠤᠷᠠᠯ ᠤᠢᠯᠡᠳᠪᠤᠷᠢᠯᠡᠯ᠎ᠢ ᠵᠢᠩᠭᠢᠨᠢ ᠪᠡᠶᠡᠴᠢᠯᠡᠨ ᠤᠢᠯᠠᠭᠠᠵᠤ ᠡᠬᠢᠯᠡᠭᠰᠡᠨ ᠪᠠᠢᠨ᠎ᠠ᠃ ᠡᠭᠦᠨ᠎ᠤ ᠳᠠᠭᠠᠤ ᠬᠠᠱᠢᠷ ᠮᠠᠯᠴᠢᠳ᠎ᠠᠴᠠ ᠦᠯᠢᠭᠡᠷ ᠲᠡᠤᠬᠡ ᠰᠤᠨᠤᠰᠤᠨ᠂ ᠠᠮᠢᠳᠤ ᠴᠡᠴᠡᠨ ᠬᠡᠯᠡ ᠬᠡᠯᠡᠯᠭᠡ ᠰᠤᠷᠴᠤ᠌᠂ ᠦᠪᠡᠷ᠎ᠤᠨ ᠵᠤᠬᠢᠶᠠᠨ ᠪᠦᠲᠦᠭᠡᠬᠦ᠌᠎ᠳᠡᠭᠡᠨ ᠪᠤᠷᠤ ᠮᠡᠲ᠋ᠸᠷᠢᠶᠠᠯ ᠴᠤᠭ᠍ᠯᠠᠭᠤᠯᠳᠠᠭ ᠪᠠᠢᠪᠠ᠃ ᠴᠢᠷᠮᠠᠢᠨ ᠠᠵᠢᠯᠯᠠᠭ᠍ᠰᠠᠨ᠎ᠤ ᠳ᠋ᠦᠩ᠎ᠳᠤ ᠴᠡᠩᠬᠡᠯᠳᠤ ᠨᠦᠬᠦᠷ ᠰᠤᠮᠤᠨ᠎ᠤ ᠨᠠᠮ᠎ᠤᠨ ᠬᠤᠷᠢᠶᠠᠨ᠎ᠤ ᠨᠠᠷᠢᠨ ᠪᠢᠴᠢᠭᠡᠴᠢ᠂ ᠵᠤᠬᠢᠶᠠᠨ ᠪᠠᠢᠭᠤᠯᠬᠤ ᠬᠡᠱᠢᠭᠦᠨ᠎ᠤ ᠠᠵᠢᠯ᠎ᠤᠨ ᠪᠠᠢᠷᠢ᠎ᠳᠤ ᠭᠠᠷᠪᠠ᠃ ᠶᠠᠮᠠᠷ ᠠᠵᠢᠯ᠎ᠤᠨ ᠪᠠᠢᠷᠢᠨ᠎ᠳᠤ ᠭᠠᠷᠤᠭ᠍ᠰᠠᠨ ᠴᠤ᠌ ᠦᠪᠡᠷ᠎ᠤᠨ ᠪᠡᠶ᠎ᠡ᠎ᠳᠡᠭᠡᠨ ᠴᠢᠩᠭ᠎ᠠ ᠱᠠᠭᠠᠷᠳᠠᠯᠭ᠎ᠠ ᠲᠠᠯᠪᠢᠬᠤ᠎ᠨᠢ ᠲᠡᠭᠦᠨ᠎ᠤ ᠬᠡᠪ ᠵᠠᠩᠱᠢᠯ ᠪᠤᠯᠵᠠᠢ᠃ ᠤᠤᠯ᠎ᠳᠠᠭᠠᠨ ᠨᠢᠭᠡ ᠯᠡ ᠭᠠᠴᠠᠭᠠᠨ᠎ᠳᠤ ᠭᠦᠡᠵᠡᠭᠡᠢᠷᠡᠵᠤ ᠪᠠᠢᠭ᠍ᠰᠠᠨ᠎ᠠᠴᠠ᠎ᠪᠠᠨ ᠪᠦᠬᠦ᠌ ᠰᠤᠮᠤᠨ᠎ᠤ ᠡᠯ᠎ᠡ ᠭᠠᠴᠠᠭ᠎ᠠ ᠲᠤᠰᠭᠤᠨ᠎ᠤ ᠨᠠᠮ᠎ᠤᠨ ᠡᠭᠦᠷ᠂ ᠮᠠᠯᠴᠢᠨ ᠲᠠᠷᠢᠶᠠᠴᠢᠨ ᠨᠠᠮ᠎ᠤᠨ ᠬᠡᠱᠢᠭᠦᠨ᠎ᠤ ᠬᠢᠨ᠎ᠳᠤ ᠭᠦᠡᠵᠡᠭᠡᠢᠷᠡᠨ ᠪᠠᠢᠴᠠᠭᠠᠨ ᠰᠤᠳᠤᠯᠤᠯᠲᠠ ᠬᠢᠵᠤ᠂ ᠪᠦᠬᠦ᠌ ᠰᠤᠮᠤᠨ᠎ᠤ ᠨᠠᠮ᠎ᠤᠨ ᠪᠠᠢᠭᠤᠯᠤᠯᠲᠠ᠎ᠶ᠋ᠢᠨ ᠠᠵᠢᠯ᠎ᠤᠨ ᠬᠦᠭ᠌ᠵᠢᠯᠲᠡ᠎ᠶ᠋ᠢᠨ ᠲᠦᠰᠦᠪ ᠲᠤᠭ᠍ᠲᠠᠭᠠᠬᠤ᠎ᠳᠤ ᠪᠤᠳᠠᠲᠤ ᠠᠵᠢᠯ᠎ᠢ ᠬᠢᠭᠰᠡᠨ ᠪᠠᠢᠯ᠎ᠠ᠃ ᠡᠭᠦᠨ᠎ᠤ ᠵᠡᠷᠭᠡ ᠪᠡᠷ ᠲᠡᠷᠡ ᠤᠳᠬ᠎ᠠ ᠤᠷᠠᠯᠢᠭ᠎ᠤᠨ ᠳᠤᠬᠠᠢ ᠨᠠᠮ᠎ᠤᠨ ᠲᠦᠷᠤ᠎ᠶ᠋ᠢᠨ ᠪᠤᠳᠤᠯᠭ᠎ᠠ᠎ᠶ᠋ᠢ ᠨᠠᠷᠢᠨ ᠬᠢᠨᠠᠮᠠᠭᠠᠢ ᠰᠤᠷᠤᠯᠴᠠᠨ ᠰᠤᠳᠤᠯᠵᠤ᠂ ᠦᠪᠡᠷ᠎ᠤᠨ ᠵᠤᠬᠢᠶᠠᠨ ᠪᠦᠳᠦᠭᠡᠯᠭᠡ᠎ᠶ᠋ᠢᠨ ᠵᠢᠯᠤᠭᠤᠳᠤᠮᠵᠢ ᠪᠤᠯᠭᠠᠳᠠᠭ᠃ ᠭᠠᠴᠠᠭᠠᠨ᠎ᠤ ᠠᠬᠠᠮᠠᠳ ᠨᠠᠮ᠎ᠤᠨ ᠬᠡᠱᠢᠭᠦᠨ᠎ᠢ ᠲᠤᠬᠢᠨᠠᠭᠤᠯᠤᠨ ᠦᠵᠡᠬᠦ᠌ ᠴᠢᠬᠤᠯᠠ᠎ᠲᠠᠢ ᠪᠤᠯᠤᠭᠰᠠᠨ ᠨᠢᠭᠡ ᠤᠳᠠᠭᠠᠨ᠎ᠤ ᠶᠠᠪᠤᠳᠠᠯ ᠪᠠᠢᠯ᠎ᠠ᠃ ᠲᠡᠷᠡ ᠨᠢ ᠶᠠᠭ ᠱᠢᠪᠠᠷᠳᠠᠢ ᠭᠤᠤᠯ ᠡᠬᠢᠯᠡᠨ ᠬᠦᠯᠳᠡᠵᠤ ᠪᠠᠢᠬᠰᠠᠨ ᠦᠶ᠎ᠡ ᠪᠠᠢᠪᠠ᠃ ᠭᠤᠤᠯ ᠦᠨᠭᠭᠡᠷᠡᠬᠦ ᠴᠢᠬᠤᠯᠠᠳᠠᠢ ᠤᠴᠢᠷ ᠲᠡᠷᠡ ᠬᠠᠷᠤᠭᠤ ᠰᠢᠬ ᠭᠠᠵᠠᠷ᠎ᠢ᠎ᠨᠢ ᠦᠵᠡᠵᠤ ᠶᠠᠪᠤᠵᠤ ᠪᠠᠢᠭ᠍ᠰᠠᠨ ᠪᠤᠯᠪᠠᠴᠦ ᠮᠦᠰᠦ ᠴᠦᠮᠦᠷᠡᠨ ᠤᠷᠤᠵᠤ ᠪᠡᠶ᠎ᠡ᠎ᠨᠢ ᠨᠤᠷᠴᠦ ᠱᠠᠯ ᠫᠠᠯ ᠪᠤᠯᠵᠠᠢ᠃ ᠲᠡᠭᠡᠪᠡᠴᠤ᠌ ᠬᠡᠯᠡᠭ᠌ᠰᠡᠨ᠎ᠳᠡᠭᠡᠨ ᠰᠠᠭᠤᠨ ᠠᠵᠢᠯ᠎ᠢᠶᠠᠨ ᠪᠡᠶᠡᠯᠡᠭᠦᠯᠬᠦ᠌᠎ᠶ᠋ᠢᠨ ᠲᠦᠯᠦᠭᠡ ᠵᠤᠷᠢᠭ᠍ᠰᠡᠨ ᠵᠦᠭ᠎ᠢᠶᠠᠨ ᠠᠯᠬᠤᠪᠠ᠃ ᠠᠬᠠᠮᠠᠳ ᠨᠠᠮ᠎ᠤᠨ ᠬᠡᠱᠢᠭᠦᠨ᠎ᠤ ᠭᠡᠷ᠎ᠲᠤ ᠬᠦᠷᠬᠦ᠌᠎ᠳᠤ ᠲᠡᠭᠦᠨ᠎ᠤ ᠦᠮᠦᠳᠤ ᠬᠤᠪᠴᠠᠰᠤ᠎ᠨᠢ ᠪᠡᠶ᠎ᠡ᠎ᠶ᠋ᠢ᠎ᠨᠢ ᠪᠠᠷᠢᠵᠤ ᠭᠤᠳᠤᠢᠲᠠᠯ᠎ᠠ ᠬᠦᠯᠳᠡᠴᠢᠭᠡᠭ᠌ᠰᠡᠨ ᠪᠠᠢᠭᠰᠠᠨ ᠴᠦ᠍ ᠵᠤᠷᠢᠭᠰᠠᠨ ᠠᠵᠢᠯ᠎ᠢᠶᠡᠨ ᠰᠠᠭᠠᠳᠠᠭᠠᠯ ᠦᠭᠡᠢ ᠪᠡᠶᠡᠯᠡᠭᠦᠯᠦᠭ᠌ᠰᠡᠨ᠎ᠳᠡᠭᠡᠨ ᠴᠡᠩᠬᠡᠯᠳᠤ ᠭᠤᠸᠠᠢ᠎ᠶ᠋ᠢᠨ ᠰᠡᠳᠭᠢᠯ ᠲᠤᠩ ᠪᠠᠶᠠᠷᠲᠠᠢ ᠪᠠᠢᠯ᠎ᠠ᠃ ᠡᠨᠡ ᠮᠡᠳᠦ ᠪᠡᠷ ᠠᠵᠢᠯ᠎ᠤᠨ ᠲᠤᠮᠳᠠ᠎ᠪᠠᠨ ᠡᠢᠮᠦᠷᠬᠦᠦ ᠴᠠᠰᠤ ᠮᠦᠰᠦᠨ᠎ᠳᠤ ᠬᠦᠯ ᠭᠠᠷ᠎ᠢᠶᠠᠨ ᠬᠦᠯᠲᠡᠭᠡᠵᠤ ᠰᠢᠷᠬᠠᠳᠤᠭᠤᠯᠳᠠᠭ ᠶᠠᠪᠤᠳᠠᠯ ᠲᠡᠬᠦᠨ᠎ᠳᠦ ᠤᠯᠠᠨ ᠲᠤᠬᠢᠶᠠᠯᠳᠤᠭᠰᠠᠨ ᠶᠤᠮ᠃ 《ᠬᠠᠮᠳᠤ᠎ᠶ᠋ᠢᠨ ᠠᠵᠢᠯ᠎ᠤᠨ ᠲᠦᠯᠦᠭᠡ ᠬᠦᠴᠢᠷ ᠪᠡᠷᠬᠡ᠎ᠶ᠋ᠢ ᠢᠯᠠᠨ ᠳᠠᠪᠠᠭ᠍ᠤ ᠬᠡᠷᠡᠭ᠌ᠲᠠᠢ᠃ ᠢᠯᠠᠩᠭᠤᠶ᠎ᠠ ᠨᠠᠮ᠎ᠤᠨ ᠡᠭᠦᠷ᠎ᠤᠨ ᠠᠵᠢᠯ᠎ᠢ ᠭᠦᠢᠴᠡᠳᠭᠡᠵᠤ ᠪᠠᠢᠬᠤ ᠬᠦᠮᠦᠨ ᠪᠤᠳᠠᠳᠤ ᠤᠢᠯᠡ ᠠᠵᠢᠯᠯᠠᠭ᠎ᠠ᠎ᠪᠠᠷ ᠪᠤᠰᠤᠳ᠎ᠲᠤ ᠳᠠᠭᠤᠷᠢᠶᠠᠯ ᠪᠤᠯᠬᠤ ᠬᠡᠷᠡᠭ᠌ᠲᠠᠢ》 ᠭᠡᠵᠤ ᠲᠡᠷᠡ ᠪᠠᠢᠨᠭᠭᠤ ᠬᠡᠯᠡᠳᠡᠭ ᠮᠦᠷᠲᠡᠭᠡᠨ ᠶᠠᠭ ᠢᠩᠭᠢᠵᠤ ᠬᠢᠳᠡᠭ᠃

ᠡᠨᠡ ᠮᠡᠳᠦ ᠪᠡᠷ ᠠᠷᠪᠠᠨ ᠬᠤᠶᠠᠷ ᠵᠢᠯ ᠭᠠᠴᠠᠭ᠎ᠠ ᠲᠤᠰᠭᠤᠨ᠂ ᠰᠤᠮᠤ ᠪᠠᠯᠭᠠᠰᠤᠨ᠎ᠳᠤ ᠠᠵᠢᠯᠯᠠᠭ᠍ᠰᠠᠨ ᠲᠡᠷᠡ ᠪᠠᠷ ᠵᠤᠬᠢᠶᠠᠨ ᠪᠠᠢᠭᠤᠯᠤᠯᠲᠠ᠎ᠶ᠋ᠢᠨ ᠠᠵᠢᠯ᠎ᠤᠨ ᠲᠤᠬᠢᠷᠠᠭᠤᠯᠤᠯᠳᠠ᠎ᠪᠠᠷ ᠪᠠᠭᠠᠷᠢᠨ ᠪᠠᠷᠠᠭᠤᠨ ᠬᠤᠱᠢᠭᠤᠨ᠎ᠤ ᠲᠠᠷᠢᠶᠠᠯᠠᠩ ᠮᠠᠯ ᠠᠵᠤ ᠠᠬᠤᠢ᠎ᠶ᠋ᠢᠨ ᠲᠤᠪᠴᠢᠶᠠᠨ᠎ᠳᠤ ᠱᠢᠯᠵᠢᠨ ᠢᠷᠡᠵᠤ ᠪᠠᠢᠭᠤᠯᠭ᠎ᠠ᠎ᠶ᠋ᠢᠨ ᠨᠠᠮ᠎ᠤᠨ ᠡᠭᠦᠷ᠎ᠤᠨ ᠠᠵᠢᠯ᠎ᠢ ᠬᠠᠷᠢᠭᠤᠴᠠᠪᠠ᠃ ᠡᠨᠡ ᠬᠤᠭᠤᠴᠠᠭᠠᠨ᠎ᠳᠤ ᠲᠡᠷᠡ ᠬᠤᠶᠠᠷ ᠤᠳᠠᠭ᠎ᠠ ᠭᠠᠴᠠᠭᠠᠨ ᠎ᠳᠤ ᠳᠡᠳ᠋ ᠱᠦᠵᠢ᠎ᠪᠠᠷ ᠲᠤᠮᠢᠯᠠᠭ᠍ᠳᠠᠨ ᠠᠵᠢᠯᠯᠠᠪᠠ᠃᠎ᠦᠡᠳᠦᠰᠤᠨ᠎ᠱᠠᠳᠦᠨ᠎ᠤ᠎ᠠᠵᠢᠯ᠎ᠤᠨ᠎ᠲᠤᠷᠱᠢᠯᠭ᠎ᠠ᠎ᠶ᠋ᠢ᠎ᠨᠡᠯᠢᠶᠡᠳ ᠬᠤᠷᠠᠮᠳᠤᠭᠤᠯᠤᠭ᠍ᠰᠠᠨ ᠲᠤᠯᠠ ᠮᠠᠯᠴᠢᠳ᠎ᠤᠨ ᠬᠦᠴᠢᠷᠳᠡᠯ᠎ᠢ ᠲᠡᠷᠡ ᠬᠡᠨ᠎ᠠᠴᠠ ᠴᠤ᠌ ᠢᠯᠡᠭᠦᠤ ᠤᠢᠯᠠᠭᠠᠳᠠᠭ᠃ ᠮᠠᠯᠴᠢᠨ ᠮᠠᠨᠳᠤᠯ᠎ᠠ᠎ᠶ᠋ᠢᠨ᠎ᠬᠢᠨ ᠲᠦᠷᠪᠡᠨ ᠰᠠᠭᠠᠯᠢ᠎ᠶ᠋ᠢᠨ ᠦᠨᠢᠶ᠎ᠡ ᠲᠡᠵᠢᠭᠡᠭᠡᠳ ᠦᠨᠢᠶᠡᠨ ᠰᠦ᠎ᠨᠢ ᠬᠤᠳᠠᠯᠳᠤᠵᠤ ᠭᠠᠷᠬᠤ ᠦᠭᠡᠢ ᠲᠦᠪᠡᠭ᠌ᠳᠡᠵᠤ ᠪᠠᠢᠬᠤ ᠦᠶ᠎ᠡ᠎ᠳᠤ ᠴᠡᠩᠬᠡᠯᠳᠤ᠎ᠬᠤᠰᠢᠭᠤᠨ ᠲᠥᠪ ᠳ᠋ᠠᠪᠠᠨ ᠪᠠᠯᠭᠠᠰᠤᠨ᠎ᠤ ᠤᠢᠷᠠᠯᠴᠠᠭ᠎ᠠ ᠴᠠᠭᠠᠨ ᠢᠳᠡᠭᠡ ᠪᠤᠯᠪᠠᠰᠤᠷᠠᠭᠤᠯᠬᠤ ᠬᠤᠷᠱᠢᠶ᠎ᠡ᠎ᠳᠤ ᠲᠠᠨᠢᠯᠴᠠᠭᠤᠯᠤᠨ ᠦᠭ᠌ᠴᠤ᠂ ᠴᠡᠪᠡᠷ ᠪᠠᠢᠭᠠᠯᠢᠯᠢᠭ ᠦᠨᠢᠶᠡᠨ ᠰᠦ᠎ᠶ᠋ᠢ᠎ᠨᠢ ᠤᠷᠳᠤᠮᠵᠢ᠎ᠶ᠋ᠢᠨ ᠴᠢᠨᠠᠷᠲᠠᠢ᠎ᠪᠠᠷ ᠬᠤᠳᠠᠯᠳᠤᠨ ᠠᠪᠬᠤ ᠭᠡᠷ᠎ᠡ ᠲᠤᠭ᠍ᠳᠠᠪᠠ᠃ ᠲᠠᠪᠤᠨ ᠵᠢᠯ᠎ᠤᠨ ᠳᠠᠷᠠᠭ᠎ᠠ ᠮᠠᠨᠳᠤᠯ᠎ᠠ᠎ᠶ᠋ᠢᠨ᠎ᠬᠢᠨ 20 ᠰᠠᠭᠠᠯᠢ᠎ᠶ᠋ᠢᠨ ᠦᠨᠢᠶ᠎ᠡ᠎ᠲᠠᠢ ᠴᠢᠨᠡᠭᠡᠯᠢᠭ ᠠᠢᠯ ᠪᠤᠯᠵᠤ ᠠᠢᠯ ᠠᠢᠮᠠᠭ᠎ᠤᠨ᠎ᠬᠢᠨ᠎ᠳᠠᠭᠠᠨ ᠱᠠᠭᠰᠢᠭᠳᠠᠵᠠᠢ᠃ ᠮᠠᠨᠳᠤᠯ᠎ᠠ ᠱᠢᠬ ᠪᠠᠶᠠᠵᠢᠭ᠍ᠰᠠᠨ ᠡᠷᠦᠬᠡ᠎ᠶ᠋ᠢ ᠲᠤᠭᠠᠯᠠᠬᠤ᠎ᠳᠤ ᠲᠡᠭᠦᠨ᠎ᠤ ᠡᠳᠦᠷ᠎ᠤᠨ ᠲᠡᠮᠲᠡᠭ᠌ᠯᠡᠯ ᠲᠡᠭᠡᠷ᠎ᠡ ᠨᠡᠯᠢᠶᠡᠳ ᠠᠷᠪᠢᠨ ᠬᠠᠷᠠᠭ᠍ᠳᠠᠵᠤ ᠪᠠᠢᠯ᠎ᠠ᠃ ᠬᠦᠳᠡᠯᠮᠦᠷᠢᠴᠢ ᠬᠦᠮᠦᠨ᠎ᠤ ᠬᠦᠯᠦᠰᠤ ᠲᠠᠯᠠᠭᠠᠷ ᠤᠷᠤᠰᠳᠠᠭ ᠦᠭᠡᠢ ᠭᠡᠳᠡᠭ᠎ᠢᠶᠠᠷ ᠴᠡᠩᠬᠡᠯᠳᠤ᠎ᠶ᠋ᠢᠨ ᠲᠤᠰᠤᠭ᠍ᠰᠠᠨ ᠱᠠᠩᠨᠠᠯ ᠬᠦᠬᠢᠭᠦᠯᠦᠯ᠎ᠳᠦ᠂ ᠤᠯᠠᠭᠠᠨᠬᠠᠳᠠ ᠬᠤᠲᠠ᠎ᠶ᠋ᠢᠨ ᠬᠦᠳᠡᠯᠮᠦᠷᠢ᠎ᠶ᠋ᠢᠨ ᠵᠢᠱ᠌ᠢᠶᠡᠴᠢ᠂ ᠤᠯᠠᠭᠠᠨᠬᠠᠳᠠ ᠬᠤᠲᠠ᠎ᠶ᠋ᠢᠨ ᠵᠠᠰᠠᠭ᠎ᠤᠨ ᠤᠷᠳᠤᠨ᠎ᠠᠴᠠ ᠤᠯᠭᠤᠭᠰᠠᠨ ᠬᠤᠶᠠᠳᠤᠭᠠᠷ ᠲᠡᠰ᠎ᠤᠨ ᠭᠠᠪᠢᠶ᠎ᠠ ᠲᠡᠮᠲᠡᠭ᠌ᠯᠡᠭ᠌ᠰᠡᠨ ᠬᠦᠬᠢᠭᠦᠯᠦᠯ᠂ ᠪᠠᠭᠠᠷᠢᠨ ᠪᠠᠷᠠᠭᠤᠨ ᠬᠤᠱᠢᠭᠤᠨ᠎ᠤ ᠨᠠᠮ᠎ᠤᠨ ᠬᠤᠷᠢᠶ᠎ᠠ ᠵᠠᠰᠠᠭ᠎ᠤᠨ ᠤᠷᠳᠤᠨ᠎ᠠᠴᠠ ᠤᠯᠭᠤᠭ᠍ᠰᠠᠨ ᠱᠢᠯᠢᠳᠡᠭ ᠡᠪ ᠬᠠᠮᠳᠤ ᠨᠠᠮ᠎ᠤᠨ ᠬᠡᠱᠢᠭᠦᠨ᠂ ᠦᠡᠳᠦᠰᠦᠨ ᠱᠠᠲᠦᠨ᠎ᠤ ᠨᠠᠮ᠎ᠤᠨ ᠡᠭᠦᠷ᠎ᠤᠨ ᠲᠡᠷᠢᠭᠦᠨ᠎ᠤ ᠠᠵᠢᠯᠲᠠᠨ᠂ ᠨᠠᠮ᠎ᠤᠨ ᠪᠦᠲᠦᠭᠡᠨ ᠪᠠᠢᠭᠤᠯᠤᠯᠲᠠ᠎ᠶ᠋ᠢᠨ ᠠᠵᠢᠯ᠎ᠤᠨ ᠵᠢᠱ᠌ᠢᠶᠡᠴᠢ ᠠᠵᠢᠯᠲᠠᠨ᠂ ᠱᠢᠯᠢᠳᠡᠭ ᠵᠤᠬᠢᠶᠠᠨ ᠪᠠᠢᠭᠤᠯᠬᠤ ᠬᠡᠱᠢᠭᠦᠨ᠂ ᠵᠤᠯ ᠵᠢᠷᠭᠠᠯᠳᠤ ᠪᠠᠭᠠᠷᠢᠨ ᠪᠠᠷᠠᠭᠤᠨ ᠬᠤᠱᠢᠭᠤ᠎ᠶ᠋ᠢ ᠪᠦᠳᠦᠭᠡᠨ ᠪᠠᠢᠭᠤᠯᠬᠤ ᠠᠵᠢᠯ᠎ᠤᠨ ᠲᠡᠷᠢᠭᠦᠨ᠎ᠤ ᠬᠤᠪᠢ ᠬᠦᠮᠦᠨ ᠵᠡᠷᠭᠡ ᠢᠷᠠᠭᠤ ᠠᠯᠳᠠᠷ᠎ᠢᠶᠠᠷ ᠭᠤᠴᠢ ᠭᠠᠷᠤᠢ ᠤᠳᠠᠭ᠎ᠠ ᠡᠩᠭᠡᠷ᠎ᠢᠶᠠᠨ ᠮᠢᠯᠢᠶᠠᠯᠭᠠᠵᠤ ᠶᠠᠪᠤᠨ᠎ᠠ᠃

2019 ᠤᠨ᠎ᠤ 3 ᠰᠠᠷ᠎ᠠ᠎ᠳᠤ ᠴᠡᠩᠬᠡᠯᠳᠤ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠶᠢᠰᠤᠳᠤᠭᠡᠷ ᠬᠤᠭᠤᠴᠠᠭ᠎ᠠ᠎ᠶ᠋ᠢᠨ ᠤᠳᠭ᠎ᠠ ᠵᠤᠬᠢᠶᠠᠯ ᠵᠤᠬᠢᠶᠠᠨ ᠪᠦᠲᠦᠭᠡᠯᠭᠡ᠎ᠶ᠋ᠢᠨ ᠰᠤᠳᠤᠯᠬᠤ ᠠᠩᠬᠢ᠎ᠳᠤ ᠰᠤᠷᠤᠯᠴᠠᠪᠠ᠃ ᠡᠨᠡ᠎ᠨᠢ ᠲᠡᠭᠦᠨ᠎ᠤ ᠭᠤᠴᠢ ᠭᠠᠷᠤᠢ ᠵᠢᠯ᠎ᠤᠨ ᠲᠤᠷᠰᠢ ᠵᠤᠬᠢᠶᠠᠯᠴᠢ ᠪᠤᠯᠤᠶ᠎ᠠ ᠭᠡᠰᠡᠨ ᠬᠦᠰᠡᠯ᠎ᠨᠢ ᠪᠠᠢᠯ᠎ᠠ᠃ ᠠᠩᠬ᠎ᠠ ᠡᠬᠢᠨ᠎ᠳᠡᠭᠡᠨ ᠠᠬᠢᠨ ᠨᠢᠭᠡ ᠤᠳᠠᠭ᠎ᠠ ᠰᠤᠷᠤᠭ᠍ᠴᠢ᠎ᠶ᠋ᠢᠨ ᠠᠮᠢᠳᠤᠷᠠᠯ᠎ᠢ ᠬᠢᠵᠤ ᠠᠭᠤᠵᠢᠭᠤ ᠲᠠᠯᠪᠢᠭᠤ ᠨᠤᠮ ᠵᠤᠬᠢᠶᠠᠯ ᠤᠩᠱᠢᠵᠤ ᠪᠢᠴᠢᠶ᠎ᠡ ᠭᠡᠵᠤ ᠪᠤᠳᠤᠵᠤ ᠪᠠᠢᠪᠠ᠃ ᠬᠤᠶᠠᠳᠡᠬᠢ ᠭᠠᠷᠠᠭ᠎ᠤᠨ ᠬᠢᠴᠢᠶᠡᠯ ᠡᠬᠢᠯᠡᠬᠦ᠌᠎ᠪᠠᠷ ᠠᠩᠬᠢ᠎ᠶ᠋ᠢᠨ ᠬᠤᠷᠠᠯ ᠬᠤᠷᠠᠯᠳᠤᠨ ᠴᠡᠩᠬᠡᠯᠳᠤ᠎ᠶ᠋ᠢ ᠤᠳᠠᠭᠠᠨ ᠵᠢᠯ ᠭᠠᠴᠠᠭ᠎ᠠ ᠲᠤᠰᠭᠤᠨ᠂ ᠰᠤᠮᠤ ᠪᠠᠯᠭᠠᠰᠤ᠂ ᠬᠤᠱᠢᠭᠤᠨ᠎ᠤ ᠬᠠᠷᠢᠶ᠎ᠠ ᠪᠠᠢᠭᠤᠯᠭ᠎ᠠ᠎ᠳᠤ ᠨᠠᠮ᠎ᠤᠨ ᠡᠭᠦᠷ᠎ᠤᠨ ᠠᠵᠢᠯ᠎ᠢ ᠬᠠᠷᠢᠭᠤᠴᠠᠭ᠍ᠰᠠᠨ ᠲᠤᠷᠱᠢᠯᠭ᠎ᠠ᠎ᠲᠠᠢ᠎ᠭᠡᠵᠤ ᠪᠠᠭ᠍ᠰᠢ᠎ᠠᠴᠠ ᠲᠠᠨᠢᠯᠴᠠᠭᠤᠯᠵᠤ ᠤᠳᠭ᠎ᠠ ᠵᠤᠬᠢᠶᠠᠯ ᠰᠤᠳᠤᠯᠬᠤ ᠠᠩᠬᠢ᠎ᠶ᠋ᠢᠨ ᠨᠠᠮ᠎ᠤᠨ ᠡᠭᠦᠷ᠎ᠤᠨ ᠱᠦᠵᠢ᠎ᠶ᠋ᠢᠨ ᠲᠤᠱᠢᠶᠠᠯ ᠡᠭᠦᠷᠭᠡᠯᠡᠭᠦᠯᠬᠦ ᠪᠡᠷ ᠪᠤᠯᠪᠠ᠃ ᠡᠨᠡ ᠬᠦ᠌ ᠡᠭᠦᠷᠭᠡ ᠲᠤᠱᠢᠶᠠᠯ᠎ᠤᠨ ᠦᠩᠭᠡ ᠭᠡᠷᠡᠯ ᠪᠤᠯᠤᠨ ᠬᠠᠷᠢᠭᠤᠴᠠᠯᠭ᠎ᠠ᠎ᠶ᠋ᠢ ᠲᠡᠷᠡ ᠪᠤᠰᠤᠳ ᠨᠠᠮ᠎ᠤᠨ ᠬᠡᠱᠢᠭᠦᠨ᠎ᠠᠴᠠ ᠢᠯᠡᠭᠦᠤ ᠮᠡᠳᠡᠨ᠎ᠡ᠃ ᠬᠠᠮᠢᠭ᠎ᠠ ᠬᠡᠵᠢᠶ᠎ᠡ ᠶᠠᠮᠠᠷ ᠭᠠᠵᠠᠷ ᠠᠵᠢᠯᠯᠠᠭ᠍ᠰᠠᠨ ᠴᠤ᠌ ᠨᠠᠮ᠎ᠤᠨ ᠡᠭᠦᠷ᠎ᠢᠶᠠᠷ ᠭᠤᠤᠯ ᠴᠤᠭ᠍ᠴᠠ ᠪᠤᠯᠭᠠᠬᠤ ᠵᠠᠷᠴᠢᠮ᠎ᠢ ᠪᠠᠷᠢᠮᠲᠠᠯᠠᠬᠤ ᠬᠡᠷᠡᠭ᠌ᠲᠠᠢ ᠭᠡᠵᠤ ᠪᠤᠳᠤᠵᠤ ᠶᠠᠪᠤᠳᠠᠭ᠃ ᠠᠵᠢᠯ᠎ᠢᠶᠠᠨ ᠰᠠᠢᠳᠤᠷ ᠦᠷᠨᠢᠭᠦᠯᠬᠦ᠌᠎ᠶ᠋ᠢᠨ ᠲᠦᠯᠦᠭᠡ ᠲᠡᠷᠡ ᠨᠠᠮ᠎ᠤᠨ ᠬᠡᠱᠢᠭᠦᠳ᠎ᠲᠠᠢ᠎ᠪᠠᠨ ᠨᠢᠬᠳᠠ ᠬᠠᠷᠢᠯᠴᠠᠨ᠂ ᠵᠤᠬᠢᠶᠠᠯ ᠪᠦᠳᠦᠭᠡᠯ᠎ᠢ᠎ᠨᠢ ᠶᠠᠷᠢᠯᠴᠠᠨ ᠰᠤᠳᠤᠯᠵᠤ᠂ ᠮᠠᠯᠴᠢᠨ ᠵᠤᠬᠢᠶᠠᠯᠴᠢᠳ᠎ᠤᠨ ᠪᠦᠲᠦᠭᠡᠯ᠎ᠢ ᠬᠢᠳᠠᠳ ᠬᠡᠯᠡ᠎ᠪᠠᠷ ᠤᠷᠴᠢᠭᠤᠯᠤᠨ᠂ ᠡᠷᠳᠡᠮᠲᠡᠨ ᠪᠠᠭ᠍ᠰᠢ ᠨᠠᠷ᠂ ᠬᠠᠮᠳᠤ ᠰᠤᠷᠤᠭ᠍ᠴᠢᠳ ᠲᠠᠭᠠᠨ ᠲᠠᠨᠢᠯᠴᠠᠭᠤᠯᠤᠨ ᠦᠭ᠌ᠴᠦ᠂ ᠤᠷᠠᠨ ᠵᠤᠬᠢᠶᠠᠯ᠎ᠤᠨ ᠨᠠᠷᠢᠨ ᠮᠡᠳᠡᠷᠡᠮᠵᠢ᠎ᠶ᠋ᠢ᠎ᠨᠢ ᠢᠯᠡᠷᠡᠭᠦᠯᠦᠨ ᠤᠯᠠᠨ᠎ᠤ ᠶᠠᠷᠢᠯᠴᠠᠨ ᠰᠤᠳᠤᠯᠬᠤ᠎ᠳᠤ ᠲᠦᠭᠦᠮ ᠦᠵᠡᠭᠦᠯᠬᠦ ᠵᠡᠷᠭᠡ ᠠᠷᠭ᠎ᠠ ᠬᠡᠮᠵᠢᠶ᠎ᠡ ᠵᠢ ᠰᠦᠪᠡᠭ᠌ᠴᠢᠯᠡᠨ ᠠᠵᠢᠯᠯᠠᠭ᠍ᠰᠠᠨ᠎ᠢᠶᠠᠷ ᠦᠷ᠎ᠡ ᠪᠦᠳᠦᠮᠵᠢ᠎ᠪᠠᠷ ᠲᠦᠢᠯ᠎ᠤᠨ ᠰᠠᠢᠨ ᠪᠤᠯᠵᠠᠢ᠃

ᠮᠦᠨ ᠲᠤᠰ ᠵᠢᠯ᠎ᠤᠨ ᠲᠤᠯᠤᠭᠠᠨ ᠰᠠᠷ᠎ᠠ᠎ᠳᠤ ᠴᠡᠨᠭᠬᠡᠯᠳᠦ ᠤᠷᠠᠨ ᠵᠤᠬᠢᠶᠠᠯᠴᠢᠳ᠎ᠤᠨ ᠬᠦᠰᠡᠭᠡᠳ ᠪᠠᠢᠳᠠᠭ ᠯᠤ᠌ ᠱᠢᠶᠦ᠋ᠨ ᠨᠡᠷᠡᠮᠵᠢᠳᠤ ᠤᠳᠭ᠎ᠠ ᠵᠤᠬᠢᠶᠠᠯ᠎ᠤᠨ ᠳᠡᠭᠡᠳᠤ ᠰᠤᠷᠭᠠᠭᠤᠯᠢ᠎ᠳᠤ ᠬᠦᠷᠴᠦ ᠰᠤᠷᠤᠯᠴᠠᠵᠠᠢ᠃ ᠤᠯᠠᠩᠬᠢ ᠵᠤᠬᠢᠶᠠᠯᠴᠢᠳ ᠴᠦᠮ ᠲᠤᠰ ᠰᠤᠷᠭᠠᠭᠤᠯᠢ᠎ᠳᠤ ᠬᠦᠷᠴᠦ᠍ ᠰᠤᠷᠤᠯᠴᠠᠬᠤ᠎ᠶ᠋ᠢ ᠬᠦᠰᠡᠳᠡᠭ ᠰᠠᠨ᠃ ᠲᠡᠷᠡ᠎ᠪᠠᠷ ᠰᠤᠷᠭᠠᠭᠤᠯᠢ᠎ᠳᠤ ᠬᠦᠷᠦᠭᠰᠡᠨ᠎ᠤ ᠲᠠᠷᠠᠭ᠎ᠠ ᠡᠳᠦᠷ᠎ᠨᠢ ᠯᠤ᠌ ᠱᠢᠶᠦ᠋ᠨ ᠨᠡᠷᠡᠮᠵᠢᠳᠤ ᠤᠳᠭ᠎ᠠ ᠵᠤᠬᠢᠶᠠᠯ᠎ᠤᠨ ᠳᠡᠭᠡᠳᠤ ᠰᠤᠷᠭᠠᠭᠤᠯᠢ᠎ᠶ᠋ᠢᠨ ᠴᠦᠬᠡᠨ ᠲᠤᠭᠠᠲᠤ ᠦᠡᠳᠦᠰᠦᠲᠡᠨ᠎ᠤ ᠭᠤᠴᠢᠨ ᠲᠦᠷᠪᠡᠲᠦᠭᠡᠷ ᠬᠤᠭᠤᠴᠠᠭ᠎ᠠ᠎ᠶ᠋ᠢᠨ ᠤᠳᠭ᠎ᠠ᠎ᠵᠤᠬᠢᠶᠠᠯ ᠵᠤᠬᠢᠶᠠᠨ ᠪᠦᠳᠦᠭᠡᠯᠭᠡ᠎ᠶ᠋ᠢᠨ ᠠᠩᠬᠢ᠎ᠶ᠋ᠢᠨ ᠨᠠᠮ᠎ᠤᠨ ᠡᠭᠦᠷ᠎ᠤᠨ ᠱᠦᠵᠢ᠎ᠶ᠋ᠢᠨ ᠲᠤᠱᠢᠶᠠᠯ᠎ᠢ ᠬᠠᠷᠢᠭᠤᠴᠠᠪᠠ᠃ ᠡᠨᠡ᠎ᠨᠢ ᠭᠤᠴᠢ ᠭᠠᠷᠤᠢ ᠵᠢᠯ ᠨᠠᠮ᠎ᠤᠨ ᠡᠭᠦᠷ᠎ᠤᠨ ᠠᠵᠢᠯ᠎ᠢ ᠬᠠᠷᠢᠭᠤᠴᠠᠭ᠍ᠰᠠᠨ᠎ᠤ ᠦᠩᠭᠡ ᠭᠢᠯᠪᠠᠭ᠎ᠠ ᠰᠠᠴᠦᠷᠠᠭ᠍ᠰᠠᠨ ᠬᠠᠮᠤᠭ᠎ᠤᠨ ᠰᠠᠢᠬᠠᠨ ᠴᠠᠭ ᠦᠶ᠎ᠡ ᠱᠢᠭ ᠲᠡᠬᠦᠨ᠎ᠳᠦ ᠰᠠᠨᠠᠭ᠍ᠳᠠᠨ᠎ᠠ᠃ ᠠᠵᠢᠯ ᠎ᠢᠶᠠᠨ ᠡᠷᠴᠢᠮᠲᠠᠢ ᠦᠷᠨᠢᠭᠦᠯᠬᠦ᠌᠎ᠶ᠋ᠢᠨ ᠵᠡᠷᠭᠡ᠎ᠪᠠᠷ 40 ᠬᠠᠮᠳᠤ ᠰᠤᠷᠤᠯᠭᠠᠲᠠᠨ᠎ᠤ᠎ᠪᠠᠨ ᠵᠤᠬᠢᠶᠠᠯ ᠪᠦᠲᠦᠭᠡᠯ᠎ᠢ ᠤᠩᠱᠢᠨ ᠰᠤᠷᠤᠯᠴᠠᠵᠤ᠂ ᠦᠡᠳᠤᠰᠦᠲᠡᠨ᠎ᠤ ᠪᠦᠯᠬᠦᠮᠳᠡᠯ᠎ᠢ ᠴᠢᠬᠤᠯᠠ ᠠᠵᠢᠯ ᠪᠤᠯᠭᠠᠨ ᠠᠳᠭᠤᠪᠠ᠃ ᠲᠤᠰ ᠠᠩᠬᠢ᠎ᠨᠢ ᠮᠤᠩᠭᠤᠯ᠂ ᠬᠢᠳᠠᠳ᠂ ᠲᠠᠭᠤᠷ ᠵᠡᠷᠭᠡ ᠤᠯᠠᠨ ᠦᠡᠳᠦᠰᠦᠲᠡᠨ᠎ᠤ ᠰᠤᠷᠤᠯᠭᠠᠲᠠᠨ᠎ᠢᠶᠠᠷ ᠪᠦᠷᠢᠯᠳᠤᠪᠡ᠃ ᠨᠢᠭᠡ ᠠᠩᠬᠢ᠎ᠶ᠋ᠢᠨ ᠪᠦᠯᠬᠦᠮᠳᠡᠯ ᠨᠢᠬᠲᠠᠷᠠᠯ᠎ᠤᠨ ᠬᠦᠴᠦᠨ᠎ᠨᠢ ᠨᠠᠮ᠎ᠤᠨ ᠡᠭᠦᠷ᠎ᠤᠨ ᠠᠵᠢᠯ᠎ᠢ ᠰᠠᠢᠨ ᠬᠢᠭ᠌ᠰᠡᠨ ᠡᠰᠡᠬᠦ᠌᠎ᠲᠠᠢ ᠱᠢᠭᠤᠳ ᠬᠤᠯᠪᠤᠭ᠍ᠳᠠᠬᠤ᠎ᠶ᠋ᠢ ᠴᠡᠩᠬᠡᠯᠳᠤ ᠲᠤᠳᠤᠷᠬᠠᠢ ᠤᠢᠯᠠᠭᠠᠨ᠎ᠠ᠃ ᠲᠡᠷᠡ ᠰᠤᠯᠠ ᠰᠡᠯᠡᠭᠦᠤ ᠴᠠᠭ᠎ᠢ ᠠᠱᠢᠭ᠍ᠯᠠᠨ ᠨᠠᠮ᠎ᠤᠨ ᠬᠡᠱᠢᠭᠦᠨ᠎ᠲᠠᠢ᠎ᠪᠠᠨ ᠶᠠᠷᠢᠯᠴᠠᠨ᠂ ᠦᠵᠡᠯ ᠰᠠᠨᠠᠭ᠎ᠠ᠎ᠶ᠋ᠢᠨ ᠠᠵᠢᠯ᠎ᠢ ᠲᠡᠷᠢᠭᠦᠨ ᠪᠠᠢᠷᠢᠨ᠎ᠳᠤ ᠲᠠᠯᠪᠢᠵᠤ᠂ ᠲᠡᠭᠦᠨ᠎ᠤ ᠨᠦᠯᠦᠭᠡ᠎ᠪᠠᠷ ᠬᠡᠳᠦᠨ ᠬᠠᠮᠳᠤ ᠰᠤᠷᠤᠯᠭᠠᠲᠠᠨ᠎ᠤ ᠬᠢᠨᠢ ᠦᠵᠡᠯ ᠤᠬᠠᠮᠰᠠᠷ᠎ᠨᠢ ᠲᠤᠩ ᠶᠡᠭᠡ ᠳᠡᠭᠡᠭ᠌ᠰᠢᠯᠡᠯᠲᠡ᠎ᠲᠠᠢ ᠪᠤᠯᠤᠭ᠍ᠰᠠᠨ᠎ᠢ ᠪᠠᠭ᠍ᠰᠢ ᠰᠤᠷᠤᠭ᠍ᠴᠢᠳ᠎ᠨᠢ ᠴᠦᠮ ᠮᠡᠳᠡᠷᠡᠵᠤ ᠪᠠᠢᠬᠤ᠎ᠶ᠋ᠢᠨ ᠳᠠᠭᠠᠤ 《ᠴᠡᠩᠬᠡᠯᠳᠤ ᠨᠦᠬᠦᠷ ᠪᠤᠯ ᠮᠠᠨ᠎ᠤ ᠠᠩᠬᠢ᠎ᠶ᠋ᠢᠨ ᠰᠠᠢᠨ ᠠᠬ᠎ᠠ ᠮᠦᠷᠲᠡᠭᠡᠨ ᠨᠠᠮ᠎ᠤᠨ ᠡᠭᠦᠷ᠎ᠤᠨ ᠰᠠᠢᠨ ᠱᠦᠵᠢ ᠱᠢᠤ》 ᠭᠡᠵᠡᠭᠡᠳᠡᠭ ᠪᠠᠢᠯ᠎ᠠ᠃


ᠤᠷᠠᠨ ᠵᠤᠬᠢᠶᠠᠯ᠎ᠳᠤ ᠲᠠᠯᠠᠷᠬᠠᠬᠤ ᠰᠡᠳᠭᠢᠯ


ᠴᠡᠩᠬᠡᠯᠳᠤ᠎ᠶ᠋ᠢᠨ ᠵᠤᠬᠢᠶᠠᠨ ᠪᠦᠲᠦᠭᠡᠭ᠌ᠰᠡᠨ《ᠦᠨᠢᠷ ᠦᠰᠦᠭ᠌ᠰᠡᠨ ᠪᠠᠭᠠᠷᠢᠨ ᠨᠤᠳᠤᠭ᠎ᠤᠨ ᠮᠠᠯ ᠰᠦᠷᠦᠭ》ᠨᠢ ᠤᠯᠠᠭᠠᠨᠬᠠᠳᠠ ᠬᠤᠲᠠ᠎ᠶ᠋ᠢᠨ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠎ᠤᠨ ᠱᠢᠯᠢᠲᠡᠭ ᠪᠦᠳᠦᠭᠡᠯ᠎ᠤᠨ ᠱᠠᠩᠨᠠᠯ ᠬᠦᠷᠲᠡᠵᠤ᠂《ᠮᠦᠩᠬᠡ᠎ᠶ᠋ᠢᠨ ᠵᠤᠭᠤᠭ》ᠦᠭᠦᠯᠡᠯᠭᠡ᠎ᠶ᠋ᠢᠨ ᠲᠡᠭᠦᠪᠦᠷᠢ ᠵᠢ᠎ᠨᠢ ᠦᠪᠦᠷ ᠮᠤᠩᠭᠤᠯ᠎ᠤᠨ ᠰᠤᠶᠤᠯ᠎ᠤᠨ ᠭᠡᠪᠯᠡᠯ᠎ᠤᠨ ᠬᠤᠷᠢᠶᠠᠨ᠎ᠠᠴᠠ ᠭᠡᠪᠯᠡᠭᠦᠯᠤᠨ ᠲᠠᠷᠬᠠᠭᠠᠵᠤ᠂《ᠡᠵᠢ ᠪᠠᠭ᠍ᠰᠢ》ᠨᠢ ᠲᠦᠪ᠎ᠤᠨ ᠠᠷᠠᠳ᠎ᠤᠨ ᠷᠠᠳᠢᠤ᠋ ᠨᠡᠪᠲᠡᠷᠡᠬᠦᠯᠭᠡ ᠵᠢᠨ ᠬᠤᠷᠢᠶᠠᠨ᠎ᠤ᠎ᠨᠠᠮ᠎ᠪᠠᠢᠭᠤᠯᠤᠭ᠍ᠳᠠᠭ᠍ᠰᠠᠨ90 ᠵᠢᠯ᠎ᠤᠨ ᠤᠢ᠎ᠶ᠋ᠢ ᠪᠠᠶᠠᠷᠯᠠᠨ ᠪᠡᠯᠭᠡᠯᠡᠬᠦ᠌ 《ᠰᠡᠳᠭᠢᠯ᠎ᠤᠨ ᠤᠶᠠᠩᠭ᠎ᠠ》 ᠵᠤᠬᠢᠶᠠᠯ ᠪᠦᠳᠤᠭᠡᠯ᠎ᠤᠨ ᠤᠷᠤᠯᠳᠤᠭᠠᠨ᠎ᠳᠤ ᠱᠢᠯᠢᠳᠡᠭ ᠪᠦᠳᠦᠭᠡᠯ᠎ᠤᠨ ᠱᠠᠩᠨᠠᠯ ᠭᠠᠷᠳᠠᠵᠤ᠂ ᠷᠤᠮᠠᠨ《ᠡᠭᠡᠱᠢᠭ᠌ᠳᠦ ᠬᠠᠢᠷᠬᠠᠨ᠎ᠤ ᠴᠤᠤᠷᠠᠢ》ᠨᠢ ᠤᠯᠠᠭᠠᠨᠬᠠᠳᠠ᠎ᠬᠤᠲᠠ᠎ᠶ᠋ᠢᠨ᠎ᠠᠩᠬᠠᠳᠠᠭ᠍ᠴᠢ ᠤᠳᠠᠭᠠᠨ᠎ᠤ ᠤᠳᠭ᠎ᠠ ᠤᠷᠠᠯᠢᠭ᠎ᠤᠨ ᠭᠤᠤᠯᠳᠠᠯᠭ᠎ᠠ᠎ᠲᠠᠢ ᠳᠡᠮᠵᠢᠬᠦ᠌ ᠤᠷᠠᠨ ᠪᠦᠳᠦᠭᠡᠯ᠎ᠤᠨ ᠱᠠᠩᠨᠠᠯ ᠪᠤᠯᠤᠨ ᠤᠯᠠᠭᠠᠨᠬᠠᠳᠠ᠎ᠶ᠋ᠢᠨ ᠤᠷᠠᠨ ᠵᠤᠬᠢᠶᠠᠯ᠎ᠤᠨ ᠱᠠᠩᠨᠠᠯᠳᠤ ᠤᠷᠤᠯᠳᠤᠭᠠᠨ᠎ᠤ ᠨᠢᠭᠡᠳᠤᠭᠡᠷ ᠲᠡᠰ ᠲᠦ᠍ ᠲᠤᠳᠤᠷᠠᠵᠤ᠂《ᠦᠤᠷ᠎ᠤᠨ ᠲᠤᠶᠠᠭ᠎ᠠ》 ᠷᠤᠮᠠᠨ ᠨᠢ ᠦᠪᠦᠷ ᠮᠤᠩᠭᠤᠯ᠎ᠤᠨ《ᠲᠠᠯ᠎ᠠ ᠨᠤᠲᠤᠭ᠎ᠤᠨ ᠤᠳᠭ᠎ᠠ ᠤᠷᠠᠯᠢᠭ᠎ᠤᠨ ᠰᠤᠳᠤᠨ ᠪᠦᠳᠤᠭᠡᠯ᠎ᠤᠨ ᠢᠨᠵᠧᠨᠧᠷᠢᠡᠭ — ᠤᠷᠠᠨ ᠵᠤᠬᠢᠶᠠᠯ᠎ᠤᠨ ᠪᠦᠳᠤᠭᠡᠯ》᠎ᠢᠶᠠᠷ ᠰᠤᠩᠭᠤᠭ᠍ᠳᠠᠵᠤ ᠤᠷᠤᠭ᠍ᠰᠠᠨ ᠪᠠᠢᠨ᠎ᠠ᠃

2020 ᠤᠨ ᠎ᠤ 11ᠰᠠᠷ᠎ᠠ᠎ᠳᠤ ᠪᠤᠯᠤᠭ᠍ᠰᠠᠨ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠤᠳᠭ᠎ᠠ ᠵᠤᠬᠢᠶᠠᠯ ᠰᠤᠳᠤᠯᠬᠤ ᠠᠩᠬᠢ᠎ᠶ᠋ᠢᠨ ᠶᠢᠰᠤᠳᠤᠭᠡᠷ ᠬᠤᠭᠤᠴᠠᠭ᠎ᠠ᠎ᠶ᠋ᠢᠨ ᠠᠩᠬᠢ ᠲᠡᠭᠦᠰᠭᠦ ᠵᠢᠴᠢ ᠠᠷᠪᠠᠳᠤᠭᠠᠷ ᠬᠤᠭᠤᠴᠠᠭ᠎ᠠ᠎ᠶ᠋ᠢᠨ ᠠᠩᠬᠢ ᠡᠬᠢᠯᠡᠭᠦᠯᠬᠦ᠌ ᠶᠤᠰᠤᠯᠠᠯ ᠲᠡᠭᠡᠷ᠎ᠡ ᠴᠡᠨᠭᠬᠡᠯᠳᠦ ᠠᠩᠬᠢ᠎ᠪᠠᠨ ᠲᠦᠯᠦᠭᠡᠯᠡᠨ ᠪᠠᠢᠵᠤ᠄《ᠵᠤᠬᠢᠶᠠᠯᠴᠢ ᠪᠤᠯᠬᠤ ᠬᠦᠰᠡᠯ᠎ᠢ ᠮᠢᠨᠢ ᠲᠡᠷᠭᠡᠯᠱᠢᠭᠦᠯᠦᠭ᠌ᠰᠡᠨ ᠠᠭᠤᠤ ᠨᠠᠮ᠎ᠤᠨ ᠬᠠᠢᠷ᠎ᠠ ᠬᠠᠯᠠᠮᠵᠢ᠎ᠳᠤ ᠲᠠᠯᠠᠷᠬᠠᠨ᠎ᠠ᠂ ᠨᠠᠮ᠎ᠤᠨ ᠡᠭᠦᠷ᠎ᠤᠨ ᠱᠦᠵᠢ᠎ᠪᠠᠷ ᠢᠲᠡᠭᠡᠵᠤ ᠨᠠᠢᠳᠠᠭ᠍ᠰᠠᠨ ᠰᠤᠷᠭᠠᠭᠤᠯᠢ᠎ᠶ᠋ᠢᠨ ᠵᠤᠬᠢᠶᠠᠨ ᠪᠠᠢᠭᠤᠯᠤᠯᠲᠠ᠂ ᠡᠷᠳᠡᠮᠲᠡᠨ ᠪᠠᠭ᠍ᠰᠢ ᠨᠠᠷ᠂ ᠬᠠᠮᠲᠤ ᠰᠤᠷᠤᠯᠭᠠᠲᠠᠳ ᠲᠠᠭᠠᠨ ᠲᠠᠯᠠᠷᠬᠠᠨ᠎ᠠ᠂ ᠭᠤᠴᠢ ᠭᠠᠷᠤᠢ᠎ᠵᠢᠯ ᠬᠠᠷᠢᠭᠤᠴᠠᠭᠠᠳ ᠢᠷᠡᠭ᠌ᠰᠡᠨ ᠨᠠᠮ᠎ᠤᠨ ᠡᠭᠦᠷ᠎ᠤᠨ ᠠᠵᠢᠯ᠂ ᠵᠤᠬᠢᠶᠠᠨ ᠪᠦᠲᠦᠭᠡᠭᠡᠳ ᠢᠷᠡᠭ᠌ᠰᠡᠨ ᠤᠷᠠᠨ ᠵᠤᠬᠢᠶᠠᠯ᠂ ᠭᠠᠷᠳᠠᠵᠤ ᠲᠤᠰᠤᠭ᠍ᠰᠠᠨ ᠢᠷᠠᠭᠤ ᠠᠯᠳᠠᠷ᠎ᠤᠨ ᠱᠠᠩᠨᠠᠯ᠎ᠢᠶᠠᠨ ᠡᠷᠬᠢᠮᠨᠡᠨ ᠨᠠᠡᠳᠢᠩᠨᠠᠨ᠎ᠠ 》 ᠭᠡᠵᠤ ᠰᠡᠳᠬᠢᠯ ᠲᠤᠬᠳᠤᠯᠤᠨᠭᠬᠠᠨ ᠶᠠᠷᠢᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号