ᠳᠤᠮᠳᠠᠳᠤ
ᠤᠯᠤᠰ ᠤᠨ ᠲᠡᠦᠬᠡ ᠪᠣᠯ ᠦᠨᠳᠦᠰᠦᠲᠡᠨᠨᠦᠭᠦᠳ ᠠᠭᠤᠰᠤᠯᠴᠠᠨ ᠤᠯᠠᠨ ᠡᠱᠢᠵᠢᠨ ᠨᠢᠭᠡ ᠴᠤᠬ᠍ᠴᠠᠵᠢᠬᠰᠠᠨ ᠳᠤᠮᠳᠠᠳᠤ
ᠶ᠋ᠢᠨ ᠦᠨᠳᠦᠰᠦᠲᠡᠨᠤ ᠲᠡᠦᠬᠡ ᠮᠥᠨ᠂ ᠦᠨᠳᠦᠰᠦᠲᠡᠨᠨᠦᠭᠦᠳ ᠤᠨ ᠬᠠᠮᠲᠦ ᠪᠡᠷ ᠪᠠᠢᠭᠤᠯᠵᠤ ᠂ ᠬᠥᠭ᠌ᠵᠢᠭᠦᠯᠵᠦ᠍
᠂ ᠪᠡᠬᠢᠵᠢᠭᠦᠯᠦᠭᠰᠡᠨ ᠨᠢᠭᠡᠳᠦᠭᠰᠡᠨ ᠠᠭᠤᠤ ᠶᠡᠬᠡ ᠡᠬᠡ ᠤᠯᠤᠰᠤᠨ ᠲᠡᠦᠬᠡ ᠮᠥᠨ ᠃ ᠥᠪᠥᠷ ᠮᠣᠩᠭᠣᠯ ᠪᠣᠯ ᠲᠡᠦᠬᠡᠨ
ᠳᠡᠭᠡᠷᠡᠬᠢ ᠤᠯᠠᠨ ᠦᠨᠳᠦᠰᠦᠲᠡᠨ ᠲᠥᠪᠯᠡᠷᠡᠭ᠌ᠰᠡᠨ ᠣᠷᠣᠨ ᠪᠠᠢᠵᠦ᠂ ᠥᠪᠥᠷ ᠮᠣᠩᠭᠣᠯ ᠤᠨ ᠲᠡᠦᠬᠡ ᠪᠣᠯ ᠦᠨᠳᠦᠰᠦᠲᠡᠨᠨᠦᠭᠦᠳ
ᠠᠭᠤᠰᠤᠯᠴᠠᠨ ᠤᠯᠠᠨ ᠡᠱᠢᠵᠢᠨ ᠨᠢᠭᠡ ᠴᠤᠬ᠍ᠴᠠᠵᠢᠬᠰᠠᠨ ᠬᠥᠭ᠌ᠵᠢᠯᠲᠡᠶ᠋ᠢᠨ ᠪᠠᠢᠷᠢᠱᠢᠯ ᠤᠨ ᠲᠡᠦᠬᠡ ᠮᠦᠨ᠃《ᠳᠥᠷᠪᠡᠨ ᠬᠠᠮᠲᠤ》ᠵᠢᠨ ᠳᠤᠮᠳᠠᠳᠤ ᠶ᠋ᠢᠨ
ᠦᠨᠳᠦᠰᠦᠲᠡᠨ ᠦ ᠲᠡᠦᠬᠡ ᠶ᠋ᠢᠨ ᠦᠵᠡᠯᠲᠡᠶ᠋ᠢ ᠪᠠᠲᠤ
ᠪᠣᠶ ᠪᠣᠯᠭᠠᠵᠤ᠂ ᠳᠤᠮᠳᠠᠳᠤ ᠶ᠋ᠢᠨ ᠪᠣᠯᠪᠠᠰᠤᠨ ᠤ ᠡᠭᠦᠰᠦᠯ ᠪᠠ ᠲᠡᠦᠬᠡ ᠶ᠋ᠢᠨ ᠰᠤᠳᠠᠰᠤ ᠶ᠋ᠢ
ᠣᠨᠣᠪᠴᠢᠲᠠᠶ ᠲᠠᠨᠢᠵᠤ ᠂ ᠳᠤᠮᠳᠠᠳᠤ ᠶ᠋ᠢᠨ ᠦᠨᠳᠦᠰᠦᠲᠡᠨ ᠪᠠ ᠳᠤᠮᠳᠠᠳᠤ ᠶ᠋ᠢᠨ ᠰᠣᠶᠣᠯ ᠤᠨ ᠣᠯᠠᠨ ᠡᠱᠢᠵᠢᠨ
ᠨᠢᠭᠡ ᠴᠣᠭ᠍ᠴᠠᠵᠢᠬᠤᠶ᠋ᠢ ᠣᠨᠣᠪᠴᠢᠲᠠᠶ ᠲᠠᠨᠢᠵᠤ ᠂ ᠥᠪᠥᠷ ᠮᠣᠩᠭᠣᠯ ᠤᠨ ᠡᠨᠡ ᠬᠦ᠌ ᠬᠠᠯᠠᠭᠤᠨ ᠬᠥᠷᠥᠰᠥᠨ ᠳᠦ
ᠦᠨᠳᠦᠰᠦᠲᠡᠨᠨᠦᠭᠦᠳ ᠦᠨ ᠳᠤᠮᠳᠠᠳᠤ ᠶ᠋ᠢᠨ ᠦᠨᠳᠦᠰᠦᠲᠡᠨ ᠦ ᠲᠥᠯᠥᠭᠡ ᠦᠵᠡᠭᠦᠯᠦᠭ᠌ᠰᠡᠨ ᠲᠡᠦᠬᠡᠨ ᠬᠤᠪᠢ ᠨᠡᠮᠡᠷᠢ
ᠶ᠋ᠢ ᠣᠨᠣᠪᠴᠢᠲᠠᠶ ᠲᠠᠨᠢᠬᠤ ᠨᠢ ᠲᠤᠢᠯ ᠤᠨ ᠴᠢᠬᠤᠯᠠ ᠶᠤᠮ᠃
ᠲᠡᠦᠬᠡ
ᠪᠡᠷ ᠲᠤᠯᠢ ᠪᠣᠯᠭᠠᠬᠤ ᠪᠣᠯ ᠳᠤᠮᠳᠠᠳᠤ ᠶ᠋ᠢᠨ ᠦᠨᠳᠦᠰᠦᠲᠡᠨ
ᠤ᠋ ᠲᠥᠷᠥᠯᠬᠢ ᠱᠢᠯᠢᠳᠡᠭ ᠵᠠᠩ ᠰᠤᠷᠲᠠᠯ ᠮᠥᠨ ᠃ ᠱᠠᠨᠰᠢ ᠮᠤᠵᠢᠶ᠋ᠢᠨ ᠪᠤᠤ ᠵᠢᠢ ᠢ᠋ᠢᠨ ᠬᠦᠷᠡᠯ ᠪᠠᠭᠠᠵᠢ ᠵᠢᠨ ᠮᠦᠽᠧᠢᠳᠦ᠂ ᠦᠨᠳᠦᠷᠢᠶᠡᠷ ᠵᠢᠨᠨ 40 ᠰᠠᠨᠲ᠋ᠢᠮᠧᠲᠷ ᠬᠦᠷᠬᠦ᠌ ᠦᠭᠡᠢ 《 ᠾᠧ ᠽᠦᠨ 》ᠬᠡᠲᠡᠭ ᠬᠦᠷᠡᠯ ᠪᠠᠭᠠᠵᠢ
ᠨᠢ ᠠᠯᠤᠰ ᠬᠤᠯᠠ ᠡᠴᠡ ᠢᠷᠡᠭ᠌ᠰᠡᠨ ᠬᠥᠮᠦᠰᠦᠨ ᠠᠩᠬᠠᠷᠤᠯᠢ ᠲᠠᠲᠠᠨᠠ᠃ ᠶᠠᠭ ᠳᠡᠷᠡᠬᠦ ᠾᠧ ᠽᠦᠨ ᠤ ᠲᠡᠭᠡᠷᠡᠬᠢ
ᠰᠡᠢᠯᠦᠮᠡᠯ ᠪᠢᠴᠢᠭᠡᠰᠦ ᠨᠢ ᠪᠢᠳᠡᠨ ᠳᠦ《ᠳᠤᠮᠳᠠᠳᠤ ᠤᠯᠤᠰ 》 ᠭᠡᠬᠦ᠌ ᠦᠭᠡ ᠶ᠋ᠢᠨ
ᠣᠳᠣᠬᠠᠨ ᠤ ᠬᠠᠮᠤᠭ ᠤ᠋ᠨ ᠡᠷᠲᠡᠨ ᠦ ᠡᠭᠦᠰᠦᠯ᠂ ᠲᠡᠭᠦᠨᠦ
ᠠᠴᠢᠶᠠᠯᠠᠭ᠍ᠰᠠᠨ ᠦᠨᠳᠦᠰᠦᠲᠡᠨᠦ ᠬᠠᠮᠲᠤ ᠶ᠋ᠢᠨ ᠳᠤᠷᠠᠰᠤᠮᠵᠢ ᠪᠠ ᠥᠪᠡᠷᠮᠢᠴᠡ ᠤᠶᠤᠨ ᠰᠠᠨᠠᠭᠠᠨ ᠤ ᠶᠢᠷᠲᠢᠨᠴᠦ᠍
ᠨᠢ ᠲᠡᠦᠬᠡᠪᠡᠷ ᠬᠡᠮᠵᠢᠶᠡᠰᠦ ᠪᠣᠯᠭᠠᠨ ᠤᠯᠠᠷᠢᠨ ᠬᠦᠭᠵᠢᠵᠦ ᠢᠷᠡᠭᠰᠡᠨ ᠭᠡᠳᠡᠭᠢ ᠮᠡᠳᠡᠭᠦᠯᠦᠭᠰᠡᠨ ᠪᠠᠢᠨᠠ᠃ ᠲᠡᠦᠬᠡ ᠶ᠋ᠢ ᠶᠠᠮᠠᠷ ᠬᠠᠷᠠᠴᠠᠪᠠᠷ
ᠠᠵᠢᠭ᠍ᠯᠠᠨ ᠱᠢᠨᠵᠢᠵᠦ᠍ ᠂ ᠲᠡᠦᠬᠡ ᠶ᠋ᠢ ᠶᠠᠮᠠᠷ ᠠᠷᠭᠠᠪᠠᠷ ᠣᠢᠯᠠᠭᠠᠬᠤ ᠨᠢ ᠭᠠᠬᠴᠠ ᠬᠦ ᠥᠩᠭᠡᠷᠡᠭ᠌ᠰᠡᠨ
ᠦ ᠲᠤᠬᠠᠢ ᠵᠢᠷᠤᠬᠯᠠᠯ ᠢ᠋ ᠨᠥᠯᠥᠭᠡᠯᠡᠬᠦ᠌ ᠪᠡᠷ ᠪᠠᠷᠠᠬᠤ
ᠦᠭᠡᠢ ᠂ ᠨᠡᠩ ᠴᠸ᠋ ᠤᠳᠠᠯ ᠦᠭᠡᠢ ᠥᠷᠨᠢᠬᠦ᠌ ᠭᠡᠵᠦ᠍ ᠪᠠᠢᠭᠠ ᠢᠷᠡᠭᠡᠳᠦᠢ ᠶ᠋ᠢ ᠨᠥᠯᠥᠭᠡᠯᠡᠬᠦ᠌ ᠶᠤᠮ᠃
ᠳᠤᠮᠳᠠᠳᠤ
ᠶ᠋ᠢᠨ ᠦᠨᠳᠦᠰᠦᠲᠡᠨ ᠦ ᠬᠠᠮᠲᠤ ᠴᠣᠭ᠍ᠴᠠ ᠶ᠋ᠢᠨ ᠤᠬᠠᠮᠰᠠᠷ ᠢ ᠪᠠᠲᠤ ᠴᠣᠭ᠍ᠴᠠᠯᠠᠬᠤ ᠪᠠᠷ ᠭᠣᠣᠯ ᠱᠢᠵᠢᠮ
ᠪᠣᠯᠭᠠᠬᠤ ᠶ᠋ᠢ ᠪᠠᠷᠢᠮᠲᠠᠯᠠᠵᠤ᠂ ᠳᠤᠮᠳᠠᠳᠤ ᠶ᠋ᠢᠨ ᠦᠨᠳᠦᠰᠦᠲᠡᠨ ᠦ ᠬᠠᠮᠲᠤ ᠶ᠋ᠢᠨ ᠤᠶᠤᠨ ᠰᠠᠨᠠᠭᠠᠨᠤ
ᠭᠡᠷ ᠣᠷᠣᠨ ᠢ ᠪᠦᠲᠦᠭᠡᠨ ᠪᠠᠢᠭᠤᠯᠵᠤ ᠂ ᠥᠪᠥᠷ ᠮᠣᠩᠭᠣᠯ ᠤᠨ ᠦᠨᠳᠦᠰᠦᠲᠡᠨ ᠦ ᠠᠵᠢᠯᠤᠨ ᠴᠢᠨᠠᠷ ᠰᠠᠢᠲᠠᠢ
ᠬᠥᠭ᠌ᠵᠢᠯᠲᠡᠶ᠋ᠢ ᠯᠠᠪᠳᠠᠭᠤᠨ ᠪᠠᠲᠤᠲᠠᠢ ᠠᠬᠢᠭᠤᠯᠬᠤ ᠳᠤ ᠳᠤᠮᠳᠠᠳᠤ ᠶ᠋ᠢᠨ ᠦᠨᠳᠦᠰᠦᠲᠡᠨ ᠦ ᠵᠥᠪ ᠲᠡᠦᠬᠡ
ᠶ᠋ᠢᠨ ᠦᠵᠡᠯᠲᠡ ᠵᠢᠡ ᠲᠤᠯᠭᠠᠭᠤᠷᠢᠯᠠᠯ ᠪᠠ ᠬᠦᠳᠦᠯᠦᠨ ᠳᠠᠭᠠᠭᠤᠯᠭᠠ ᠦᠭᠡᠢ ᠪᠣᠯ ᠪᠣᠯᠬᠤ ᠦᠭᠡᠢ ᠶᠤᠮ᠃ ᠶᠡᠷᠦᠩᠬᠡᠢ
ᠱᠦᠵᠢ ᠰᠢᠶ᠋ᠢᠨ ᠫᠢᠩ ᠄ 《ᠮᠠᠨ ᠤ ᠤᠯᠤᠰ ᠤᠨ ᠥᠷᠭᠡᠨ
ᠠᠭᠤᠳᠠᠮ ᠨᠤᠲᠤᠭ ᠳᠡᠪᠢᠰᠭᠡᠷᠢ ᠦᠨᠳᠦᠰᠦᠲᠡᠨᠨᠦᠭᠦᠳ ᠬᠠᠮᠲᠤ ᠪᠠᠷ ᠨᠡᠭᠡᠭᠡᠭ᠌ᠰᠡᠨ ᠶᠤᠮ᠂ ᠥᠨᠢ ᠤᠳᠠᠭᠠᠨ
ᠲᠡᠦᠬᠡ ᠶ᠋ᠢ ᠦᠨᠳᠦᠰᠦᠲᠡᠨᠨᠦᠭᠦᠳ ᠬᠠᠮᠲᠤ ᠪᠠᠷ ᠪᠢᠴᠢᠭ᠌ᠯᠡᠭ᠌ᠰᠡᠨ ᠶᠤᠮ ᠂ ᠭᠡᠷᠡᠯ ᠰᠠᠴᠤᠷᠠᠩᠭᠤᠢ ᠰᠣᠶᠣᠯᠢ ᠦᠨᠳᠦᠰᠦᠲᠡᠨᠨᠦᠭᠦᠳ ᠬᠠᠮᠲᠤ ᠪᠠᠷ ᠡᠭᠦᠳᠦᠭ᠌ᠰᠡᠨ ᠶᠤᠮ᠂ ᠠᠭᠤᠤ ᠶᠡᠬᠡ ᠦᠨᠳᠦᠰᠦᠲᠡᠨᠦ ᠵᠣᠷᠢᠭ ᠰᠠᠨᠠᠭᠠ
ᠶ᠋ᠢ ᠦᠨᠳᠦᠰᠦᠲᠡᠨᠨᠦᠭᠦᠳ ᠬᠠᠮᠲᠤ ᠪᠠᠷ ᠪᠣᠢᠵᠢᠭᠤᠯᠤᠭ᠍ᠰᠠᠨ ᠶᠤᠮ》 ᠬᠡᠵᠦ ᠴᠢᠬᠤᠯᠠᠴᠢᠯᠠᠪᠠ᠃ ᠡᠨᠡ ᠪᠣᠯ ᠡᠷᠲᠡᠨ ᠡᠳᠦᠭᠡᠶ᠋ᠢᠨ ᠦᠨᠳᠦᠰᠦᠲᠡᠨ ᠦ ᠬᠥᠭ᠌ᠵᠢᠯᠲᠡᠶ᠋ᠢᠨ ᠲᠡᠦᠬᠡ ᠶ᠋ᠢ ᠠᠵᠢᠭ᠍ᠯᠠᠵᠤ ᠂
ᠨᠢᠭᠡᠳᠦᠭ᠌ᠰᠡᠨ ᠤᠯᠠᠨ ᠦᠨᠳᠦᠰᠦᠲᠡᠨᠲᠡᠶ ᠤᠯᠤᠰ ᠤᠨ ᠦᠨᠳᠦᠰᠦᠨ ᠤᠯᠤᠰ ᠤᠨ ᠪᠠᠢᠳᠠᠯᠢ ᠭᠦᠨᠵᠡᠭᠡᠢ ᠠᠵᠢᠭ᠍ᠯᠠᠵᠤ
ᠪᠠᠢᠭᠠᠳ ᠣᠯᠤᠭ᠍ᠰᠠᠨ ᠲᠡᠦᠬᠡᠶ᠋ᠢᠨ ᠨᠤᠲᠠᠯᠠᠯᠲᠠ ᠪᠣᠯᠤᠨᠠ᠃ ᠪᠢᠳᠡ ᠥᠪᠥᠷ ᠮᠣᠩᠭᠣᠯᠤᠨ ᠥᠨᠥᠳᠦᠷ ᠤ᠋ᠨ ᠲᠣᠬᠢᠶᠠᠯᠳᠤᠭ᠍ᠰᠠᠨ ᠲᠡᠦᠬᠡ᠂ ᠦᠨᠳᠦᠰᠦᠲᠡᠨ᠂ ᠰᠣᠶᠣᠯ ᠵᠡᠷᠭᠡ
ᠵᠢᠨ ᠠᠰᠠᠭᠤᠳᠠᠯᠢ ᠳᠤᠮᠳᠠᠳᠤᠶ᠋ᠢᠨ ᠦᠨᠳᠦᠰᠦᠲᠡᠨᠦ ᠲᠡᠦᠬᠡ ᠶ᠋ᠢᠨ ᠬᠥᠭ᠌ᠵᠢᠯᠲᠡ ᠳᠤᠮᠳᠠ ᠲᠠᠯᠪᠢᠵᠦ ᠲᠠᠨᠢᠨ ᠮᠡᠳᠡᠬᠦ᠂ ᠥᠪᠥᠷ ᠮᠣᠩᠭᠣᠯ ᠤᠨ ᠦᠨᠳᠦᠰᠦᠲᠡᠨ
ᠨᠤᠬᠦᠳ ᠪᠣᠯᠤᠨ ᠳᠤᠮᠳᠠᠳᠤ ᠶ᠋ᠢᠨ ᠦᠨᠳᠦᠰᠦᠲᠡᠨ ᠦ ᠲᠡᠦᠬᠡ ᠶ᠋ᠢᠨ ᠬᠠᠷᠢᠯᠴᠠᠭᠠᠨ ᠤ ᠳᠤᠮᠳᠠ ᠲᠠᠯᠪᠢᠵᠦ ᠲᠠᠨᠢᠨ ᠮᠡᠳᠡᠬᠦ᠂ ᠥᠪᠥᠷ ᠮᠣᠩᠭᠣᠯ ᠤᠨ ᠦᠨᠳᠦᠰᠦᠲᠡᠨ ᠨᠤᠬᠦᠳ ᠤ᠋ᠨ ᠰᠣᠶᠣᠯ ᠪᠣᠯᠤᠨ ᠳᠤᠮᠳᠠᠳᠤ ᠶ᠋ᠢᠨ ᠰᠣᠶᠣᠯ ᠤᠨ ᠲᠡᠦᠬᠡ
ᠶ᠋ᠢᠨ ᠠᠭᠤᠰᠤᠯᠴᠠᠯ ᠤᠨ ᠳᠤᠮᠳᠠ ᠲᠠᠯᠪᠢᠵᠦ ᠲᠠᠨᠢᠨ ᠮᠡᠳᠡᠬᠦ ᠵᠢ ᠪᠠᠷᠢᠮᠳᠠᠯᠠᠵᠦ᠂ ᠦᠵᠡᠯ ᠰᠠᠨᠠᠭᠠᠨᠤ ᠲᠥᠭᠡᠷᠢᠭ᠌ᠳᠡᠯ ᠵᠢᠡᠨ
ᠠᠷᠢᠯᠭᠠᠵᠤ᠂ ᠤᠷᠤᠭ᠍ᠰᠢᠯᠠᠬᠤ ᠴᠢᠭ᠌ᠯᠡᠯ ᠵᠢᠡᠨ ᠲᠣᠳᠣᠷᠬᠠᠢᠯᠠᠬᠤ ᠬᠡᠷᠡᠭ᠌ᠲᠡᠢ ᠃
ᠲᠡᠦᠬᠡ
ᠪᠣᠯ ᠬᠠᠮᠤᠭ ᠤᠨ ᠰᠠᠢ᠌ᠨ ᠰᠤᠷᠬᠤ ᠪᠢᠴᠢᠭ ᠮᠥᠨ᠃ ᠥᠪᠥᠷ
ᠮᠣᠩᠭᠣᠯ ᠤᠨ ᠡᠬᠡ ᠭᠠᠵᠠᠷ ᠲᠤ᠂ ᠦᠨᠳᠦᠰᠦᠲᠡᠨᠨᠦᠭᠦᠳ ᠪᠦᠯᠬᠦᠮᠳᠡᠨ ᠲᠡᠮᠡᠴᠡᠵᠦ᠂ ᠰᠠᠬᠢᠨ ᠪᠠᠷᠠᠯᠠᠵᠤ ᠬᠠᠷᠢᠯᠴᠠᠨ
ᠬᠠᠪᠰᠤᠷᠤᠯᠴᠠᠭ᠍ᠰᠠᠨ ᠵᠡᠷᠭᠡ《 ᠬᠠᠮᠲᠤᠪᠠᠷ ᠦᠩᠭᠡᠷᠡᠭᠦᠯᠦᠭᠰᠡᠨ》 ᠂ 《 ᠬᠠᠮᠲᠤ ᠪᠡᠷᠶᠠᠪᠤᠵᠦ
ᠢᠷᠡᠭᠰᠡᠨ 》 ᠲᠡᠦᠬᠡ ᠶ᠋ᠢᠨ ᠪᠣᠳᠠᠲᠤ
ᠪᠠᠢᠳᠠᠯ ᠪᠠᠢᠬᠤᠪᠠᠷ ᠪᠠᠷᠠᠬᠤ ᠦᠭᠡᠢ᠂ ᠪᠠᠰᠠ ᠦᠨᠳᠦᠰᠦᠲᠡᠨᠨᠦᠭᠦᠳ ᠦᠨ ᠶᠠᠪᠤᠯᠴᠠᠭᠠ ᠰᠣᠯᠢᠯᠴᠠᠭᠠ᠂
ᠬᠠᠮᠲᠤᠪᠠᠷ ᠤᠷᠤᠰᠢᠨ ᠬᠠᠮᠲᠤᠪᠠᠷ ᠡᠳ᠋ᠯᠡᠭ᠌ᠰᠡᠨ ᠵᠡᠷᠭᠡ 《ᠬᠠᠮᠲᠤ ᠪᠡᠷ ᠠᠮᠢᠳᠤᠷᠠᠭ᠍ᠰᠠᠨ
》 ᠪᠣᠳᠠᠲᠤ ᠥᠩᠭᠡᠷᠡᠯᠲᠡ
ᠳᠠᠢ ᠪᠠᠢᠵᠤ᠂ ᠥᠪᠥᠷ ᠮᠣᠩᠭᠣᠯ ᠤᠨ ᠦᠨᠳᠦᠰᠦᠲᠡᠨᠨᠦᠭᠦᠳ ᠦᠨ ᠢᠮᠠᠭ᠍ᠲᠠ ᠬᠡᠨ ᠠᠯᠢᠨ ᠡᠴᠡ ᠪᠠᠨ ᠰᠠᠯᠵᠤ ᠴᠢᠳᠠᠬᠤ ᠦᠭᠡᠢ ᠤᠯᠠᠨ ᠡᠱᠢᠵᠢᠨ
ᠨᠢᠭᠡ ᠴᠣᠭ᠍ᠴᠠᠵᠢᠬᠰᠠᠨ ᠪᠠᠢᠷᠢᠱᠢᠯᠢ ᠠᠮᠢᠳᠤᠯᠢᠭ ᠢᠶᠠᠷ ᠭᠡᠷᠡᠴᠢᠯᠡᠵᠡᠢ᠃ ᠪᠢᠳᠡ ᠳᠤᠮᠳᠠᠳᠤ ᠶ᠋ᠢᠨ ᠦᠨᠳᠦᠰᠦᠲᠡᠨ
ᠦ ᠬᠠᠮᠲᠤ ᠴᠣᠭ᠍ᠴᠠ ᠶ᠋ᠢᠨ ᠤᠬᠠᠮᠰᠠᠷ ᠢ ᠪᠠᠲᠤ ᠴᠣᠭ᠍ᠴᠠᠯᠠᠬᠤ ᠤᠬᠠᠭᠤᠯᠭᠠ ᠬᠥᠮᠦᠵᠢᠯ ᠢ ᠪᠠᠢᠩᠭᠤᠵᠢᠭᠤᠯᠤᠨ᠂ 《ᠭᠤᠷᠪᠠᠨ ᠰᠠᠯᠵᠤ ᠴᠢᠳᠠᠬᠤ
ᠦᠭᠡᠢ》᠂《ᠲᠠᠪᠤᠨ ᠬᠠᠮᠲᠤ ᠶ᠋ᠢᠨ
ᠲᠠᠨᠢᠯᠲᠠ》ᠶ᠋ᠢ ᠦᠨᠳᠦᠰᠦᠲᠡᠨᠨᠦᠭᠦᠳᠦᠨ ᠤᠯᠠᠨ ᠲᠦᠮᠡᠨ ᠦ ᠰᠡᠳᠭᠢᠯ ᠳᠦ ᠭᠦᠨ ᠦᠨᠳᠦᠰᠦᠯᠡᠭᠦᠯᠬᠦ᠌
ᠶ᠋ᠢ ᠠᠬᠢᠭᠤᠯᠬᠤ ᠬᠡᠷᠡᠭ᠌ᠲᠡᠢ ᠃
《ᠤᠳᠭᠠ ᠠᠭᠤᠯᠭᠠ ᠢ᠋ᠢᠨ ᠶᠢᠷᠲᠢᠨᠴᠦ᠍ ᠳᠦ ᠂ ᠤᠯᠠᠮᠵᠢᠯᠠᠯ ᠤ᠋ᠨ ᠪᠠᠢᠭᠤᠯᠤᠭ᠍ᠳᠠᠬᠤ ᠪᠠ ᠦᠷᠭᠦᠯᠵᠢᠯᠡᠬᠦ᠌ ᠡᠴᠡ ᠨᠡᠩ ᠴᠢᠬᠤᠯᠠ
ᠶᠠᠪᠤᠳᠠᠯ ᠭᠡᠵᠦ᠍ ᠪᠠᠢᠬᠤ ᠦᠭᠡᠢ ᠶᠤᠮ 》 ᠃ ᠵᠥᠪ ᠣᠨᠣᠪᠴᠢᠲᠠᠢ ᠳᠤᠮᠳᠠᠳᠤ ᠶ᠋ᠢᠨ ᠦᠨᠳᠦᠰᠦᠲᠡᠨ ᠦ ᠲᠡᠦᠬᠡ
ᠶ᠋ᠢᠨ ᠦᠵᠡᠯᠲᠡ ᠶ᠋ᠢ ᠢᠮᠠᠭ᠍ᠲᠠ ᠪᠠᠷᠢᠮᠲᠠᠯᠠᠵᠤ᠂ ᠤᠯᠤᠰ ᠣᠷᠣᠨᠤ ᠭᠣᠣᠯᠯᠠᠭ᠍ᠴᠢ ᠬᠦᠴᠦᠨ ᠢ ᠪᠤᠵᠠᠭᠠᠢᠷᠠᠭᠤᠯᠵᠦ᠂ ᠪᠦᠯᠬᠦᠮᠳᠡᠯᠦᠨ ᠰᠦᠭ ᠰᠦᠨᠡᠰᠦ ᠶ᠋ᠢ ᠱᠤᠭᠤᠪᠠᠯ᠂
ᠳᠠᠷᠤᠢ ᠱᠢᠨᠡ ᠠᠶᠠᠨ ᠢᠶᠠᠨ ᠡᠬᠢᠯᠡᠭᠦᠯᠤᠨ ᠂ ᠱᠢᠨᠡ ᠴᠠᠭ ᠦᠶᠡ ᠳᠦ ᠡᠷᠡᠮᠡᠬᠡᠢᠯᠡᠨ ᠤᠷᠤᠭ᠍ᠰᠢᠯᠠᠬᠤ ᠳᠤ
ᠳᠠᠭᠤᠰᠤᠰᠢ ᠦᠭᠡᠢ ᠤᠶᠤᠨ ᠰᠠᠨᠠᠭᠠᠨᠤ ᠬᠥᠳᠡᠯᠭᠡᠬᠦ᠌ ᠬᠦᠴᠦᠨ ᠬᠠᠩᠭᠠᠵᠤ ᠴᠢᠳᠠᠨᠠ ᠃