ᠰᠢᠷᠭᠠᠯ ᠨᠠᠮᠤᠷ᠂ ᠬᠤᠷᠴᠢᠨᠨᠤᠲᠤᠬᠤᠨ ᠭᠠᠵᠠᠷ ᠪᠤᠯᠭᠠᠨ᠎ᠳᠤ ᠡᠯᠪᠡᠭ ᠬᠤᠷᠢᠶᠠᠯᠲᠠ᠎ᠵᠢᠨ
ᠪᠡᠶᠠᠷ ᠪᠠᠭ᠍ᠠᠳᠤᠯ ᠪᠢᠯᠬᠠᠨ᠎ᠠ᠃ 10 ᠰᠠᠷ᠎ᠠ᠎ᠵᠢᠨ ᠲᠤᠮᠳᠠᠴᠢ ᠪᠡᠷ
ᠰᠤᠷᠪᠤᠯᠵᠢᠯᠠᠭᠴᠢ ᠬᠤᠷᠴᠢᠨ ᠵᠡᠭᠦᠨᠭᠠᠷ᠎ᠤᠨ ᠳᠤᠮᠳᠠᠳᠤ ᠬᠤᠰᠢᠭᠤᠨ᠎ᠤ ᠶᠤᠯᠤᠨᠮᠤᠳᠤ ᠪᠠᠯᠭᠠᠰᠤᠨ᠎ᠤ ᠳᠡᠰᠭᠢᠬᠤᠧᠠ
ᠭᠠᠴᠠᠭ᠎ᠠ᠎ᠵᠢᠨ ᠲᠠᠷᠢᠶᠠᠴᠢᠨ ᠬᠥᠷᠡᠯᠪᠡᠭᠠᠳᠤᠷᠤᠨ ᠭᠢᠨ ᠳᠤ ᠬᠦᠷᠭᠦ᠎ᠳᠤ᠂ ᠲᠠᠷᠠ ᠪᠡᠷ ᠬᠥᠮᠥᠨ ᠬᠥᠯᠥᠰᠥᠯᠡᠨ
ᠡᠷᠳᠡᠨᠢ ᠰᠢᠰᠢ᠎ᠪᠠᠨ ᠱᠠᠭᠠᠯᠠᠵᠤ ᠪᠠᠢᠪᠠ᠃ 《ᠮᠠᠨ᠎ᠤ᠎ᠬᠢᠨ 50 ᠰᠢᠬᠠᠮ ᠮᠥ᠍ ᠡᠷᠳᠡᠨᠢ ᠰᠢᠰᠢ ᠲᠠᠷᠢᠯ᠎ᠠ᠂ ᠡᠨᠡ ᠵᠢᠯ᠎ᠤᠨ
ᠤᠷᠭᠤᠴᠠ ᠰᠠᠢᠨ᠂ ᠮᠥ᠍ ᠪᠥᠷᠢ᠎ᠵᠢᠨ ᠤᠨᠠᠯᠲᠠ1500 ᠵᠢᠩ ᠤᠷᠴᠢᠮ᠎ᠳᠤ ᠬᠥᠷᠤᠨᠡ᠂ ᠤᠳᠤ᠎ᠵᠢᠨ ᠵᠠᠬ᠎ᠠ᠎ᠵᠢᠨ ᠥᠨ᠎ᠡ ᠵᠢᠩ ᠪᠥᠷᠢ᠎ᠳᠡᠭᠡᠨ 1.1 ᠲᠥᠭᠦᠷᠢᠭ ᠤᠷᠴᠢᠮ᠎ᠳᠤ ᠬᠥᠷᠴᠥ᠍ ᠪᠤᠢ》 ᠭᠡᠵᠤ ᠬᠥᠷᠡᠯᠪᠠᠭᠠᠳᠤᠷ ᠪᠠᠶᠠᠷᠳᠠᠢᠬᠠᠨ ᠶᠠᠷᠢᠵᠤ ᠪᠠᠢᠯ᠎ᠠ᠃

ᠬᠥᠷᠡᠯᠪᠠᠭᠠᠳᠤᠷᠤᠨᠬᠢᠨᠤ ᠡᠨᠡ ᠬᠡᠰᠡᠭ ᠡᠷᠳᠡᠨᠢ ᠰᠢᠰᠢ ᠵᠢᠨ ᠲᠠᠷᠢᠶ᠎ᠠ᠎ᠨᠢ
ᠶᠠᠭ ᠰᠢᠨ ᠺᠠᠢ ᠾᠧ ᠭᠤᠤᠯ᠎ᠤᠨ ᠬᠡᠪᠡᠯᠢ ᠪᠠ ᠭᠤᠤᠯ᠎ᠤᠨ ᠬᠠᠰᠢᠯᠭ᠎ᠠ᠎ᠵᠢᠨ ᠬᠤᠭᠤᠷᠤᠨᠳᠤ ᠬᠠᠰᠢᠬ᠍ᠳᠠᠵᠤ ᠲᠤᠮᠤ
ᠮᠠᠰᠢᠨ ᠡᠷᠬᠢᠵᠤ ᠳᠡᠢᠯᠬᠦ᠌ ᠥᠭᠡᠢ ᠪᠤᠯᠬᠤᠷ ᠶᠠᠭᠤᠨ᠎ᠤ ᠡᠮᠥᠨ᠎ᠡ ᠡᠷᠳᠡᠨᠢ ᠰᠢᠰᠢ᠎ᠵᠢᠨ ᠡᠰᠢ᠎ᠪᠠᠨ ᠬᠠᠳᠤᠵᠤ ᠠᠪᠤᠬᠰᠠᠨ᠎ᠤ
ᠳᠠᠷᠠᠭ᠎ᠠ ᠬᠥᠮᠥᠨ ᠬᠥᠯᠥᠰᠥᠯᠡᠨ ᠲᠠᠷᠢᠶᠠᠨ᠎ᠳᠠᠭᠠᠨ ᠱᠠᠭᠠᠯᠠᠵᠤ᠂ ᠭᠡᠷ ᠳᠡᠢᠰᠢ᠎ᠪᠠᠨ ᠳᠡᠭᠡᠭᠡᠪᠥᠷᠢᠯᠡᠵᠤ ᠪᠠᠢᠪᠠ᠃
《ᠪᠢ ᠡᠨᠡ ᠭᠠᠴᠠᠭᠠᠨ᠎ᠤ ᠬᠥᠮᠥᠨ᠂ ᠵᠢᠯ ᠪᠥᠷᠢ᠎ᠵᠢᠨ ᠨᠠᠮᠤᠷ ᠬᠥᠴᠥ᠍ ᠶᠠᠪᠤᠵᠤ ᠤᠷᠤᠯᠭ᠎ᠠ᠎ᠪᠠᠨ
ᠨᠡᠮᠡᠭ᠌ᠳᠡᠭᠦᠯᠳᠡᠭ᠂ ᠪᠢᠳᠡ ᠡᠳᠥᠷ ᠪᠥᠷᠢ 9 ᠴᠠᠬ ᠠᠵᠢᠯᠯᠠᠵᠤ᠂ ᠡᠳᠥᠷ᠎ᠲᠤ 2 ᠮᠥ᠍ ᠰᠢᠬᠠᠮ ᠱᠠᠭᠠᠯᠠᠨ᠂ 170 ᠲᠥᠭᠦᠷᠢᠭ ᠤᠯᠳᠠᠬ》 ᠭᠡᠵᠤ ᠭᠤᠤ ᠴᠢ ᠯᠢᠨ ᠰᠢᠮᠳᠠᠨ
ᠱᠠᠭᠠᠯᠠᠬᠤ᠎ᠵᠢᠨ ᠳᠠᠭᠠᠤ ᠬᠠᠷᠢᠭᠤᠯᠠᠨ᠎ᠠ᠃
ᠳᠡᠰᠭᠢᠬᠤᠧᠠ ᠭᠠᠴᠠᠭ᠎ᠠ᠎ᠨᠢ 409 ᠡᠷᠥᠭᠡ
᠂ 1
ᠲᠥᠮᠡᠨ
ᠮᠥ᠍ ᠳᠠᠷᠢᠶᠠᠨ ᠭᠠᠵᠠᠷ᠎ᠲᠠᠢ ᠲᠤᠮᠤ ᠭᠠᠴᠠᠭ᠎ᠠ ᠪᠠᠢᠪᠠ᠃ ᠲᠤᠰ ᠭᠠᠴᠠᠭ᠎ᠠ ᠰᠢᠨ ᠺᠠᠢ ᠾᠧ ᠭᠤᠤᠯ᠎ᠤᠨ ᠰᠠᠪᠠ ᠭᠠᠵᠠᠷ
ᠰᠠᠭᠤᠷᠢᠰᠢᠬ᠍ᠰᠠᠨ ᠪᠤᠯᠬᠤᠷ ᠲᠠᠷᠢᠶᠠᠨ ᠭᠠᠵᠠᠷ᠎ᠨᠢ ᠳᠡᠭ᠌ᠰᠢ ᠪᠠᠢᠵᠤ᠂ ᠬᠥᠢᠬᠡᠨ ᠪᠤᠯᠠᠵᠤ ᠳᠤᠰᠤᠯᠭᠠᠨ ᠤᠰᠤᠯᠠᠬᠤ
ᠵᠡᠷᠭᠡ ᠮᠡᠷᠭᠡᠵᠢᠯ᠎ᠤᠨ ᠳᠡᠯᠭᠡᠷᠡᠭᠦᠯᠥᠭ᠌ᠳᠡᠬᠦ᠌ᠵᠢ ᠳᠠᠭᠠᠯᠳᠤᠨ᠂ ᠲᠠᠷᠢᠶᠠᠨ᠎ᠤ ᠤᠨᠠᠯᠲᠠ ᠢᠯᠡᠳᠳᠡ ᠳᠡᠭᠡᠭ᠌ᠰᠢᠯᠡᠭ᠌ᠰᠡᠨᠵᠢᠡᠷ
ᠪᠠᠷᠠᠬᠤ ᠥᠭᠡᠢ᠂ ᠳᠤᠮᠤ ᠬᠡᠯᠪᠡᠷᠢ᠎ᠵᠢᠨ ᠳᠠᠷᠢᠶᠠᠯᠠᠩ᠎ᠤᠨ ᠮᠠᠰᠢᠨ ᠰᠠᠭᠠᠳ ᠥᠭᠡᠢ ᠤᠷᠤᠵᠤ ᠠᠵᠢᠯᠯᠠᠨ᠂ ᠲᠠᠷᠢᠶᠠᠯᠠᠩ᠎ᠤᠨ
ᠮᠠᠰᠢᠨᠴᠢᠯᠠᠯᠲᠠ ᠵᠢ ᠶᠡᠬᠡ ᠪᠡᠷ ᠠᠬᠢᠭᠤᠯᠵᠤ᠂ ᠲᠤᠬᠠᠢ᠎ᠵᠢᠨ ᠭᠠᠵᠠᠷ᠎ᠤᠨ ᠳᠠᠷᠢᠶᠠᠴᠢᠳ ᠳᠠᠷᠢᠶᠠᠯᠠᠩ᠎ᠤᠨ ᠴᠢᠯᠥᠭᠡ
ᠴᠠᠬᠵᠢᠡᠨ ᠠᠰᠢᠬᠯᠠᠨ ᠳᠡᠵᠢᠭᠡᠪᠥᠷᠢ᠎ᠵᠢᠨ ᠥᠢᠯᠡᠰ ᠡᠷᠬᠢᠯᠡᠬᠦ᠂ ᠬᠥᠴᠥ᠍ ᠶᠠᠪᠤᠵᠤ ᠤᠷᠤᠯᠭ᠎ᠠ᠎ᠪᠠᠨ ᠨᠡᠮᠡᠭ᠌ᠳᠡᠭᠦᠯᠬᠦ᠌
ᠵᠡᠷᠭᠡ᠎ᠳᠤ ᠶᠡᠬᠡ ᠯᠡ ᠲᠥᠭᠦᠮ ᠥᠵᠡᠭᠦᠯᠵᠤ ᠪᠠᠢᠨ᠎ᠠ᠃

ᠲᠤᠰ ᠭᠠᠴᠠᠭᠠᠨ᠎ᠤ ᠨᠡᠮ᠎ᠤᠨ ᠡᠭᠦᠷ᠎ᠤᠨ ᠱᠥᠵᠢ ᠬᠥᠭ᠌ᠵᠢᠭᠡ᠄ 《ᠮᠠᠨ᠎ᠤ ᠳᠠᠷᠢᠶᠠᠨ ᠭᠠᠵᠠᠷ᠎ᠲᠠᠭᠠᠨ ᠴᠥᠮ ᠡᠷᠳᠡᠨᠢ ᠰᠢᠰᠢ ᠳᠠᠷᠢᠳᠠᠬ ᠮᠥᠷᠳᠡᠭᠡᠨ ᠳᠠᠷᠢᠬᠤ᠎ᠠᠴᠠ
ᠬᠤᠷᠢᠶᠠᠬᠤ ᠬᠥᠷᠳᠡᠯ᠎ᠡ ᠪᠠᠷᠤᠬ ᠪᠥᠷ ᠮᠠᠰᠢᠨᠴᠢᠯᠠᠯᠲᠠ ᠵᠢ ᠪᠡᠶᠡᠯᠡᠭᠦᠯᠥᠯᠡ᠂ ᠡᠷᠳᠡᠨᠢ ᠰᠢᠰᠢ᠎ᠵᠢ ᠬᠤᠷᠢᠶᠠᠬᠤ᠎ᠪᠠᠷ
ᠪᠤᠳᠤᠬᠤ᠎ᠳᠤ᠂ ᠲᠤᠮᠤ ᠬᠤᠷᠢᠶᠠᠬᠤ ᠮᠠᠰᠢᠨ ᠬᠡᠳᠥᠨ ᠠᠷᠪᠠᠨ ᠮᠤ᠌ ᠵᠢ ᠥᠵᠡᠵᠤ ᠪᠠᠢᠳᠠᠯ᠎ᠠ ᠬᠤᠷᠢᠶᠠᠵᠤ ᠳᠠᠭᠤᠰᠭᠠᠨ᠂
ᠡᠷᠳᠡᠨᠢ ᠰᠢᠰᠢ᠎ᠵᠢ ᠴᠢᠨᠢ ᠴᠥᠮ ᠮᠥᠯᠢᠵᠤ ᠥᠭ᠌ᠴᠢᠭᠡᠭᠡᠳ ᠰᠠᠶ᠍ᠢ ᠮᠥ᠍ ᠪᠥᠷᠢ᠎ᠠᠴᠠ 60 ᠲᠥᠭᠦᠷᠢᠭ ᠬᠤᠷᠢᠶᠠᠳᠠᠬ ᠡ》 ᠭᠡᠵᠤ ᠬᠡᠯᠡᠵᠤ ᠪᠠᠢᠯ᠎ᠠ᠃
ᠥᠢᠷ᠎ᠡ ᠵᠢᠨ ᠵᠢᠯ᠎ᠠᠴᠠ ᠨᠠᠭᠠᠰᠢ᠂ ᠲᠥᠩᠯᠢᠶᠤᠤ ᠬᠤᠲᠠ 《ᠲᠦᠩᠯᠢᠶᠣᠤ᠎ᠵᠢᠨ ᠰᠢᠷ᠎ᠠ ᠡᠷᠳᠡᠨᠢ ᠰᠢᠰᠢ》 ᠵᠢᠨ
ᠲᠥᠷᠥᠯ ᠳᠡᠮᠳᠡᠭ᠎ᠤᠨ ᠠᠯᠳᠠᠷᠰᠢᠯ ᠢ᠋ ᠠᠬᠢᠭᠤᠯᠤᠨ᠂ ᠬᠦᠢᠬᠡᠨ ᠪᠤᠯᠠᠵᠤ ᠲᠤᠰᠤᠯᠭᠠᠨ ᠤᠰᠤᠯᠠᠬᠤ᠎ᠪᠠᠷ ᠭᠤᠣᠯ ᠪᠣᠯᠭᠠᠭ᠍ᠰᠠᠨ
ᠥᠨᠳᠥᠷ ᠥᠷ᠎ᠡ ᠠᠰᠢᠬ᠍ᠳᠤ ᠤᠰᠤ ᠠᠷᠪᠢᠯᠠᠬᠤ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠢ᠋ 600 ᠲᠦᠮᠡᠨ ᠮᠦ᠍ ᠤᠷᠴᠢᠮ ᠪᠠᠢᠭᠤᠯᠵᠥ᠍᠂ ᠤᠳᠤ ᠥᠶ᠎ᠡ᠎ᠵᠢᠨ
ᠳᠠᠷᠢᠶᠠᠯᠠᠩᠢ᠋ ᠬᠥᠴᠥᠯᠡᠨ ᠬᠥᠭ᠌ᠵᠢᠭᠦᠯᠵᠦ ᠂ ᠠᠮᠤ ᠪᠤᠳᠠᠭᠠᠨ᠎ᠤ ᠦᠢᠯᠡᠳᠪᠦᠷᠢᠯᠡᠯ᠎ᠤᠨ ᠴᠢᠳᠠᠪᠤᠷᠢ᠎ᠵᠢ ᠳᠠᠰᠤᠷᠠᠯᠲᠠ
ᠥᠭᠡᠢ ᠳᠡᠭᠡᠭ᠌ᠰᠢᠯᠡᠭᠦᠯᠵᠤ ᠪᠠᠢᠨ᠎ᠠ᠃