ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠳᠤ ᠦᠵᠡᠯ ᠰᠠᠨᠠᠭ᠎ᠠ᠎ᠪᠠᠷ ᠨᠠᠮ ᠪᠠᠢᠭᠤᠯᠬᠤ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌᠎ᠶ᠋ᠢ ᠪᠠᠷᠢᠮᠲᠠᠯᠠᠬᠤ ᠬᠡᠷᠡᠭ᠌ᠲᠡᠢ
2021-11-08 11:16:30
ᠵᠣᠬᠢᠶᠠᠭ᠍ᠴᠢ᠄
ᠹᠧᠩ ᠵᠢᠶᠦ᠋ᠨ
ᠣᠩᠱᠢᠭ᠍ᠰᠠᠨ ᠣᠳᠠᠭ᠎ᠠ᠄
★★★☆☆

ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠪᠣᠯ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠨᠠᠮ᠎ᠤᠨ ᠪᠠᠢᠭᠤᠯᠤᠯᠲᠠ᠎ᠶ᠋ᠢ ᠴᠢᠩᠭᠠᠳᠭᠠᠬᠤ ᠢᠯᠡ ᠲᠣᠳᠣ ᠭᠣᠣᠯ ᠰᠡᠳᠦᠪ᠂ ᠲᠦᠷᠦ᠍᠎ᠶ᠋ᠢ ᠵᠠᠰᠠᠵᠤ ᠵᠠᠰᠠᠭ᠎ᠢ ᠡᠷᠬᠢᠯᠡᠬᠦ᠌ ᠢᠯᠡ ᠲᠣᠳᠣ ᠣᠨᠴᠠᠯᠢᠭ ᠪᠣᠯᠤᠨ᠎ᠠ᠃ ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢ᠂ ᠨᠠᠮ᠎ᠤᠨ ᠲᠥᠪ ᠬᠣᠷᠢᠶ᠎ᠠ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢ ᠠᠬᠢᠭᠤᠯᠵᠤ᠂ ᠠᠰᠠᠭᠤᠳᠠᠯ᠎ᠢᠶᠠᠷ ᠤᠳᠤᠷᠢᠳᠤᠮᠵᠢ ᠪᠣᠯᠭᠠᠵᠤ᠂ ᠦᠵᠡᠯ ᠰᠠᠨᠠᠭ᠎ᠠ᠎ᠶ᠋ᠢ ᠴᠢᠩᠭ᠎ᠠ ᠠᠳᠭᠤᠵᠤ᠂ ᠨᠠᠮ᠎ᠢ ᠴᠢᠩᠭ᠎ᠠ ᠬᠠᠮᠢᠶᠠᠷᠴᠤ᠌᠂ ᠰᠠᠬᠢᠯᠭ᠎ᠠ ᠪᠠᠲᠤ᠎ᠶ᠋ᠢ ᠴᠢᠩᠭ᠎ᠠ ᠬᠡᠷᠡᠭ᠌ᠵᠢᠭᠦᠯᠵᠦ᠍᠂ ᠠᠯᠪᠠᠨ ᠲᠤᠱᠢᠶᠠᠯᠲᠠᠨ᠎ᠢ ᠴᠢᠩᠭ᠎ᠠ ᠵᠠᠰᠠᠵᠤ᠂ ᠰᠤᠷᠲᠠᠯ᠎ᠢ ᠴᠢᠩᠭ᠎ᠠ ᠠᠳᠭᠤᠵᠤ᠂ ᠢᠯᠵᠠᠷᠠᠯ᠎ᠢ ᠴᠢᠩᠭ᠎ᠠ ᠡᠰᠡᠷᠭᠦᠴᠡᠪᠡ᠃ ᠶᠡᠷᠦᠩᠬᠡᠢ ᠱᠦᠵᠢ ᠰᠢ᠎ᠶ᠋ᠢᠨ ᠫᠢᠩ᠄《ᠨᠠᠮ᠎ᠤᠨ ᠲᠡᠮᠡᠴᠡᠯ᠎ᠦᠨ ᠥᠩᠭᠡᠷᠡᠯᠲᠡ᠎ᠶ᠋ᠢ ᠡᠷᠭᠢᠴᠡᠭᠦᠯᠪᠡᠯ᠂ ᠮᠠᠨ᠎ᠤ ᠨᠠᠮ ᠲᠠᠰᠤᠷᠠᠯᠳᠠ ᠦᠭᠡᠢ ᠬᠦᠴᠢᠷ ᠪᠡᠷᠬᠡᠱᠢᠶᠡᠯ᠎ᠢ ᠲᠤᠭᠤᠯᠤᠨ ᠱᠢᠨ᠎ᠡ ᠭᠡᠷᠡᠯ ᠰᠠᠴᠤᠷᠠᠩᠭᠤᠢ ᠠᠮᠵᠢᠯᠲᠠ᠎ᠶ᠋ᠢ ᠡᠭᠦᠳᠴᠦ᠍ ᠴᠢᠳᠠᠭ᠍ᠰᠠᠨ᠎ᠤ ᠮᠠᠰᠢ ᠴᠢᠬᠤᠯᠠ ᠨᠢᠭᠡ ᠵᠦᠢᠯ ᠪᠣᠯ ᠳᠠᠷᠤᠢ ᠮᠠᠨ᠎ᠤ ᠨᠠᠮ ᠢᠮᠠᠭ᠍ᠲᠠ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌᠎ᠶ᠋ᠢ ᠴᠢᠬᠤᠯᠠᠴᠢᠯᠠᠵᠤ᠂ ᠱᠢᠨᠵᠢᠯᠡᠬᠦ᠌ ᠤᠬᠠᠭᠠᠨᠴᠢ ᠤᠨᠤᠯ᠎ᠢᠶᠠᠷ ᠥᠷᠭᠡᠨ ᠤᠯᠠᠨ ᠨᠠᠮ᠎ᠤᠨ ᠭᠡᠱᠢᠭᠦᠨ᠂ ᠺᠠᠳ᠋ᠷᠴᠤᠳ᠎ᠤᠨ ᠲᠠᠷᠢᠬᠢ ᠲᠣᠯᠣᠭᠠᠢ᠎ᠶ᠋ᠢ ᠵᠡᠪᠰᠡᠭ᠌ᠯᠡᠬᠦ᠌᠎ᠶ᠋ᠢ ᠪᠠᠷᠢᠮᠲᠠᠯᠠᠵᠤ᠂ ᠪᠦᠬᠦ᠌ ᠨᠠᠮ᠎ᠢ ᠢᠮᠠᠭ᠍ᠲᠠ ᠨᠢᠭᠡᠳᠦᠯᠲᠡᠢ ᠦᠵᠡᠯ ᠰᠠᠨᠠᠭ᠎ᠠ᠂ ᠡᠷᠡᠰ ᠪᠠᠲᠤ ᠵᠣᠷᠢᠭ ᠰᠠᠨᠠᠭ᠎ᠠ᠂ ᠬᠦᠴᠦᠷᠬᠡᠭ ᠶᠡᠬᠡ ᠲᠠᠢ᠌ᠴᠢᠨ ᠬᠦᠴᠦᠨ᠎ᠲᠡᠶ ᠪᠠᠢᠯᠭᠠᠭᠰᠠᠨ  ᠶᠠᠪᠤᠳᠠᠯ ᠪᠣᠯᠤᠨ᠎ᠠ ᠬᠡᠲᠡᠭ ᠢ᠋ ᠮᠡᠲᠡᠵᠦ ᠪᠤᠯᠤᠨ᠎ᠠ》᠂《ᠭᠠᠭ᠍ᠴᠠ ᠬᠦ᠌ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌᠎ᠶ᠋ᠢ ᠪᠠᠷᠢᠮᠲᠠᠯᠠᠪᠠᠯ᠂ ᠤᠭ ᠰᠠᠨᠠᠭ᠎ᠠ᠎ᠪᠠᠨ ᠦᠯᠦ᠍ ᠮᠠᠷᠲᠠᠬᠤ ᠳ᠋ᠤ ᠰᠠᠶᠢ ᠨᠡᠩ ᠤᠬᠠᠮᠰᠠᠷ ᠡᠴᠡ ᠪᠠᠨ ᠪᠤᠯᠵᠦ᠂ ᠡᠭᠦᠷᠭᠡ ᠬᠠᠷᠢᠭᠤᠴᠠᠯᠭ᠎ᠠ ᠡᠭᠦᠷᠭᠡᠯᠡᠬᠦ ᠳ᠋ᠤ ᠰᠠᠶᠢ ᠨᠡᠩ ᠡᠷᠡᠰ ᠪᠠᠲᠤ ᠪᠤᠯᠵᠤ ᠴᠢᠳᠠᠨ᠎ᠠ》ᠬᠡᠵᠦ ᠵᠢᠭᠠᠵᠦ ᠭᠠᠷᠭᠠᠪᠠ᠃ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌ ᠪᠣᠯ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢ ᠠᠬᠢᠭᠤᠯᠬᠤ ᠴᠢᠬᠤᠯᠠ ᠭᠠᠷᠳᠠᠴᠠ ᠮᠥᠨ᠂ ᠨᠠᠮ᠎ᠤᠨ ᠲᠡᠷᠢᠭᠦᠨ᠎ᠦ ᠴᠢᠨᠠᠷ᠎ᠢ ᠪᠠᠷᠢᠮᠲᠠᠯᠠᠨ ᠬᠥᠭ᠌ᠵᠢᠭᠦᠯᠬᠦ᠌ ᠡᠷᠬᠢᠮ ᠨᠠᠨᠳᠢᠨ ᠲᠤᠷᠱᠢᠯᠭ᠎ᠠ ᠮᠥᠨ᠂ ᠡᠬᠦᠨ᠎ᠳᠤ ᠳᠠᠷᠠᠭᠠᠬᠢ ᠲᠦᠷᠪᠡᠨ ᠲᠠᠯ᠎ᠠ᠎ᠶᠢᠨ ᠱᠠᠭᠠᠷᠳᠠᠯᠭ᠎ᠠ᠎ᠶᠢ ᠪᠡᠶᠡᠯᠡᠬᠦᠯᠬᠦ ᠴᠢᠬᠤᠯᠠᠲᠠᠢ᠃

ᠮᠠᠷᠺᠰ᠎ᠤᠨ ᠦᠵᠡᠯ᠎ᠢ ᠨᠠᠮ ᠪᠠᠢᠭᠤᠯᠬᠤ ᠤᠯᠤᠰ ᠪᠠᠢᠭᠤᠯᠬᠤ ᠦᠨᠳᠦᠰᠦᠨ ᠵᠢᠯᠣᠭᠣᠳᠭᠤ ᠦᠵᠡᠯ ᠰᠠᠨᠠᠭ᠎ᠠ ᠪᠣᠯᠭᠠᠵᠦ᠂ ᠤᠬ ᠰᠠᠨᠠᠭ᠎ᠠ ᠡᠬᠦᠷᠭᠡ ᠬᠠᠷᠢᠭᠤᠴᠠᠯᠭ᠎ᠠ ᠪᠠᠨ ᠪᠠᠲᠦ ᠴᠡᠭᠡᠵᠢᠯᠡᠬᠦ ᠬᠡᠷᠡᠭᠲᠡᠢ

ᠳᠤᠮᠳᠠᠳᠤ ᠤᠯᠤᠰ᠎ᠤᠨ ᠡᠪ ᠬᠠᠮᠲᠤ ᠨᠠᠮ ᠪᠣᠯ ᠮᠠᠷᠺᠰ᠎ᠤᠨ ᠦᠵᠡᠯ᠎ᠢᠶᠡᠷ ᠤᠨᠤᠯ᠎ᠤᠨ ᠰᠠᠭᠤᠷᠢ ᠪᠣᠯᠭᠠᠭ᠍ᠰᠠᠨ ᠨᠠᠮ ᠮᠥᠨ᠂ ᠪᠠᠢᠭᠤᠯᠤᠭ᠍ᠳᠠᠭ᠍ᠰᠠᠨ ᠡᠳᠦᠷ᠎ᠡᠴᠡ᠎ᠪᠡᠨ ᠡᠬᠢᠯᠡᠨ ᠮᠠᠷᠺᠰ᠎ᠤᠨ ᠦᠵᠡᠯ᠎ᠢ ᠨᠠᠮ᠎ᠤᠨ ᠲᠤᠭ ᠳᠡᠭᠡᠷ᠎ᠡ ᠲᠣᠳᠣᠷᠬᠠᠢ ᠪᠢᠴᠢᠭ᠌ᠰᠡᠨ ᠶᠤᠮ᠃ ᠵᠠᠭᠤᠨ ᠵᠢᠯ᠎ᠦᠨ ᠲᠤᠷᠰᠢ᠂ ᠳᠤᠮᠳᠠᠳᠤ ᠤᠯᠤᠰ᠎ᠤᠨ ᠡᠪ ᠬᠠᠮᠲᠤ ᠨᠠᠮ ᠳᠤᠮᠳᠠᠳᠤ ᠤᠯᠤᠰ᠎ᠤᠨ ᠠᠷᠠᠳ ᠲᠦᠮᠡᠨ᠎ᠢ ᠳᠠᠭᠠᠭᠤᠯᠤᠨ ᠠᠭᠤᠤ ᠶᠡᠬᠡ ᠵᠠᠮ᠎ᠢ ᠨᠡᠭᠡᠭᠡᠵᠦ᠍᠂ ᠠᠭᠤᠤ ᠶᠡᠬᠡ ᠦᠢᠯᠡᠰ᠎ᠢ ᠪᠦᠲᠦᠭᠡᠵᠦ᠍᠂ ᠠᠭᠤᠤ ᠶᠡᠬᠡ ᠠᠮᠵᠢᠯᠲᠠ ᠪᠦᠲᠦᠮᠵᠢ ᠣᠯᠵᠤ᠂ ᠠᠭᠤᠤ ᠶᠡᠬᠡ ᠵᠣᠷᠢᠭ ᠰᠠᠨᠠᠭ᠎ᠠ᠎ᠶ᠋ᠢ ᠱᠤᠭᠤᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠡᠳᠦᠨ ᠮᠢᠩᠭᠠᠨ ᠵᠢᠯ᠎ᠦᠨ ᠲᠡᠦᠬᠡᠨ ᠳᠡᠭᠡᠷᠡᠬᠢ ᠬᠠᠮᠤᠭ᠎ᠤᠨ ᠠᠤᠭ᠎ᠠ ᠰᠦᠷᠯᠢᠭ ᠲᠤᠤᠯᠢᠰ᠎ᠢ ᠪᠢᠴᠢᠭ᠌ᠯᠡᠪᠡ᠃ ᠳᠤᠮᠳᠠᠳᠤ ᠤᠯᠤᠰ᠎ᠤᠨ ᠡᠪ ᠬᠠᠮᠲᠤ ᠨᠠᠮ ᠶᠠᠭᠠᠬᠢᠭᠠᠳ ᠪᠤᠯᠬᠤ᠂ ᠳᠤᠮᠳᠠᠳᠤ ᠤᠯᠤᠰ᠎ᠤᠨ ᠣᠨᠴᠠᠯᠢᠭ ᠲᠠᠢ ᠨᠡᠢᠭᠡᠮ ᠵᠢᠷᠤᠮ ᠶᠠᠭᠠᠬᠢᠭᠠᠳ ᠰᠠᠢ᠌ᠨ ᠪᠠᠢᠳᠠᠭ ᠪᠤᠢ ᠭᠡᠪᠡᠯ ᠡᠴᠦᠰ᠎ᠦᠨ ᠡᠴᠦᠰ᠎ᠲᠡᠬᠡᠨ ᠮᠠᠷᠺᠰ᠎ᠤᠨ ᠦᠵᠡᠯ ᠵᠦᠢ ᠶᠤᠰᠤᠲᠠᠢ ᠡᠴᠡ ᠪᠣᠯᠤᠭ᠍ᠰᠠᠨ ᠶᠤᠮ ᠭᠡᠳᠡᠭ᠎ᠢ ᠲᠡᠦᠬᠡ ᠪᠢᠳᠡᠨ᠎ᠳᠦ ᠬᠡᠯᠡᠵᠦ᠍ ᠥᠭ᠌ᠭᠦᠭ᠌ᠰᠡᠨ ᠶᠤᠮ! ᠡᠪ ᠬᠠᠮᠲᠤ ᠶᠣᠰᠣᠨ᠎ᠤ ᠲᠤᠬᠠᠢ ᠢᠲᠡᠭᠡᠯ ᠪᠢᠱᠢᠷᠡᠯ᠂ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠲᠤᠬᠠᠢ ᠢᠲᠡᠭᠡᠯ ᠪᠢᠱᠢᠷᠡᠯ ᠪᠣᠯ ᠡᠪ ᠬᠠᠮᠲᠤᠴᠤᠳ᠎ᠤᠨ ᠤᠯᠤᠰ ᠲᠦᠷᠦ᠍᠎ᠶ᠋ᠢᠨ ᠰᠦᠭ ᠰᠦᠨᠡᠰᠦ ᠮᠥᠨ᠂ ᠡᠪ ᠬᠠᠮᠲᠤᠴᠤᠳ᠎ᠤᠨ ᠱᠢᠯᠭᠠᠯᠲᠠ ᠪᠦᠬᠦᠨ᠎ᠢ ᠳᠠᠭᠠᠭᠠᠵᠤ ᠳᠡᠢᠯᠬᠦ᠌ ᠤᠶᠤᠨ ᠰᠠᠨᠠᠭᠠᠨ᠎ᠤ ᠲᠤᠯᠭᠠᠭᠤᠷᠢ ᠮᠥᠨ᠃ ᠮᠠᠷᠺᠰ᠎ᠤᠨ ᠦᠵᠡᠯ᠎ᠦᠨ ᠦᠨᠳᠦᠰᠦᠨ ᠤᠨᠤᠯ᠎ᠢ ᠱᠢᠰᠲ᠋ᠧᠮ᠎ᠲᠡᠶ ᠡᠵᠡᠮᠱᠢᠬᠦ᠌ ᠪᠣᠯ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠬᠠᠮᠤᠭ᠎ᠤᠨ ᠰᠠᠢ᠌ᠨ ᠡᠷᠳᠡᠮ ᠮᠥᠨ᠂ ᠨᠠᠮ᠎ᠤᠨ ᠤᠨᠤᠯ᠎ᠤᠨ ᠲᠦᠪᠱᠢᠨ᠎ᠢ ᠦᠷᠭᠦᠯᠵᠢᠯᠡᠨ ᠲᠠᠰᠤᠷᠠᠯᠳᠠ ᠦᠭᠡᠢ ᠳᠡᠭᠡᠭ᠌ᠰᠢᠯᠡᠭᠦᠯᠵᠦ᠍᠂ ᠥᠷᠭᠡᠨ ᠤᠯᠠᠨ ᠨᠠᠮ᠎ᠤᠨ ᠭᠡᠱᠢᠭᠦᠨ ᠢᠯᠠᠩᠭᠤᠶ᠎ᠠ ᠤᠳᠤᠷᠢᠳᠭᠤ ᠺᠠᠳ᠋ᠷ᠎ᠤᠨ ᠤᠨᠤᠯ᠎ᠤᠨ ᠬᠡᠪ ᠪᠣᠯᠪᠠᠰᠤᠷᠠᠯ᠎ᠢ ᠬᠦᠴᠦᠯᠡᠨ ᠴᠢᠩᠭᠠᠳᠭᠠᠵᠤ᠂ ᠤᠨᠤᠯ᠎ᠤᠨ ᠰᠡᠳᠭᠢᠬᠦᠢ᠎ᠶ᠋ᠢᠨ ᠴᠢᠳᠠᠪᠤᠷᠢ᠎ᠪᠠᠨ ᠳᠡᠭᠡᠭ᠌ᠰᠢᠯᠡᠭᠦᠯᠵᠦ᠍᠂ ᠮᠠᠷᠺᠰ᠎ᠤᠨ ᠦᠵᠡᠯ᠎ᠦᠨ ᠵᠣᠭ᠍ᠰᠣᠯᠲᠠ ᠦᠵᠡᠯᠲᠡ ᠠᠷᠭ᠎ᠠ᠎ᠪᠠᠷ ᠠᠰᠠᠭᠤᠳᠠᠯ᠎ᠢ ᠲᠠᠨᠢᠬᠤ᠂ ᠠᠰᠠᠭᠤᠳᠠᠯ᠎ᠢ ᠱᠢᠢᠳᠪᠦᠷᠢᠯᠡᠬᠦ᠌ ᠴᠢᠳᠠᠪᠤᠷᠢ᠎ᠪᠠᠨ ᠳᠡᠭᠡᠭ᠌ᠰᠢᠯᠡᠭᠦᠯᠬᠦ᠌ ᠬᠡᠷᠡᠭ᠌ᠲᠡᠢ᠃

ᠳᠤᠮᠳᠠᠳᠤ ᠤᠯᠤᠰ᠎ᠤᠨ ᠠᠷᠠᠳ ᠲᠦᠮᠡᠨ᠎ᠳᠦ ᠵᠣᠯ ᠵᠢᠷᠭᠠᠯ ᠣᠯᠭᠣᠬᠤ᠂ ᠳᠤᠮᠳᠠᠳᠤ᠎ᠶ᠋ᠢᠨ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠪᠡᠷ ᠨᠠᠮ᠎ᠤᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠣᠯᠭᠠᠵᠤ᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠪᠡᠷ ᠨᠠᠮ᠎ᠤᠨ ᠵᠠᠭᠤᠨ ᠵᠢᠯ᠎ᠦᠨ ᠲᠡᠦᠬᠡ᠎ᠶ᠋ᠢ ᠲᠤᠭᠤᠱᠢᠯᠠᠭᠤᠯᠬᠤ ᠭᠣᠣᠯ ᠰᠡᠳᠦᠪ᠎ᠢᠶᠡᠨ ᠪᠤᠯᠭᠠᠬᠤ ᠬᠡᠷᠡᠭᠲᠡᠢ᠃ ᠵᠠᠭᠤᠨ ᠵᠢᠯ᠎ᠦᠨ ᠲᠤᠷᠰᠢ᠂ ᠳᠤᠮᠳᠠᠳᠤ ᠤᠯᠤᠰ᠎ᠤᠨ ᠡᠪ ᠬᠠᠮᠲᠤ ᠨᠠᠮ ᠳᠤᠮᠳᠠᠳᠤ ᠤᠯᠤᠰ᠎ᠤᠨ ᠠᠷᠠᠳ ᠲᠦᠮᠡᠨ᠎ᠢ ᠳᠠᠭᠠᠭᠤᠯᠤᠨ ᠬᠢᠭ᠌ᠰᠡᠨ ᠠᠯᠢᠪᠠ ᠲᠡᠮᠡᠴᠡᠯ᠂ ᠠᠯᠢᠪᠠ ᠦᠷᠡᠭ᠌ᠳᠡᠯ᠂ ᠠᠯᠢᠪᠠ ᠡᠭᠦᠳᠦᠨ ᠪᠦᠲᠦᠭᠡᠯᠲᠡ᠎ᠶ᠋ᠢ ᠬᠤᠷᠢᠶᠠᠩᠭᠤᠢᠯᠠᠪᠠᠯ ᠳᠠᠷᠤᠢ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌ ᠶᠠᠪᠤᠳᠠᠯ ᠪᠣᠯᠤᠨ᠎ᠠ᠃ ᠳᠤᠮᠳᠠᠳᠤ ᠤᠯᠤᠰ᠎ᠤᠨ ᠠᠷᠠᠳ ᠲᠦᠮᠡᠨ᠎ᠳᠦ ᠵᠣᠯ ᠵᠢᠷᠭᠠᠯ ᠡᠳ᠋ᠯᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌ ᠡᠨᠡ ᠬᠦ᠌ ᠤᠭ ᠰᠠᠨᠠᠭ᠎ᠠ ᠪᠣᠯᠤᠨ ᠡᠭᠦᠷᠭᠡ ᠬᠠᠷᠢᠭᠤᠴᠠᠯᠭ᠎ᠠ ᠪᠣᠯ ᠳᠤᠮᠳᠠᠳᠤ ᠤᠯᠤᠰ᠎ᠤᠨ ᠡᠪ ᠬᠠᠮᠲᠤᠴᠤᠳ᠎ᠢ ᠤᠷᠮᠠᠱᠢᠭᠤᠯᠤᠨ ᠵᠣᠷᠢᠭ᠍ᠵᠢᠭᠤᠯᠵᠤ ᠲᠠᠰᠤᠷᠠᠯᠲᠠ ᠦᠭᠡᠢ ᠤᠷᠤᠭ᠍ᠰᠢᠯᠠᠭᠤᠯᠬᠤ ᠦᠨᠳᠦᠰᠦᠨ ᠬᠥᠳᠡᠯᠭᠡᠬᠦ᠌ ᠬᠦᠴᠦᠨ ᠮᠥᠨ᠃

ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠠᠷᠠᠳ ᠲᠦᠮᠡᠨ᠎ᠳᠦ ᠦᠢᠯᠡᠴᠢᠯᠡᠬᠦ᠌ ᠦᠨᠳᠦᠰᠦᠨ ᠵᠣᠷᠢᠯᠲᠠ᠎ᠶ᠋ᠢ ᠪᠠᠲᠤ ᠪᠤᠢ ᠪᠣᠯᠭᠠᠵᠤ᠂ ᠨᠠᠮ ᠪᠣᠯᠤᠨ ᠠᠷᠠᠳ ᠤᠯᠠᠨ᠎ᠤ ᠴᠢᠰᠤ ᠮᠢᠬᠠᠨ᠎ᠤ ᠬᠠᠷᠢᠴᠠᠭ᠎ᠠ᠎ᠶ᠋ᠢ ᠴᠢᠩᠭᠠᠳᠭᠠᠬᠤ ᠬᠡᠷᠡᠭᠲᠡᠢ᠃ ᠠᠷᠠᠳ ᠲᠦᠮᠡᠨ᠎ᠦ ᠵᠣᠭ᠍ᠰᠣᠯᠲᠠ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠦᠨᠳᠦᠰᠦᠨ ᠤᠯᠤᠰ ᠲᠦᠷᠦ᠍᠎ᠶ᠋ᠢᠨ ᠵᠣᠭ᠍ᠰᠣᠯᠲᠠ ᠮᠥᠨ᠂ ᠠᠯᠢᠪᠠ ᠪᠦᠬᠦᠨ᠎ᠳᠦ ᠠᠷᠠᠳ ᠲᠦᠮᠡᠨ᠎ᠢ ᠲᠦᠱᠢᠭ᠌ᠯᠡᠵᠦ᠍᠂ ᠠᠯᠢᠪᠠ ᠪᠦᠬᠦᠨ᠎ᠳᠦ ᠠᠷᠠᠳ ᠲᠦᠮᠡᠨ᠎ᠦ ᠲᠥᠯᠥᠭᠡ ᠪᠠᠢᠵᠤ᠂ ᠠᠷᠠᠳ ᠤᠯᠠᠨ᠎ᠯᠤᠭ᠎ᠠ᠎ᠶ᠋ᠢᠨ ᠰᠠᠯᠵᠤ ᠪᠣᠯᠤᠰᠢ ᠦᠭᠡᠢ ᠬᠠᠷᠢᠴᠠᠭ᠎ᠠ᠎ᠶ᠋ᠢ ᠢᠮᠠᠭ᠍ᠲᠠ ᠪᠠᠲᠤᠯᠠᠵᠤ᠂ ᠠᠷᠠᠳ ᠤᠯᠠᠨ᠎ᠯᠤᠭ᠎ᠠ ᠠᠵᠠ ᠵᠢᠷᠭᠠᠯ᠎ᠢ ᠬᠠᠮᠲᠤ᠎ᠪᠠᠷ ᠡᠳ᠋ᠯᠡᠵᠦ᠍᠂ ᠬᠦᠴᠢᠷ ᠪᠡᠷᠬᠡᠱᠢᠶᠡᠯ᠎ᠢ ᠬᠠᠮᠲᠤ᠎ᠪᠠᠷ ᠲᠤᠭᠤᠯᠬᠤ ᠬᠡᠷᠡᠭ᠌ᠲᠡᠢ᠃ ᠲᠦᠷᠦ ᠵᠠᠰᠠᠭ ᠪᠤᠯ ᠳᠠᠷᠤᠢ ᠠᠷᠠᠳ ᠲᠦᠮᠡᠨ ᠮᠥᠨ᠂ ᠠᠷᠠᠳ ᠲᠦᠮᠡᠨ ᠪᠣᠯ ᠳᠠᠷᠤᠢ ᠲᠦᠷᠦ ᠵᠠᠰᠠᠭ ᠮᠥᠨ᠂ ᠬᠥᠮᠦᠨ᠎ᠦ ᠰᠡᠳᠭᠢᠯ᠎ᠦᠨ ᠬᠠᠨᠳᠤᠰᠢ ᠨᠢ ᠨᠠᠮ᠎ᠤᠨ ᠮᠠᠨᠳᠤᠵᠤ ᠮᠥᠬᠥᠬᠦ᠌᠎ᠲᠡᠶ ᠬᠣᠯᠪᠣᠭ᠍ᠳᠠᠵᠤ ᠪᠠᠢᠳᠠᠭ᠃ ᠠᠷᠠᠳ ᠲᠦᠮᠡᠨ᠎ᠦ ᠢᠲᠡᠭᠡᠯ᠎ᠢ ᠣᠯᠵᠤ᠂ ᠠᠷᠠᠳ ᠲᠦᠮᠡᠨ᠎ᠦ ᠳᠡᠮᠵᠢᠯᠭᠡ᠎ᠶ᠋ᠢ ᠣᠯᠪᠠᠯ᠂ ᠨᠠᠮ ᠳᠠᠷᠤᠢ ᠶᠠᠮᠠᠷᠪᠠ ᠬᠦᠴᠢᠷ ᠪᠡᠷᠬᠡᠱᠢᠶᠡᠯ᠎ᠢ ᠢᠯᠠᠨ ᠳᠠᠪᠠᠵᠤ᠂ ᠬᠠᠨᠳᠤᠭ᠍ᠰᠠᠨ ᠵᠦᠭ᠎ᠲᠦ ᠢᠯᠠᠯᠲᠠ ᠣᠯᠵᠤ ᠴᠢᠳᠠᠨ᠎ᠠ᠃ ᠨᠠᠮ᠎ᠤᠨ ᠵᠠᠭᠤᠨ ᠵᠢᠯ᠎ᠦᠨ ᠲᠡᠦᠬᠡ ᠪᠣᠯ ᠳᠠᠷᠤᠢ ᠮᠠᠨ᠎ᠤ ᠨᠠᠮ ᠠᠷᠠᠳ ᠲᠦᠮᠡᠨ᠎ᠲᠡᠶ ᠰᠡᠳᠭᠢᠯ ᠵᠢᠷᠦᠬᠡ᠎ᠪᠡᠨ ᠬᠣᠯᠪᠣᠵᠤ᠂ ᠠᠷᠠᠳ ᠲᠦᠮᠡᠨ᠎ᠲᠡᠶ ᠵᠢᠷᠭᠠᠯ ᠵᠣᠪᠠᠯᠠᠩ᠎ᠢᠶᠠᠨ ᠬᠠᠮᠲᠤᠳᠭᠠᠨ᠂ ᠠᠷᠠᠳ ᠲᠦᠮᠡᠨ᠎ᠲᠡᠶ ᠪᠦᠯᠬᠦᠮᠳᠡᠨ ᠲᠡᠮᠡᠴᠡᠭ᠌ᠰᠡᠨ ᠲᠡᠦᠬᠡ ᠮᠥᠨ᠃

ᠮᠠᠷᠺᠰ᠎ᠤᠨ ᠦᠵᠡᠯ᠎ᠤᠨ ᠳᠤᠮᠳᠠᠳᠤ ᠤᠯᠤᠰᠴᠢᠯᠠᠬᠤ ᠵᠢ ᠲᠠᠰᠤᠷᠠᠯᠳᠠ ᠦᠭᠡᠢ ᠠᠬᠢᠭᠤᠯᠵᠤ᠂ ᠰᠢ᠎ᠶ᠋ᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠪᠦᠬᠦ᠌ ᠨᠠᠮ᠎ᠢ ᠵᠡᠪᠰᠡᠭ᠌ᠯᠡᠬᠦ᠌ ᠬᠡᠷᠡᠭᠲᠡᠢ

ᠮᠠᠷᠺᠰ᠎ᠤᠨ ᠦᠵᠡᠯ᠎ᠢ ᠳᠤᠮᠳᠠᠳᠤ ᠤᠯᠤᠰᠴᠢᠯᠠᠭ᠍ᠰᠠᠨ ᠠᠩᠬᠠᠳᠠᠭ᠍ᠴᠢ ᠤᠨᠤᠯ᠎ᠤᠨ ᠦᠷ᠎ᠡ ᠪᠦᠲᠦᠭᠡᠯ ᠪᠣᠯ ᠮᠠᠤ ᠽᠸ ᠳ᠋ᠦᠩ᠎ᠦᠨ ᠦᠵᠡᠯ ᠰᠠᠨᠠᠭ᠎ᠠ ᠪᠣᠯᠤᠨ᠎ᠠ᠂ ᠮᠠᠷᠺᠰ᠎ᠤᠨ ᠦᠵᠡᠯ᠎ᠢ ᠳᠤᠮᠳᠠᠳᠤ ᠤᠯᠤᠰᠴᠢᠯᠠᠭ᠍ᠰᠠᠨ ᠬᠣᠶᠠᠳᠤᠭᠠᠷ ᠤᠨᠤᠯ᠎ᠤᠨ ᠦᠷ᠎ᠡ ᠪᠦᠲᠦᠭᠡᠯ ᠪᠣᠯ ᠳᠤᠮᠳᠠᠳᠤ ᠤᠯᠤᠰ᠎ᠤᠨ ᠣᠨᠴᠠᠯᠢᠭ ᠲᠠᠢ ᠨᠡᠢᠭᠡᠮ ᠵᠢᠷᠤᠮ᠎ᠤᠨ ᠤᠨᠤᠯ᠎ᠤᠨ ᠱᠢᠰᠲ᠋ᠧᠮ ᠮᠥᠨ᠂ ᠨᠠᠮ᠎ᠤᠨ ᠠᠷᠪᠠᠨ ᠲᠠᠪᠤᠳᠤᠭᠠᠷ ᠶᠡᠬᠡ ᠬᠤᠷᠠᠯ ᠡᠴᠡ ᠳ᠋ᠧᠩ ᠱᠢᠶᠤᠤ ᠫᠢᠩ᠎ᠦᠨ ᠤᠨᠤᠯ᠎ᠢ ᠨᠠᠮ᠎ᠤᠨ ᠵᠢᠯᠣᠭᠣᠳᠭᠤ ᠦᠵᠡᠯ ᠰᠠᠨᠠᠭ᠎ᠠ ᠪᠣᠯᠭᠠᠬᠤ᠎ᠪᠠᠷ ᠲᠣᠭ᠍ᠲᠠᠭᠠᠪᠠ᠂ ᠨᠠᠮ᠎ᠤᠨ ᠠᠷᠪᠠᠨ ᠵᠢᠷᠭᠤᠳᠤᠭᠠᠷ ᠶᠡᠬᠡ ᠬᠤᠷᠠᠯ ᠡᠴᠡ《ᠭᠤᠷᠪᠠ᠎ᠶ᠋ᠢ ᠲᠥᠯᠥᠭᠡᠯᠡᠬᠦ᠌》 ᠴᠢᠬᠤᠯᠠ ᠦᠵᠡᠯ ᠰᠠᠨᠠᠭ᠎ᠠ᠎ᠶ᠋ᠢ ᠨᠠᠮ᠎ᠤᠨ ᠵᠢᠯᠣᠭᠣᠳᠭᠤ ᠦᠵᠡᠯ ᠰᠠᠨᠠᠭ᠎ᠠ ᠪᠣᠯᠭᠠᠬᠤ᠎ᠪᠠᠷ ᠲᠣᠭ᠍ᠲᠠᠭᠠᠪᠠ᠂ ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠱᠢᠨᠵᠢᠯᠡᠬᠦ᠌ ᠤᠬᠠᠭᠠᠨᠴᠢ ᠬᠥᠭ᠌ᠵᠢᠯᠲᠡ᠎ᠶ᠋ᠢᠨ ᠦᠵᠡᠯᠲᠡ᠎ᠶ᠋ᠢ ᠨᠠᠮ᠎ᠤᠨ ᠵᠢᠯᠣᠭᠣᠳᠭᠤ ᠦᠵᠡᠯ ᠰᠠᠨᠠᠭ᠎ᠠ ᠪᠣᠯᠭᠠᠬᠤ᠎ᠪᠠᠷ ᠲᠣᠭ᠍ᠲᠠᠭᠠᠪᠠ᠂ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ ᠡᠴᠡ ᠰᠢ᠎ᠶ᠋ᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠨᠠᠮ᠎ᠤᠨ ᠵᠢᠯᠣᠭᠣᠳᠭᠤ ᠦᠵᠡᠯ ᠰᠠᠨᠠᠭ᠎ᠠ ᠪᠣᠯᠭᠠᠬᠤ᠎ᠪᠠᠷ ᠲᠣᠭ᠍ᠲᠠᠭᠠᠪᠠ᠂ ᠡᠳᠡᠭᠡᠷ ᠪᠣᠯ ᠪᠦᠬᠦ᠌ ᠨᠠᠮ ᠪᠦᠬᠦ᠌ ᠤᠯᠤᠰ᠎ᠤᠨ ᠠᠷᠠᠳ ᠲᠦᠮᠡᠨ᠎ᠦ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠶ᠋ᠢᠨ ᠲᠥᠯᠥᠭᠡ ᠲᠡᠮᠡᠴᠡᠬᠦ᠌ ᠠᠵᠢᠯᠯᠠᠭᠠᠨ᠎ᠤ ᠵᠦᠭ᠌ᠯᠡᠭᠦᠷ ᠮᠥᠨ᠂ ᠡᠷᠬᠡᠪᠰᠢ ᠤᠷᠲᠤ ᠬᠤᠭᠤᠴᠠᠭ᠎ᠠ᠎ᠪᠠᠷ ᠪᠠᠷᠢᠮᠲᠠᠯᠠᠬᠤ᠎ᠶ᠋ᠢᠨ ᠬᠠᠮᠲᠤ ᠲᠠᠰᠤᠷᠠᠯᠲᠠ ᠦᠭᠡᠢ ᠬᠥᠭ᠌ᠵᠢᠭᠦᠯᠬᠦ᠌ ᠬᠡᠷᠡᠭ᠌ᠲᠡᠶ᠃ ᠮᠠᠷᠺᠰ᠎ᠤᠨ ᠦᠵᠡᠯ᠎ᠢ ᠳᠤᠮᠳᠠᠳᠤ ᠤᠯᠤᠰᠴᠢᠯᠠᠬᠤ ᠲᠡᠦᠬᠡᠨ ᠶᠠᠪᠤᠴᠠ ᠨᠢ ᠮᠠᠨ᠎ᠤ ᠨᠠᠮ᠎ᠤᠨ ᠵᠢᠯᠣᠭᠣᠳᠭᠤ ᠦᠵᠡᠯ ᠰᠠᠨᠠᠭ᠎ᠠ᠎ᠶ᠋ᠢᠨ ᠤᠯᠠᠮᠵᠢᠯᠠᠯ ᠨᠢᠭᠡᠲᠡᠶ ᠪᠥᠭᠡᠳ ᠴᠠᠭ ᠦᠶ᠎ᠡ᠎ᠲᠡᠶ ᠵᠡᠷᠭᠡ᠎ᠪᠡᠷ ᠤᠷᠤᠭ᠍ᠰᠢᠯᠠᠭ᠍ᠰᠠᠨ᠎ᠢ ᠢᠯᠡᠷᠡᠭᠦᠯᠪᠡ᠃

ᠰᠢ᠎ᠶ᠋ᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠪᠦᠬᠦ᠌ ᠨᠠᠮ᠎ᠢ ᠵᠡᠪᠰᠡᠭ᠌ᠯᠡᠵᠦ᠍᠂ ᠦᠢᠯᠡᠳᠦᠯᠭᠡ᠎ᠪᠡᠨ ᠵᠢᠯᠤᠭᠤᠳᠤᠭᠤᠯᠵᠤ᠂ ᠠᠵᠢᠯ᠎ᠢᠶᠠᠨ ᠠᠬᠢᠭᠤᠯᠬᠤ ᠬᠡᠷᠡᠭ᠌ᠲᠡᠢ᠃ ᠰᠢ᠎ᠶ᠋ᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠲᠠᠢ ᠨᠡᠢᠭᠡᠮ ᠵᠢᠷᠤᠮ᠎ᠤᠨ ᠦᠵᠡᠯ ᠰᠠᠨᠠᠭ᠎ᠠ ᠪᠣᠯ ᠮᠠᠷᠺᠰ᠎ᠤᠨ ᠦᠵᠡᠯ᠎ᠢ ᠳᠤᠮᠳᠠᠳᠤ ᠤᠯᠤᠰᠴᠢᠯᠠᠭ᠍ᠰᠠᠨ ᠬᠠᠮᠤᠭ᠎ᠤᠨ ᠱᠢᠨ᠎ᠡ ᠤᠨᠤᠯ᠎ᠤᠨ ᠦᠷ᠎ᠡ ᠪᠦᠲᠦᠭᠡᠯ ᠮᠥᠨ᠂ ᠤᠳᠤ ᠦᠶ᠎ᠡ᠎ᠶ᠋ᠢᠨ ᠳᠤᠮᠳᠠᠳᠤ ᠤᠯᠤᠰ᠎ᠤᠨ ᠮᠠᠷᠺᠰ᠎ᠤᠨ ᠦᠵᠡᠯ᠂ ᠬᠣᠷᠢᠨ ᠨᠢᠭᠡᠳᠦᠭᠡᠷ ᠵᠠᠭᠤᠨ᠎ᠤ ᠮᠠᠷᠺᠰ᠎ᠤᠨ ᠦᠵᠡᠯ ᠮᠥᠨ᠃ ᠪᠢᠳᠡ ᠰᠢ᠎ᠶ᠋ᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠨᠠᠷᠢᠨ ᠬᠢᠨᠠᠮᠠᠭᠠᠶ ᠰᠤᠷᠤᠯᠴᠠᠨ ᠭᠦᠨᠵᠡᠭᠡᠶ ᠣᠢᠯᠠᠭᠠᠵᠤ᠂ ᠣᠭ ᠪᠦᠲᠦᠭᠡᠯ᠎ᠢ ᠤᠩᠱᠢᠵᠤ᠂ ᠣᠭ ᠵᠣᠬᠢᠶᠠᠯ᠎ᠢ ᠰᠤᠷᠤᠯᠴᠠᠵᠤ᠂ ᠣᠭ ᠶᠣᠰᠣ᠎ᠶ᠋ᠢ ᠣᠢᠯᠠᠭᠠᠵᠤ᠂《ᠨᠠᠶ᠋ᠮᠠᠨ ᠲᠣᠳᠣᠷᠬᠠᠶ》ᠪᠠ 《ᠠᠷᠪᠠᠨ ᠳᠥᠷᠪᠡᠨ ᠪᠠᠷᠢᠮᠲᠠᠯᠠᠯ》 ᠎ᠤ᠋ᠨ ᠪᠠᠶᠠᠯᠢᠭ ᠠᠭᠤᠯᠤᠭ᠍ᠳᠠᠬᠤᠨ᠂ ᠬᠣᠭᠣᠷᠣᠨᠳᠣᠬᠢ ᠬᠠᠷᠢᠴᠠᠭ᠎ᠠ ᠵᠢᠴᠢ ᠲᠡᠭᠦᠨ᠎ᠦ ᠦᠶ᠋ᠯᠡᠳᠦᠯᠭᠡ᠎ᠶ᠋ᠢᠨ ᠱᠠᠭᠠᠷᠳᠠᠯᠭ᠎ᠠ᠎ᠶ᠋ᠢ ᠭᠦᠨᠵᠡᠭᠡᠶ ᠡᠵᠡᠮᠱᠢᠵᠦ᠍᠂ ᠡᠨᠡ ᠬᠦ᠌ ᠦᠵᠡᠯ ᠰᠠᠨᠠᠭᠠᠨ᠎ᠤ ᠲᠡᠦᠬᠡ᠎ᠶ᠋ᠢᠨ ᠯᠣᠭᠢᠭ᠂ ᠣᠨᠣᠯ᠎ᠤᠨ ᠯᠣᠭᠢᠭ᠂ ᠦᠶ᠋ᠯᠡᠳᠦᠯᠭᠡ᠎ᠶ᠋ᠢᠨ ᠯᠣᠭᠢᠭ᠎ᠢ ᠦᠨᠡᠨ ᠬᠦ᠌ ᠣᠢᠯᠠᠭᠠᠵᠤ᠂ 《ᠳᠥᠷᠪᠡᠨ ᠤᠬᠠᠮᠰᠠᠷ》ᠢ᠋ᠢᠡᠨ ᠲᠠᠰᠤᠷᠠᠯᠲᠠ ᠥᠬᠡᠶ ᠴᠢᠩᠭᠠᠳᠭᠠᠵᠤ᠂《ᠳᠥᠷᠪᠡᠨ ᠢᠲᠡᠭᠡᠯ》ᠢ᠋ᠢᠡᠨ ᠪᠠᠲᠤᠳᠭᠠᠵᠤ᠂《ᠬᠣᠶᠠᠷ᠎ᠢ ᠬᠠᠮᠠᠭᠠᠯᠠᠬᠤ》 ᠎ᠶ᠋ᠢ ᠪᠡᠶᠡᠯᠡᠭᠦᠯᠬᠦ᠌ ᠬᠡᠷᠡᠭ᠌ᠲᠡᠶ᠃

ᠤᠨᠤᠯ᠎ᠢ ᠪᠣᠳᠠᠲᠠᠢ᠎ᠲᠠᠶ ᠤᠶᠠᠯᠳᠤᠭᠤᠯᠬᠤ ᠱᠢᠯᠢᠳᠡᠭ ᠰᠤᠷᠤᠯᠴᠠᠬᠤ ᠰᠤᠷᠲᠠᠯ᠎ᠢ ᠪᠠᠷᠢᠮᠲᠠᠯᠠᠵᠤ᠂ ᠰᠤᠷᠤᠯᠴᠠᠬᠤ ᠰᠡᠳᠭᠢᠬᠦ᠌ ᠬᠡᠷᠡᠭ᠌ᠯᠡᠬᠦ᠌᠎ᠶ᠋ᠢ ᠤᠶᠠᠯᠳᠤᠭᠤᠯᠬᠤ᠂ ᠮᠡᠳᠡᠬᠦ᠌ ᠢᠲᠡᠭᠡᠬᠦ᠌ ᠬᠢᠬᠦ᠌᠎ᠶ᠋ᠢ ᠨᠢᠭᠡᠳᠭᠡᠬᠦ᠌᠎ᠶ᠋ᠢ ᠴᠢᠷᠮᠠᠢᠨ ᠪᠡᠶᠡᠯᠡᠭᠦᠯᠬᠦ᠌ ᠬᠡᠷᠡᠭ᠌ᠲᠡᠢ᠃ ᠦᠨᠡᠨ᠎ᠡᠴᠡ ᠵᠥᠪ᠎ᠢ ᠡᠷᠢᠬᠦ᠌ ᠦᠵᠡᠯ ᠰᠠᠨᠠᠭᠠᠨ᠎ᠤ ᠱᠤᠭᠤᠮ᠎ᠢ ᠪᠠᠷᠢᠮᠲᠠᠯᠠᠵᠤ᠂ ᠡᠯ᠎ᠡ ᠵᠦᠢᠯ᠎ᠦᠨ ᠪᠤᠷᠤᠭᠤ ᠦᠵᠡᠯ ᠰᠠᠨᠠᠭ᠎ᠠ᠂ ᠪᠤᠷᠤᠭᠤ ᠤᠨᠤᠯ᠎ᠲᠠᠶ ᠲᠡᠮᠡᠴᠡᠯ ᠬᠢᠵᠦ᠍᠂ ᠦᠵᠡᠯ ᠤᠬᠠᠮᠰᠠᠷ᠎ᠤᠨ ᠬᠡᠯᠪᠡᠷᠢ᠎ᠶ᠋ᠢᠨ ᠬᠦᠷᠢᠶᠡᠨ᠎ᠳᠡᠬᠢ ᠮᠠᠷᠺᠰ᠎ᠤᠨ ᠦᠵᠡᠯ᠎ᠦᠨ ᠵᠢᠯᠣᠭᠣᠳᠭᠤ ᠪᠠᠢᠷᠢ ᠰᠠᠭᠤᠷᠢ᠎ᠶ᠋ᠢᠨ ᠦᠨᠳᠦᠰᠦᠨ ᠲᠦᠷᠢᠮ᠎ᠢ ᠪᠠᠷᠢᠮᠲᠠᠯᠠᠵᠤ᠂ ᠦᠵᠡᠯ ᠤᠬᠠᠮᠰᠠᠷ᠎ᠤᠨ ᠬᠡᠯᠪᠡᠷᠢ᠎ᠶ᠋ᠢᠨ ᠤᠳᠤᠷᠢᠳᠭᠤ ᠡᠷᠬᠡ ᠦᠭᠡ ᠬᠡᠯᠡᠬᠦ᠌ ᠡᠷᠬᠡ᠎ᠶ᠋ᠢ ᠪᠠᠲᠤ ᠡᠵᠡᠮᠳᠡᠬᠦ᠌ ᠬᠡᠷᠡᠭ᠌ᠲᠡᠢ᠃ ᠲᠤᠭ᠎ᠢ ᠮᠠᠨᠳᠤᠭᠤᠯᠬᠤ᠂ ᠠᠷᠠᠳ᠎ᠤᠨ ᠰᠡᠳᠭᠢᠯ᠎ᠢ ᠨᠢᠭ᠍ᠲᠠᠷᠠᠭᠤᠯᠬᠤ᠂ ᠱᠢᠨ᠎ᠡ ᠬᠥᠮᠦᠨ᠎ᠢ ᠬᠥᠮᠦᠵᠢᠭᠦᠯᠬᠦ᠌᠂ ᠰᠣᠶᠣᠯ᠎ᠢ ᠮᠠᠨᠳᠤᠭᠤᠯᠬᠤ᠂ ᠳᠦᠷᠢ ᠲᠥᠷᠬᠦ᠌᠎ᠶ᠋ᠢ ᠢᠯᠡᠷᠡᠭᠦᠯᠬᠦ᠌ ᠡᠭᠦᠷᠭᠡ ᠬᠠᠷᠢᠭᠤᠴᠠᠯᠭ᠎ᠠ᠎ᠶ᠋ᠢ ᠤᠬᠠᠮᠰᠠᠷ ᠡᠴᠡ ᠪᠠᠨ ᠡᠭᠦᠷᠭᠡᠯᠡᠵᠦ᠍᠂ ᠦᠵᠡᠯ ᠤᠬᠠᠮᠰᠠᠷ᠎ᠤᠨ ᠬᠡᠯᠪᠡᠷᠢ᠎ᠶ᠋ᠢᠨ ᠬᠦᠷᠢᠶᠡᠨ᠎ᠳᠡᠬᠢ ᠮᠠᠷᠺᠰ᠎ᠤᠨ ᠦᠵᠡᠯ᠎ᠦᠨ ᠵᠢᠯᠣᠭᠣᠳᠭᠤ ᠪᠠᠢᠷᠢ ᠰᠠᠭᠤᠷᠢ᠎ᠶ᠋ᠢ ᠪᠡᠬᠢᠵᠢᠭᠦᠯᠵᠦ᠍᠂ ᠪᠦᠬᠦ᠌ ᠨᠠᠮ ᠪᠦᠬᠦ᠌ ᠤᠯᠤᠰ᠎ᠤᠨ ᠠᠷᠠᠳ ᠲᠦᠮᠡᠨ᠎ᠦ ᠪᠦᠯᠬᠦᠮᠳᠡᠨ ᠲᠡᠮᠡᠴᠡᠬᠦ᠌ ᠬᠠᠮᠲᠤ᠎ᠶ᠋ᠢᠨ ᠦᠵᠡᠯ ᠰᠠᠨᠠᠭᠠᠨ᠎ᠤ ᠰᠠᠭᠤᠷᠢ᠎ᠶ᠋ᠢ ᠪᠡᠬᠢᠵᠢᠭᠦᠯᠬᠦ ᠬᠡᠷᠡᠭᠲᠡᠢ᠃ ᠢᠨᠲ᠋ᠸᠷ ᠰᠦᠯᠵᠢᠶ᠎ᠡ ᠭᠡᠬᠦ᠌ ᠡᠨᠡ ᠬᠦ᠌ ᠦᠵᠡᠯ ᠰᠠᠨᠠᠭ᠎ᠠ ᠤᠨᠤᠯ ᠪᠠ ᠨᠡᠢᠭᠡᠮ᠎ᠦᠨ ᠶᠠᠷᠢᠶ᠎ᠠ ᠬᠡᠯᠡᠯᠴᠡᠭᠡᠨ᠎ᠦ ᠲᠡᠮᠡᠴᠡᠯ᠎ᠦᠨ ᠭᠣᠣᠯ ᠵᠢᠭ᠍ᠰᠠᠭᠠᠯ᠎ᠤᠨ ᠭᠠᠵᠠᠷ᠂ ᠭᠣᠣᠯ ᠲᠠᠢ᠌ᠨ᠎ᠦ ᠲᠠᠯᠠᠪᠤᠷ᠎ᠢ ᠰᠠᠢᠲᠤᠷ ᠰᠠᠬᠢᠨ ᠬᠠᠮᠠᠭᠠᠯᠠᠬᠤ ᠬᠡᠷᠡᠭ᠌ᠲᠡᠢ᠃ ᠠᠰᠠᠭᠤᠳᠠᠯ᠎ᠢᠶᠠᠷ ᠤᠳᠤᠷᠢᠳᠤᠮᠵᠢ ᠪᠣᠯᠭᠠᠬᠤ᠎ᠶ᠋ᠢ ᠪᠠᠷᠢᠮᠲᠠᠯᠠᠵᠤ᠂ ᠮᠠᠨ᠎ᠤ ᠤᠯᠤᠰ᠎ᠤᠨ ᠬᠥᠭ᠌ᠵᠢᠯᠲᠡ ᠪᠠ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠦᠷᠦ᠍ ᠪᠠᠷᠢᠬᠤ᠎ᠳᠤ ᠲᠤᠯᠭᠠᠷᠠᠵᠤ ᠪᠠᠢᠭ᠎ᠠ ᠴᠢᠬᠤᠯᠠ ᠶᠡᠬᠡ ᠤᠨᠤᠯ᠎ᠤᠨ ᠪᠠ ᠦᠢᠯᠡᠳᠦᠯᠭᠡ᠎ᠶ᠋ᠢᠨ ᠠᠰᠠᠭᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠪᠠᠢᠯᠳᠤᠬᠤ ᠪᠤᠳᠤᠯᠭ᠎ᠠ᠎ᠶ᠋ᠢᠨ ᠪᠦᠬᠦ᠌ ᠲᠠᠯ᠎ᠠ᠎ᠳᠤ ᠬᠣᠯᠪᠣᠭ᠍ᠳᠠᠬᠤ᠂ ᠠᠯᠤᠰ ᠬᠡᠳᠤ᠎ᠶ᠋ᠢᠨ ᠬᠥᠭ᠌ᠵᠢᠯᠲᠡ᠎ᠳᠦ ᠬᠣᠯᠪᠣᠭ᠍ᠳᠠᠬᠤ᠂ ᠠᠷᠠᠳ ᠲᠦᠮᠡᠨ᠎ᠦ ᠠᠵᠠ ᠵᠢᠷᠭᠠᠯ᠎ᠳᠤ ᠬᠣᠯᠪᠣᠭ᠍ᠳᠠᠬᠤ ᠴᠢᠬᠤᠯᠠ ᠠᠰᠠᠭᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠥᠭᠡᠷᠡᠴᠢᠯᠡᠯᠲᠡ ᠬᠥᠭ᠌ᠵᠢᠯᠲᠡ ᠲᠣᠭ᠍ᠲᠠᠭᠤᠨ᠎ᠤ ᠴᠢᠬᠤᠯᠠ ᠶᠡᠬᠡ ᠠᠰᠠᠭᠤᠳᠠᠯ᠂ ᠠᠷᠠᠳ ᠤᠯᠠᠨ᠎ᠤ ᠲᠤᠰᠭᠠᠯ ᠴᠢᠩᠭ᠎ᠠ ᠪᠠᠢᠭ᠎ᠠ ᠲᠤᠪᠤᠢ᠌ᠮ᠎ᠠ ᠠᠰᠠᠭᠤᠳᠠᠯ᠎ᠢ ᠱᠢᠢᠳᠪᠦᠷᠢᠯᠡᠬᠦ᠌᠂ ᠨᠠᠮ᠎ᠤᠨ ᠪᠠᠢᠭᠤᠯᠤᠯᠲᠠ᠎ᠳᠤ ᠲᠤᠯᠭᠠᠷᠠᠵᠤ ᠪᠠᠢᠭ᠎ᠠ ᠲᠤᠯᠭᠠᠮ ᠠᠰᠠᠭᠤᠳᠠᠯ ᠳᠡᠭᠡᠷ᠎ᠡ ᠲᠠᠰᠤᠷᠠᠯᠳᠠ ᠦᠭᠡᠢ ᠱᠢᠨ᠎ᠡ ᠱᠢᠪᠲᠤᠯᠤᠯᠲᠠ ᠭᠠᠷᠭᠠᠵᠤ᠂ ᠰᠤᠷᠤᠯᠴᠠᠯᠭ᠎ᠠ᠎ᠶ᠋ᠢᠨ ᠦᠷ᠎ᠡ ᠪᠦᠲᠦᠭᠡᠯ᠎ᠢ ᠲᠤᠬᠠᠢᠯᠠᠭ᠍ᠰᠠᠨ ᠠᠵᠢᠯ᠎ᠢᠶᠠᠨ ᠰᠠᠢᠲᠤᠷ ᠬᠢᠬᠦ᠌᠂ ᠠᠵᠢᠯ ᠦᠢᠯᠡᠰ᠎ᠦᠨ ᠬᠥᠭ᠌ᠵᠢᠯᠲᠡ᠎ᠶ᠋ᠢ ᠠᠬᠢᠭᠤᠯᠬᠤ ᠠᠮᠢᠳᠤᠯᠢᠭ ᠦᠢᠯᠡᠳᠦᠯᠭᠡ ᠪᠣᠯᠭᠠᠨ ᠬᠤᠪᠢᠷᠠᠭᠤᠯᠬᠤ ᠬᠡᠷᠡᠭ᠌ᠲᠡᠢ᠃

ᠠᠭᠤᠤ ᠶᠡᠬᠡ ᠨᠠᠮ ᠪᠠᠢᠭᠤᠯᠬᠤ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠨᠠᠮ᠎ᠤᠨ ᠵᠠᠭᠤᠨ ᠵᠢᠯ᠎ᠦᠨ ᠲᠡᠦᠬᠡᠨ ᠲᠤᠷᠱᠢᠯᠭ᠎ᠠ᠎ᠶ᠋ᠢ ᠳ᠋ᠦᠩᠨᠡᠬᠦ᠌ ᠬᠡᠷᠡᠭ᠌ᠲᠡᠢ

ᠠᠭᠤᠤ ᠶᠡᠬᠡ ᠨᠠᠮ ᠪᠠᠢᠭᠤᠯᠬᠤ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠨᠠᠮ᠎ᠤᠨ ᠤᠷᠳᠤ ᠬᠤᠭᠤᠴᠠᠭᠠᠨ᠎ᠤ ᠲᠡᠮᠡᠴᠡᠯ᠎ᠦᠨ ᠳᠤᠮᠳᠠ ᠴᠣᠭ᠍ᠴᠠᠯᠠᠭ᠍ᠰᠠᠨ ᠤᠶᠤᠨ ᠰᠠᠨᠠᠭᠠᠨ᠎ᠤ ᠴᠠᠳᠢᠭ ᠡᠴᠡ ᠬᠦᠴᠦᠷᠬᠡᠭ ᠶᠡᠬᠡ ᠤᠶᠤᠨ ᠰᠠᠨᠠᠭᠠᠨ᠎ᠤ ᠬᠦᠴᠦᠨ ᠴᠢᠳᠠᠯ᠎ᠢ ᠱᠢᠩᠭᠡᠭᠡᠨ ᠠᠪᠬᠤ ᠬᠡᠷᠡᠭ᠌ᠲᠡᠢ᠃ ᠶᠡᠷᠦᠩᠬᠡᠢ ᠱᠦᠵᠢ ᠰᠢ᠎ᠶ᠋ᠢᠨ ᠫᠢᠩ《7·1》 ᠤ᠋ ᠴᠢᠬᠤᠯᠠ ᠶᠠᠷᠢᠶᠠᠨ᠎ᠳᠠᠭᠠᠨ《ᠠᠭᠤᠤ ᠶᠡᠬᠡ ᠨᠠᠮ ᠪᠠᠢᠭᠤᠯᠬᠤ ᠵᠣᠷᠢᠭ ᠰᠠᠨᠠᠭ᠎ᠠ》 ᠵᠢ ᠠᠩᠬ᠎ᠠ ᠤᠳᠠᠭ᠎ᠠ ᠳᠤᠷᠠᠳᠴᠠᠢ᠃ ᠠᠭᠤᠤ ᠶᠡᠬᠡ ᠨᠠᠮ ᠪᠠᠢᠭᠤᠯᠬᠤ ᠵᠣᠷᠢᠭ ᠰᠠᠨᠠᠭ᠎ᠠ ᠨᠢ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠬᠦᠰᠡᠯᠡᠩ ᠢᠲᠡᠭᠡᠯ ᠪᠢᠱᠢᠷᠡᠯ ᠪᠣᠯᠤᠨ ᠦᠷᠳᠡᠭ᠎ᠦᠨ ᠬᠥᠭᠡᠭᠡᠴᠡᠯᠳᠦᠯ᠂ ᠲᠡᠦᠬᠡ᠎ᠶ᠋ᠢᠨ ᠬᠠᠷᠢᠭᠤᠴᠠᠯᠭ᠎ᠠ ᠪᠣᠯᠤᠨ ᠴᠠᠭ ᠦᠶ᠎ᠡ᠎ᠶ᠋ᠢᠨ ᠡᠭᠦᠷᠭᠡ ᠬᠠᠷᠢᠭᠤᠴᠠᠯᠭ᠎ᠠ᠂ ᠤᠶᠤᠨ ᠰᠠᠨᠠᠭᠠᠨ᠎ᠤ ᠬᠡᠪ ᠨᠠᠮᠪᠠ ᠪᠣᠯᠤᠨ ᠡᠷᠴᠢ ᠵᠣᠷᠢᠭ ᠵᠠᠩ ᠴᠢᠨᠠᠷ᠂ ᠤᠯᠤᠰ ᠲᠦᠷᠦ᠍᠎ᠶ᠋ᠢᠨ ᠡᠭᠦᠷᠭᠡᠯᠡᠯ ᠪᠣᠯᠤᠨ ᠠᠷᠠᠳ ᠲᠦᠮᠡᠨ᠎ᠦ ᠵᠣᠭ᠍ᠰᠣᠯᠲᠠ᠎ᠶ᠋ᠢ ᠲᠥᠪᠯᠡᠷᠡᠩᠭᠦᠢ ᠢᠯᠡᠷᠡᠭᠦᠯᠦᠭ᠌ᠰᠡᠨ ᠪᠥᠭᠡᠳ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠦᠵᠡᠯ ᠰᠠᠨᠠᠭᠠᠨ᠎ᠤ ᠳᠠᠪᠠᠭᠤᠯᠢᠭ᠂ ᠤᠯᠤᠰ ᠲᠦᠷᠦ᠍᠎ᠶ᠋ᠢᠨ ᠳᠠᠪᠠᠭᠤᠯᠢᠭ᠂ ᠤᠶᠤᠨ ᠰᠠᠨᠠᠭᠠᠨ᠎ᠤ ᠳᠠᠪᠠᠭᠤᠯᠢᠭ ᠪᠣᠯᠤᠨ ᠶᠣᠰᠣ ᠰᠤᠷᠲᠠᠬᠤᠨ᠎ᠤ ᠳᠠᠪᠠᠭᠤᠯᠢᠭ᠎ᠢ ᠢᠯᠡᠷᠡᠭᠦᠯᠵᠡᠢ᠃ ᠠᠭᠤᠤ ᠶᠡᠬᠡ ᠨᠠᠮ ᠪᠠᠢᠭᠤᠯᠬᠤ ᠵᠣᠷᠢᠭ ᠰᠠᠨᠠᠭ᠎ᠠ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠣᠷᠢᠭ ᠰᠠᠨᠠᠭᠠᠨ᠎ᠤ ᠡᠬᠢ ᠰᠤᠷᠪᠤᠯᠵᠢ ᠮᠥᠨ᠂ ᠡᠪ ᠬᠠᠮᠲᠤᠴᠤᠳ᠎ᠤᠨ ᠵᠣᠷᠢᠭ ᠰᠠᠨᠠᠭᠠᠨ᠎ᠤ ᠦᠨᠳᠦᠰᠦ ᠪᠠ ᠰᠦᠭ ᠰᠦᠨᠡᠰᠦ ᠮᠥᠨ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠯᠤᠰ ᠲᠦᠷᠦ᠍᠎ᠶ᠋ᠢᠨ ᠮᠥᠨ ᠴᠢᠨᠠᠷ᠎ᠤᠨ ᠲᠥᠪᠯᠡᠷᠡᠩᠭᠦᠢ ᠢᠯᠡᠷᠡᠯ ᠮᠥᠨ᠂ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠤᠶᠤᠨ ᠰᠠᠨᠠᠭᠠᠨ᠎ᠤ ᠬᠦᠴᠦᠨ ᠴᠢᠳᠠᠯ᠎ᠤᠨ ᠡᠬᠢ ᠪᠤᠯᠠᠭ ᠮᠥᠨ᠃ ᠭᠠᠭ᠍ᠴᠠ ᠬᠦ᠌ ᠨᠠᠮ ᠪᠠᠢᠭᠤᠯᠬᠤ ᠠᠭᠤᠤ ᠶᠡᠬᠡ ᠵᠣᠷᠢᠭ ᠰᠠᠨᠠᠭ᠎ᠠ᠎ᠶ᠋ᠢ ᠣᠢᠯᠠᠭᠠᠪᠠᠯ ᠰᠠᠶᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠤᠪᠢᠰᠭᠠᠯᠲᠤ ᠤᠳᠤᠮᠰᠢᠯ᠂ ᠢᠷᠠᠭᠤ ᠠᠯᠳᠠᠷᠲᠤ ᠤᠯᠠᠮᠵᠢᠯᠠᠯ᠂ ᠱᠢᠯᠢᠳᠡᠭ ᠰᠤᠷᠲᠠᠯ ᠪᠠ ᠬᠤᠪᠢᠰᠭᠠᠯᠲᠤ ᠵᠣᠷᠢᠭ ᠰᠠᠨᠠᠭ᠎ᠠ᠎ᠶ᠋ᠢ ᠣᠢᠯᠠᠭᠠᠵᠤ ᠴᠢᠳᠠᠨ᠎ᠠ᠃ ᠵᠠᠭᠤᠨ ᠵᠢᠯ᠎ᠦᠨ ᠲᠡᠦᠬᠡ᠎ᠶ᠋ᠢᠨ ᠠᠬᠢᠴᠠ ᠳᠤᠮᠳᠠ᠂ ᠳᠤᠮᠳᠠᠳᠤ ᠤᠯᠤᠰ᠎ᠤᠨ ᠡᠪ ᠬᠠᠮᠲᠤ ᠨᠠᠮ ᠲᠣᠭ᠎ᠠ ᠲᠣᠮᠰᠢ ᠦᠭᠡᠢ ᠤᠯᠠᠨ ᠬᠤᠪᠢᠰᠭᠠᠯᠲᠤ ᠵᠣᠷᠢᠭ ᠰᠠᠨᠠᠭ᠎ᠠ᠎ᠶ᠋ᠢ ᠪᠦᠷᠢᠯᠳᠦᠭᠦᠯᠵᠦ᠍᠂ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠤᠶᠤᠨ ᠰᠠᠨᠠᠭᠠᠨ᠎ᠤ ᠴᠠᠳᠢᠭ᠎ᠢ ᠪᠠᠢᠭᠤᠯᠵᠤ᠂ ᠤᠶᠤᠨ ᠰᠠᠨᠠᠭᠠᠨ᠎ᠤ ᠥᠷᠯᠥᠭ ᠬᠥᠱᠢᠢ᠎ᠡ᠎ᠶ᠋ᠢ ᠴᠣᠭ᠍ᠴᠠᠯᠠᠪᠠ᠃ ᠪᠢᠳᠡ ᠬᠤᠪᠢᠰᠭᠠᠯ᠎ᠤᠨ ᠤᠯᠠᠮᠵᠢᠯᠠᠯ᠎ᠢ ᠶᠡᠬᠡ᠎ᠪᠡᠷ ᠪᠠᠳᠠᠷᠠᠭᠤᠯᠵᠤ᠂ ᠬᠤᠪᠢᠰᠭᠠᠯ᠎ᠤᠨ ᠤᠳᠤᠮᠱᠢᠯ᠎ᠢ ᠵᠠᠯᠭᠠᠮᠵᠢᠯᠠᠨ᠂ ᠡᠪ ᠬᠠᠮᠲᠤᠴᠤᠳ᠎ᠤᠨ ᠵᠣᠷᠢᠭ ᠰᠠᠨᠠᠭᠠᠨ᠎ᠤ ᠠᠮᠢᠨ ᠰᠤᠳᠠᠰᠤ᠎ᠶ᠋ᠢ ᠵᠠᠯᠭᠠᠮᠵᠢᠯᠠᠵᠤ᠂ ᠡᠭᠦᠨ᠎ᠦ ᠳᠤᠮᠳᠠ ᠡᠴᠡ ᠱᠢᠨ᠎ᠡ ᠠᠶᠠᠨ᠎ᠳᠠᠭᠠᠨ ᠮᠣᠷᠳᠠᠬᠤ᠂ ᠱᠢᠨ᠎ᠡ ᠴᠠᠭ ᠦᠶ᠎ᠡ᠎ᠳᠦ ᠡᠷᠡᠮᠡᠬᠡᠢᠯᠡᠨ ᠤᠷᠤᠭ᠍ᠰᠢᠯᠠᠬᠤ ᠬᠦᠴᠦᠷᠬᠡᠭ ᠶᠡᠬᠡ ᠤᠶᠤᠨ ᠰᠠᠨᠠᠭᠠᠨ᠎ᠤ ᠬᠦᠴᠦᠨ ᠴᠢᠳᠠᠯ᠎ᠢ ᠤᠯᠬᠤ ᠬᠡᠷᠡᠭ᠌ᠲᠡᠢ᠃

ᠨᠠᠮ᠎ᠤᠨ ᠵᠠᠭᠤᠨ ᠵᠢᠯ᠎ᠦᠨ ᠲᠡᠦᠬᠡᠨ ᠲᠤᠷᠱᠢᠯᠭ᠎ᠠ᠎ᠶ᠋ᠢ ᠳ᠋ᠦᠩᠨᠡᠵᠦ᠍᠂ ᠥᠩᠭᠡᠷᠡᠭ᠌ᠰᠡᠨ᠎ᠳᠦ ᠪᠢᠳᠡ ᠶᠠᠭᠠᠬᠢᠭᠠᠳ ᠠᠮᠵᠢᠯᠲᠠ ᠣᠯᠵᠤ ᠴᠢᠳᠠᠭ᠍ᠰᠠᠨ᠎ᠢᠶᠠᠨ ᠲᠣᠳᠣᠷᠬᠠᠢ ᠲᠠᠨᠢᠵᠤ᠂ ᠢᠷᠡᠭᠡᠳᠦᠢ᠎ᠳᠦ ᠪᠢᠳᠡ ᠶᠠᠭᠠᠬᠢᠪᠠᠯ ᠰᠠᠶᠢ ᠦᠷᠭᠦᠯᠵᠢᠯᠡᠨ ᠠᠮᠵᠢᠯᠲᠠ ᠣᠯᠵᠤ ᠴᠢᠳᠠᠬᠤ᠎ᠪᠠᠨ ᠲᠣᠳᠣᠷᠬᠠᠢ ᠣᠢᠯᠠᠭᠠᠬᠤ ᠬᠡᠷᠡᠭ᠌ᠲᠡᠢ᠃ ᠶᠡᠷᠦᠩᠬᠡᠢ ᠱᠦᠵᠢ ᠰᠢ᠎ᠶ᠋ᠢᠨ ᠫᠢᠩ《7·1》ᠤ᠋ ᠴᠢᠬᠤᠯᠠ ᠶᠠᠷᠢᠶᠠᠨ᠎ᠳᠠᠭᠠᠨ ᠲᠡᠦᠬᠡ᠎ᠪᠡᠷ ᠲᠤᠯᠢ ᠪᠣᠯᠭᠠᠵᠦ᠂ ᠲᠡᠦᠬᠡ᠎ᠪᠡᠷ ᠪᠣᠳᠠᠲᠤ ᠠᠬᠤᠶ᠎ᠶ᠋ᠢ ᠲᠤᠰᠭᠠᠨ᠂ ᠠᠯᠤᠰ ᠢᠷᠡᠭᠡᠳᠦᠶ ᠵᠢ ᠪᠠᠷᠠᠯᠠᠬᠤ ᠬᠡᠷᠡᠭᠲᠡᠢ ᠬᠡᠵᠦ ᠴᠢᠬᠤᠯᠠᠴᠢᠯᠠᠪᠠ᠃ ᠪᠢᠳᠡ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌᠎ᠶ᠋ᠢ ᠪᠠᠷᠢᠮᠲᠠᠯᠠᠬᠤ᠎ᠳᠤ ᠲᠡᠦᠬᠡ᠎ᠶ᠋ᠢᠨ ᠲᠤᠷᠱᠢᠯᠭ᠎ᠠ᠎ᠶ᠋ᠢ ᠳ᠋ᠦᠩᠨᠡᠵᠦ᠍᠂ ᠲᠡᠦᠬᠡ᠎ᠶ᠋ᠢᠨ ᠵᠢᠮ᠎ᠡ ᠶᠣᠰᠣ᠎ᠶ᠋ᠢ ᠡᠵᠡᠮᠱᠢᠵᠦ᠍᠂ ᠲᠡᠦᠬᠡ᠎ᠶ᠋ᠢᠨ ᠰᠠᠨᠠᠭᠠᠴᠢᠯᠠᠭᠠᠲᠤ ᠡᠷᠬᠡ᠎ᠶ᠋ᠢ ᠡᠵᠡᠮᠳᠡᠵᠦ᠍᠂ ᠡᠪ ᠬᠠᠮᠲᠤ ᠨᠠᠮ᠎ᠤᠨ ᠲᠦᠷᠦ᠍ ᠪᠠᠷᠢᠬᠤ ᠵᠢᠮ᠎ᠡ ᠶᠣᠰᠣ᠂ ᠨᠡᠢᠭᠡᠮ ᠵᠢᠷᠤᠮ᠎ᠤᠨ ᠪᠦᠳᠦᠭᠡᠨ ᠪᠠᠢᠭᠤᠯᠤᠯᠲᠠ᠎ᠶ᠋ᠢᠨ ᠵᠢᠮ᠎ᠡ ᠶᠣᠰᠣ᠂ ᠬᠥᠮᠦᠨ ᠲᠥᠷᠥᠯᠬᠢᠲᠡᠨ᠎ᠦ ᠨᠡᠢᠭᠡᠮ᠎ᠦᠨ ᠬᠥᠭ᠌ᠵᠢᠯᠲᠡ᠎ᠶ᠋ᠢᠨ ᠵᠢᠮ᠎ᠡ ᠶᠣᠰᠣᠨ᠎ᠤ ᠲᠤᠬᠠᠢ ᠲᠠᠨᠢᠯᠲᠠ᠎ᠪᠠᠨ ᠲᠠᠰᠤᠷᠠᠯᠳᠠ ᠦᠭᠡᠢ ᠭᠦᠨᠵᠡᠭᠡᠢᠷᠡᠭᠦᠯᠬᠦ᠌ ᠬᠡᠷᠡᠭ᠌ᠲᠡᠢ᠃

ᠦᠵᠡᠯ ᠰᠠᠨᠠᠭ᠎ᠠ᠎ᠪᠠᠷ ᠨᠠᠮ ᠪᠠᠢᠭᠤᠯᠬᠤ ᠪᠠ ᠲᠦᠷᠢᠮ᠎ᠢᠶᠡᠷ ᠨᠠᠮ᠎ᠢ ᠵᠰᠠᠬᠤ᠂ ᠲᠤᠬᠲᠠᠭᠠᠯ᠎ᠢᠶᠡᠷ ᠨᠠᠮ᠎ᠢ ᠵᠠᠰᠠᠬᠤ᠎ᠶ᠋ᠢ ᠨᠢᠭᠡᠳᠭᠡᠵᠦ᠍᠂ ᠨᠠᠮ᠎ᠤᠨ ᠪᠦᠬᠦ᠌ ᠲᠠᠯ᠎ᠠ᠎ᠶ᠋ᠢᠨ ᠤᠳᠤᠷᠢᠳᠤᠯᠭ᠎ᠠ᠎ᠶ᠋ᠢ ᠦᠨᠡᠨ ᠬᠦ᠌ ᠴᠢᠩᠭᠠᠳᠭᠠᠬᠤ ᠬᠡᠷᠡᠭᠲᠡᠢ

ᠦᠵᠡᠯ ᠰᠠᠨᠠᠭ᠎ᠠ᠎ᠪᠠᠷ ᠨᠠᠮ ᠪᠠᠢᠭᠤᠯᠬᠤ ᠪᠠ ᠲᠦᠷᠢᠮ᠎ᠢᠶᠡᠷ ᠨᠠᠮ᠎ᠢ ᠵᠠᠰᠠᠬᠤ᠂ ᠲᠤᠬᠲᠠᠭᠠᠯ᠎ᠢᠶᠡᠷ ᠨᠠᠮ᠎ᠢ ᠵᠠᠰᠠᠬᠤ᠎ᠶ᠋ᠢ ᠨᠢᠭᠡᠳᠭᠡᠬᠦ᠌ ᠪᠣᠯ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢᠨ ᠴᠢᠬᠤᠯᠠ ᠲᠤᠷᠱᠢᠯᠭ᠎ᠠ ᠮᠥᠨ᠃ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌᠎ᠳᠦ ᠭᠠᠭ᠍ᠴᠠ ᠬᠦ᠌ ᠲᠦᠷᠢᠮ᠎ᠢᠶᠡᠷ ᠨᠠᠮ᠎ᠢ ᠵᠠᠰᠠᠬᠤ᠂ ᠲᠤᠬᠲᠠᠭᠠᠯ᠎ᠢᠶᠡᠷ ᠨᠠᠮ᠎ᠢ ᠵᠠᠰᠠᠬᠤ᠎ᠶ᠋ᠢ ᠬᠠᠷᠢᠯᠴᠠᠨ ᠤᠶᠠᠯᠳᠤᠭᠤᠯᠪᠠᠯ ᠰᠠᠶᠢ ᠦᠢᠯᠡᠳᠦᠯ᠎ᠢᠶᠡᠨ ᠨᠡᠩ ᠰᠠᠢᠲᠤᠷ ᠪᠠᠳᠠᠷᠠᠭᠤᠯᠵᠤ ᠴᠢᠳᠠᠨ᠎ᠠ᠃ ᠪᠢᠳᠡ ᠤᠬᠠᠮᠰᠠᠷ ᠡᠴᠡ᠎ᠪᠠᠨ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌ ᠪᠠ ᠲᠦᠷᠢᠮ᠎ᠢᠶᠡᠷ ᠨᠠᠮ᠎ᠢ ᠵᠠᠰᠠᠬᠤ᠂ ᠲᠤᠬᠲᠠᠭᠠᠯ᠎ᠢᠶᠡᠷ ᠨᠠᠮ᠎ᠢ ᠵᠠᠰᠠᠬᠤ᠎ᠶ᠋ᠢ ᠵᠡᠷᠭᠡ᠎ᠪᠡᠷ ᠲᠥᠯᠥᠪᠯᠡᠵᠦ᠍᠂ ᠵᠡᠷᠭᠡ᠎ᠪᠡᠷ ᠪᠠᠢᠷᠢᠯᠠᠭᠤᠯᠵᠤ᠂ ᠵᠡᠷᠭᠡ᠎ᠪᠡᠷ ᠠᠬᠢᠭᠤᠯᠵᠤ᠂ ᠵᠡᠷᠭᠡ᠎ᠪᠡᠷ ᠨᠠᠢᠳᠠᠪᠤᠷᠢᠵᠢᠭᠤᠯᠵᠤ᠂ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌ ᠬᠠᠮᠤᠭ᠎ᠤᠨ ᠱᠢᠨ᠎ᠡ ᠤᠨᠤᠯ᠎ᠤᠨ ᠦᠷ᠎ᠡ ᠪᠦᠲᠦᠭᠡᠯ᠎ᠢ ᠲᠦᠷᠢᠮ ᠲᠣᠭ᠍ᠲᠠᠭᠠᠯ ᠪᠣᠯᠭᠠᠨ ᠲᠣᠭ᠍ᠲᠠᠪᠤᠷᠢᠵᠢᠭᠤᠯᠬᠤ ᠮᠥᠷᠲᠡᠭᠡᠨ ᠲᠦᠷᠢᠮ᠎ᠢᠶᠡᠷ ᠨᠠᠮ᠎ᠢ ᠵᠠᠰᠠᠬᠤ᠂ ᠲᠤᠬᠲᠠᠭᠠᠯ᠎ᠢᠶᠡᠷ ᠨᠠᠮ᠎ᠢ ᠵᠠᠰᠠᠬᠤ ᠦᠢᠯᠡᠳᠦᠯᠭᠡ᠎ᠶ᠋ᠢᠨ ᠵᠢᠷᠤᠮᠵᠢᠯ᠎ᠢᠶᠠᠷ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌ ᠳᠣᠲᠣᠭᠠᠳᠤ ᠱᠠᠭᠠᠷᠳᠠᠯᠭ᠎ᠠ᠎ᠶ᠋ᠢ ᠢᠯᠡᠷᠡᠭᠦᠯᠬᠦ᠌ ᠬᠡᠷᠡᠭ᠌ᠲᠡᠢ᠃

ᠨᠠᠮ᠎ᠤᠨ ᠤᠳᠤᠷᠢᠳᠭᠤ ᠳᠦᠷᠢᠮ᠎ᠦᠨ ᠱᠢᠰᠲ᠋ᠧᠮ᠎ᠢ ᠪᠠᠷᠢᠮᠲᠠᠯᠠᠨ ᠲᠡᠭᠦᠯᠳᠡᠷᠵᠢᠭᠦᠯᠵᠦ᠍᠂ ᠨᠠᠮ᠎ᠤᠨ ᠪᠦᠬᠦ᠌ ᠲᠠᠯ᠎ᠠ᠎ᠶ᠋ᠢᠨ ᠤᠳᠤᠷᠢᠳᠤᠯᠭ᠎ᠠ᠎ᠶ᠋ᠢ ᠴᠢᠩᠭᠠᠳᠭᠠᠬᠤ᠎ᠳᠤ ᠴᠢᠩᠭ᠎ᠠ ᠬᠦᠴᠦᠲᠡᠢ ᠦᠵᠡᠯ ᠰᠠᠨᠠᠭ᠎ᠠ ᠤᠨᠤᠯ᠎ᠤᠨ ᠳᠡᠮᠵᠢᠯᠭᠡ ᠪᠠ ᠳᠦᠷᠢᠮ᠎ᠦᠨ ᠪᠠᠲᠤᠯᠠᠭ᠎ᠠ ᠬᠠᠩᠭᠠᠬᠤ ᠬᠡᠷᠡᠭᠲᠡᠢ᠃ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠣᠷᠢᠶᠠᠨ᠎ᠤ ᠳᠥᠷᠪᠡᠳᠦᠭᠡᠷ ᠪᠥᠬᠥᠳᠡ ᠬᠤᠷᠠᠯ ᠡᠴᠡ ᠨᠠᠮ᠎ᠤᠨ ᠤᠳᠤᠷᠢᠳᠭᠤ ᠲᠦᠷᠢᠮ᠎ᠦᠨ ᠱᠢᠰᠲ᠋ᠧᠮ᠎ᠢ ᠪᠠᠷᠢᠮᠲᠠᠯᠠᠨ ᠲᠡᠭᠦᠯᠳᠡᠷᠵᠢᠭᠦᠯᠬᠦ᠌᠎ᠶ᠋ᠢ ᠳᠤᠷᠠᠳᠴᠤ᠌᠂ ᠣᠭ ᠰᠠᠨᠠᠭ᠎ᠠ᠎ᠪᠠᠨ ᠥᠯᠥ᠍ ᠮᠠᠷᠲᠠᠵᠤ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ᠌ ᠲᠦᠷᠢᠮ᠎ᠢ ᠪᠠᠢᠭᠤᠯᠬᠤ ᠬᠡᠷᠡᠭ᠌ᠲᠡᠶ ᠭᠡᠵᠦ᠍ ᠱᠠᠭᠠᠷᠳᠠᠪᠠ᠂ ᠡᠨᠡ᠎ᠨᠢ ᠮᠠᠨ᠎ᠤ ᠨᠠᠮ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠣᠨᠣᠯ᠎ᠢᠶᠠᠷ ᠨᠠᠮ᠎ᠢ ᠬᠦᠴᠦᠷᠬᠡᠭ᠌ᠵᠢᠭᠦᠯᠬᠦ᠌᠎ᠶ᠋ᠢ ᠤᠯᠤᠰ᠎ᠤᠨ ᠵᠠᠰᠠᠯᠲᠠ᠎ᠶ᠋ᠢᠨ ᠱᠢᠰᠲ᠋ᠧᠮ ᠪᠣᠯᠤᠨ ᠵᠠᠰᠠᠯᠲᠠ᠎ᠶ᠋ᠢᠨ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢᠨ ᠪᠥᠲᠥᠭᠡᠨ ᠪᠠᠢᠭᠤᠯᠤᠯᠲᠠ᠎ᠳᠤ ᠠᠭᠤᠰᠤᠯᠴᠠᠭᠤᠯᠵᠤ᠂ ᠡᠭᠦᠨ᠎ᠦ ᠤᠯᠠᠮ᠎ᠢᠶᠠᠷ ᠨᠠᠮ ᠢᠮᠠᠭ᠍ᠲᠠ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠦᠶ᠋ᠯᠡᠰ᠎ᠦᠨ ᠪᠠᠲᠤ ᠴᠢᠩᠭ᠎ᠠ ᠤᠳᠤᠷᠢᠳᠭᠤ ᠭᠤᠤᠯᠯᠠᠭ᠍ᠴᠢ ᠪᠣᠯᠬᠤ᠎ᠶ᠋ᠢ ᠦᠨᠡᠨ ᠬᠦ᠌ ᠪᠠᠲᠤᠯᠠᠭ᠍ᠰᠠᠨ᠎ᠢ ᠬᠠᠷᠠᠭᠤᠯᠵᠤ ᠪᠠᠢᠨ᠎ᠠ᠃

ᠨᠠᠮ᠎ᠤᠨ ᠲᠡᠮᠡᠴᠡᠯ᠎ᠦᠨ ᠲᠡᠦᠬᠡ᠎ᠶ᠋ᠢ ᠡᠷᠭᠢᠴᠡᠭᠦᠯᠪᠡᠯ᠂ ᠮᠠᠨ᠎ᠤ ᠨᠠᠮ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢ ᠬᠦᠴᠦᠷᠬᠡᠭ᠌ᠵᠢᠭᠦᠯᠬᠦ᠌ ᠢᠯᠡ ᠲᠣᠳᠣ ᠣᠨᠴᠠᠯᠢᠭ ᠪᠠ ᠤᠯᠤᠰ ᠲᠦᠷᠦ᠍᠎ᠶ᠋ᠢᠨ ᠳᠠᠪᠠᠭᠤᠯᠢᠭ᠎ᠲᠠᠶ ᠪᠣᠯᠤᠭ᠍ᠰᠠᠨ ᠡᠴᠡ ᠰᠠᠶᠢ ᠪᠦᠬᠦ᠌ ᠨᠠᠮ᠎ᠢᠶᠠᠷ᠎ᠢᠶᠠᠨ ᠢᠮᠠᠭ᠍ᠲᠠ ᠨᠢᠭᠡᠳᠦᠯᠲᠡᠢ ᠦᠵᠡᠯ ᠰᠠᠨᠠᠭ᠎ᠠ᠂ ᠡᠷᠡᠰ ᠪᠠᠲᠤ ᠵᠣᠷᠢᠭ ᠰᠠᠨᠠᠭ᠎ᠠ᠂ ᠵᠣᠬᠢᠴᠠᠩᠭᠤᠢ ᠠᠵᠢᠯᠯᠠᠭ᠎ᠠ᠂ ᠬᠦᠴᠦᠷᠬᠡᠭ ᠶᠡᠬᠡ ᠲᠠᠢ᠌ᠴᠢᠨ ᠬᠦᠴᠦᠨ᠎ᠲᠡᠶ ᠪᠤᠯᠵᠤ᠂ ᠮᠠᠨ᠎ᠤ ᠨᠠᠮ᠎ᠢᠶᠠᠨ ᠬᠦᠴᠢᠷ ᠪᠡᠷᠬᠡᠱᠢᠶᠡᠯ ᠵᠣᠪᠠᠭᠤᠷᠢ ᠵᠦᠳᠡᠭᠦᠷᠢ᠎ᠶ᠋ᠢ ᠲᠤᠭᠤᠯᠤᠨ ᠲᠠᠰᠤᠷᠠᠯᠳᠠ ᠦᠭᠡᠢ ᠬᠥᠭ᠌ᠵᠢᠭᠦᠯᠦᠨ ᠪᠤᠵᠠᠭᠠᠢᠷᠠᠭᠤᠯᠪᠠ᠃ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠪᠦᠬᠦ᠌ ᠲᠠᠯ᠎ᠠ ᠪᠣᠯᠤᠨ ᠳᠡᠯᠡᠬᠡᠢ ᠳ᠋ᠠᠬᠢᠨ᠎ᠤ ᠵᠠᠭᠤᠨ ᠵᠢᠯ᠎ᠳᠦ ᠲᠣᠬᠢᠶᠠᠯᠳᠤᠭ᠎ᠠ ᠦᠭᠡᠢ ᠶᠡᠬᠡ ᠬᠤᠪᠢᠰᠤᠯᠲᠠ᠎ᠶ᠋ᠢᠨ ᠡᠮᠦᠨ᠎ᠡ᠂ ᠱᠢᠨ᠎ᠡ ᠴᠠᠭ ᠦᠶ᠎ᠡ᠎ᠳᠤ ᠨᠠᠮ᠎ᠤᠨ ᠪᠠᠢᠭᠤᠯᠤᠯᠲᠠ᠎ᠶ᠋ᠢᠨ ᠠᠭᠤᠤ ᠶᠡᠬᠡ ᠢᠨᠵᠧᠨᠧᠷᠢᠩ᠎ᠢ ᠠᠬᠢᠭᠤᠯᠬᠤ ᠳ᠋ᠤ᠂ ᠪᠢᠲᠡ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠣᠨᠣᠯ᠎ᠢᠶᠠᠷ ᠨᠠᠮ᠎ᠢ ᠬᠦᠴᠦᠷᠬᠡᠭ᠌ᠵᠢᠭᠦᠯᠬᠦ᠌ ᠢᠷᠠᠭᠤ ᠠᠯᠳᠠᠷᠲᠤ ᠤᠯᠠᠮᠵᠢᠯᠠᠯ ᠪᠠ ᠡᠷᠬᠢᠮ ᠨᠠᠨᠳᠢᠨ ᠲᠤᠷᠱᠢᠯᠭ᠎ᠠ ᠪᠠᠨ ᠤᠯᠠᠮᠵᠢᠯᠠᠨ ᠪᠠᠲᠠᠷᠠᠭᠤᠯᠵᠦ᠂ ᠮᠠᠨ᠎ᠤ ᠨᠠᠮ᠎ᠤᠨ ᠦᠵᠡᠯ ᠰᠠᠨᠠᠭᠠᠨ᠎ᠤ ᠳᠠᠪᠠᠭᠤᠯᠢᠭ᠂ ᠤᠨᠤᠯ᠎ᠤᠨ ᠳᠠᠪᠠᠭᠤᠯᠢᠭ᠂ ᠤᠯᠤᠰ ᠲᠦᠷᠦ᠍᠎ᠶ᠋ᠢᠨ ᠳᠠᠪᠠᠭᠤᠯᠢᠭ ᠢ᠋ ᠪᠠᠲᠠᠷᠠᠭᠤᠯᠵᠦ᠂ ᠨᠠᠮ᠎ᠤᠨ ᠦᠵᠡᠯ ᠰᠠᠨᠠᠭ᠎ᠠ ᠤᠨᠤᠯ᠎ᠤᠨ ᠪᠠᠢᠭᠤᠯᠤᠯᠲᠠ᠎ᠶ᠋ᠢ ᠴᠢᠩᠭᠠᠳᠭᠠᠨ᠂ ᠨᠠᠮ᠎ᠤᠨ ᠦᠨᠳᠦᠰᠦᠨ ᠱᠤᠭᠤᠮ᠂ ᠦᠨᠳᠦᠰᠦᠨ ᠤᠨᠦᠯ᠂ ᠦᠨᠳᠦᠰᠦᠨ ᠠᠷᠭ᠎ᠠ ᠪᠤᠳᠤᠯᠭ᠎ᠠ ᠵᠢ ᠪᠠᠷᠢᠮᠲᠠᠯᠠᠵᠦ᠂ ᠵᠥᠪ ᠤᠯᠤᠰ ᠲᠥᠷᠥ᠎ᠶ᠋ᠢᠨ ᠴᠢᠭ᠌ᠯᠡᠯ᠎ᠢ ᠪᠠᠷᠢᠮᠲᠠᠯᠠᠵᠦ᠂ ᠣᠨᠣᠯ᠎ᠤᠨ ᠢᠲᠡᠭᠡᠯ ᠪᠣᠯᠤᠨ ᠪᠠᠢᠯᠳᠤᠬᠤ ᠪᠣᠳᠣᠯᠭ᠎ᠠ᠎ᠶ᠋ᠢᠨ ᠲᠣᠭ᠍ᠲᠠᠯ ᠬᠦᠴᠦᠨ᠎ᠢᠶᠡᠨ ᠴᠢᠩᠭᠠᠳᠭᠠᠵᠦ᠂ ᠱᠢᠨᠵᠢᠯᠡᠬᠦ᠌ ᠤᠬᠠᠭᠠᠨᠴᠢ ᠦᠵᠡᠯ ᠰᠠᠨᠠᠭᠠᠨ᠎ᠤ ᠠᠷᠭ᠎ᠠ ᠪᠠ ᠠᠵᠢᠯᠯᠠᠬᠤ ᠠᠷᠭ᠎ᠠ᠎ᠶ᠋ᠢ ᠪᠠᠷᠢᠮᠲᠠᠯᠠᠵᠦ᠂ ᠪᠦᠬᠦ᠌ ᠨᠠᠮ᠎ᠤᠨ ᠪᠦᠯᠬᠦᠮᠳᠡᠯ ᠨᠢᠭᠡᠳᠦᠯ᠎ᠢ ᠪᠠᠲᠤᠯᠠᠵᠦ᠂ ᠨᠠᠮ᠎ᠤᠨ ᠪᠥᠬᠥ᠌ ᠲᠠᠯ᠎ᠠ᠎ᠶ᠋ᠢᠨ ᠵᠥᠪ ᠣᠨᠣᠪᠴᠢᠲᠠᠶ ᠡᠷᠡᠰ ᠴᠢᠩᠭ᠎ᠠ ᠤᠳᠤᠷᠢᠳᠤᠯᠭ᠎ᠠ᠎ᠶ᠋ᠢ ᠪᠡᠶᠡᠯᠡᠭᠦᠯᠬᠦ ᠬᠡᠷᠡᠭᠲᠡᠢ᠃ ᠲᠦᠷᠢᠮ᠎ᠢᠶᠡᠷ ᠨᠠᠮ᠎ᠢ ᠵᠠᠰᠠᠬᠤ᠂ ᠲᠤᠬᠲᠠᠭᠠᠯ᠎ᠢᠶᠡᠷ ᠨᠠᠮ᠎ᠢ ᠵᠠᠰᠠᠬᠤ᠎ᠶ᠋ᠢ ᠪᠠᠷᠢᠮᠲᠠᠯᠠᠵᠤ᠂ ᠱᠢᠰᠲ᠋ᠧᠮ ᠪᠦᠷᠢᠨ ᠲᠡᠭᠦᠯᠳᠡᠷ᠂ ᠱᠢᠨᠵᠢᠯᠡᠬᠦ᠌ ᠤᠬᠠᠭᠠᠨᠴᠢ ᠵᠢᠷᠤᠮᠵᠢᠯ᠎ᠲᠠᠶ᠂ ᠠᠵᠢᠯᠯᠠᠭ᠎ᠠ ᠪᠦᠲᠦᠮᠵᠢᠲᠡᠢ ᠲᠦᠷᠢᠮ᠎ᠦᠨ ᠱᠢᠰᠲ᠋ᠧᠮ᠎ᠢ ᠴᠢᠷᠮᠠᠢᠨ ᠪᠠᠢᠭᠤᠯᠵᠤ᠂ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢ ᠱᠢᠨ᠎ᠡ ᠲᠦᠪᠱᠢᠨ᠎ᠳᠦ ᠬᠦᠷᠭᠡᠬᠦ ᠬᠡᠷᠡᠭᠲᠡᠢ᠃

(《ᠭᠤᠸᠠᠩᠮᠢᠩ ᠡᠳᠦᠷ᠎ᠦᠨ ᠰᠣᠨᠢᠨ》ᠰᠢᠯᠵᠢᠶ᠎ᠡ ᠡᠴᠡ ᠬᠠᠨ ᠯᠢᠩ ᠯᠢᠩ ᠤᠷᠴᠢᠭᠤᠯᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号