ᠳ᠋ᠧᠩᠺᠧᠦ ᠱᠢᠶᠠᠨ᠄ ᠡᠯᠡᠰᠦᠨ ᠴᠦᠯ᠎ᠦᠨ 《ᠪᠣᠬᠢᠷᠲᠤᠯ ᠦᠭᠡᠢ ᠡᠷᠳᠡᠨᠢᠰ᠎ᠦᠨ ᠰᠠᠩ》 ᠡᠯᠪᠡᠭ ᠬᠤᠷᠢᠶᠠᠯᠲᠠ᠎ᠶ᠋ᠢᠨ ᠵᠠᠭ᠍ᠪᠤᠷ᠎ᠢ ᠡᠬᠢᠯᠡᠭᠦᠯᠪᠡ
2021-11-08 10:44:49
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

ᠦᠢᠷ᠎ᠠ ᠳ᠋ᠦ ᠶᠠᠭ ᠰᠠᠶᠢᠬᠠᠨ ᠨᠠᠩᠭᠢ ᠴᠠᠭᠠᠨ ᠪᠣᠯᠪᠠᠰᠤᠷᠠᠬᠤ ᠴᠠᠭ ᠪᠣᠯᠵᠠᠢ᠂ ᠳ᠋ᠸᠩᠺᠸᠤ ᠱᠢᠶᠠᠨ᠎ᠤ ᠤᠯᠠᠭᠠᠨᠪᠤᠬ᠎ᠠ ᠡᠯᠡᠰᠦᠨ ᠴᠦᠯ᠎ᠦᠨ ᠨᠠᠩᠭᠢ ᠴᠠᠭᠠᠨ᠎ᠤ ᠲᠠᠷᠢᠮᠠᠯ᠎ᠤᠨ ᠰᠠᠭᠤᠷᠢᠨ᠎ᠳᠤ ᠬᠥᠮᠦᠨ ᠬᠠᠷ᠎ᠠ ᠰᠦᠯᠵᠢᠯᠳᠦᠵᠦ᠍᠂ ᠮᠠᠱᠢᠨ᠎ᠤ ᠲᠠᠭᠤᠨ ᠬᠦᠷᠴᠢᠬᠢᠨᠠᠨ᠂ ᠵᠠᠭᠤ ᠱᠢᠬᠠᠮ ᠠᠵᠢᠯᠴᠢᠨ ᠡᠨᠳᠡ ᠲᠡᠮᠦᠷ ᠱᠢᠳᠠᠮ ᠡᠭᠦᠯᠳᠡᠷ᠎ᠤᠨ ᠨᠠᠩᠭᠢ ᠴᠠᠭᠠᠨ᠎ᠢ ᠮᠠᠯᠲᠠᠵᠤ᠂ ᠬᠣᠶᠠᠷ ᠱᠢᠷᠣᠢ ᠤᠬᠤᠬᠤ ᠮᠠᠱᠢᠨ ᠵᠢᠡᠷ ᠰᠤᠪᠠᠭ ᠮᠠᠯᠲᠠᠵᠤ᠂ ᠠᠵᠢᠯᠴᠢᠳ ᠲᠡᠮᠤᠷ ᠬᠦᠷᠵᠡ ᠪᠠ ᠭᠠᠷ᠎ᠢᠶᠡᠨ ᠬᠠᠪᠰᠤᠷᠭᠠᠨ ᠨᠠᠩᠭᠢ ᠴᠠᠭᠠᠨ᠎ᠢ ᠮᠠᠰᠢ ᠪᠤᠯᠪᠠᠰᠤᠷᠠᠩᠭᠤᠢ ᠪᠡᠷ ᠮᠠᠯᠲᠠᠵᠤ᠂ ᠱᠢᠷᠭᠡᠭ ᠱᠢᠷᠬᠡᠭ ᠲᠡᠮᠦᠷ ᠱᠢᠳᠠᠮ ᠱᠢᠭ᠋ ᠨᠠᠷᠢᠨ ᠤᠷᠳᠤ᠂ ᠱᠢᠮ᠎ᠡ ᠲᠡᠵᠢᠭᠡᠯ ᠲᠡᠭᠦᠯᠳᠡᠷ ᠨᠠᠩᠭᠢ ᠴᠠᠭᠠᠨ᠎ᠢ ᠲᠠᠰᠤᠷᠠᠯᠳᠠ ᠦᠭᠡᠢ ᠮᠠᠯᠲᠠᠨ ᠭᠠᠷᠭᠠᠵᠤ᠂ ᠨᠢᠭᠡᠨ ᠰᠠᠢᠬᠠᠨ ᠡᠯᠪᠡᠭ ᠬᠤᠷᠢᠶᠠᠯᠲᠠ᠎ᠵᠢᠨ ᠦᠩᠭᠡ ᠦᠵᠡᠮᠵᠢ᠎ᠵᠢ ᠵᠢᠷᠤᠭ᠍ᠯᠠᠨ᠎ᠠ᠃

ᠳ᠋ᠸᠩᠺᠸᠤ ᠱᠢᠶᠠ ᠎ᠤ ᠢ ᠾᠧᠩ ᠲᠠᠷᠢᠵᠤ ᠲᠡᠵᠢᠭᠡᠨ ᠦᠷᠡᠵᠢᠭᠦᠯᠬᠦ᠌ ᠲᠠᠷᠢᠶᠠᠴᠢᠨ᠎ᠤ ᠲᠤᠰᠭᠠᠢ ᠬᠤᠷᠱᠢᠶ᠎ᠠ᠎ᠶ᠋ᠢᠨ ᠲᠠᠷᠢᠶᠠᠴᠢᠨ ᠵᠠᠩ ᠵᠠᠨ ᠸᠧᠢ᠄ 《ᠡᠨᠡ ᠵᠢᠯ ᠲᠠᠯᠠ ᠨᠠᠶᠠᠨ ᠮᠦ᠍ ᠲᠡᠮᠦᠷ ᠱᠢᠳᠠᠮ᠎ᠤᠨ ᠨᠠᠩᠭᠢ ᠴᠠᠭᠠᠨ ᠲᠠᠷᠢᠪᠠ᠂ ᠶᠠᠰᠤ ᠴᠢᠨᠠᠷ ᠨᠢ ᠨᠡᠯᠢᠶᠡᠳ ᠰᠠᠢᠨ᠂ ᠮᠠᠨ᠎ᠤ ᠡᠨᠳᠡᠬᠢ ᠡᠯᠡᠰᠦᠨ ᠴᠦᠯ ᠠᠭᠤᠷ ᠠᠮᠢᠰᠭᠤᠯ ᠰᠠᠢᠨ᠂ ᠬᠥᠷᠥᠰᠥ᠍ ᠱᠢᠷᠣᠢ᠎ᠴᠤ᠌ ᠰᠠᠢᠨ᠂ ᠪᠦᠷ ᠮᠠᠯ᠎ᠤᠨ ᠦᠷᠳᠡᠩ᠂ ᠣᠷᠭᠠᠨᠢᠭ ᠪᠤᠷᠳᠤᠭᠤᠷ ᠣᠷᠣᠭᠤᠯᠵᠤ᠂ ᠦᠷ᠎ᠡ ᠠᠱᠢᠭ ᠴᠤ᠌ ᠮᠠᠰᠢ ᠰᠠᠢᠨ ᠪᠠᠢᠨ᠎ᠠ》 ᠬᠡᠮᠡᠨ ᠪᠠᠶᠠᠷ ᠲᠠᠢ ᠶᠠᠷᠢᠨ᠎ᠠ᠃

ᠤᠢᠷ᠎ᠠ᠎ᠶ᠋ᠢᠨ ᠵᠢᠯ᠎ᠡᠴᠡ᠂ ᠳ᠋ᠸᠩᠺᠸᠤ ᠱᠢᠶᠠᠨ ᠤᠯᠠᠭᠠᠨᠪᠤᠬ᠎ᠠ᠎ᠵᠢᠨ ᠡᠯᠡᠰᠦᠨ ᠴᠦᠯ᠎ᠦᠨ ᠡᠯᠪᠡᠭ ᠪᠠᠶᠠᠯᠢᠭ ᠭᠠᠵᠠᠷ ᠱᠢᠷᠣᠢ᠂ ᠭᠡᠷᠡᠯ ᠢᠯᠴᠢ᠎ᠶ᠋ᠢᠨ ᠡᠬᠢ ᠪᠠᠶᠠᠯᠢᠭ᠎ᠲᠤ ᠲᠦᠱᠢᠭ᠌ᠯᠡᠵᠦ᠍᠂ ᠵᠠᠰᠠᠭ᠎ᠤᠨ ᠣᠷᠳᠣᠨ᠎ᠠᠴᠠ ᠠᠬᠢᠭᠤᠯᠤᠨ᠂ ᠱᠢᠨᠵᠢᠯᠡᠬᠦ᠌ ᠤᠬᠠᠭᠠᠨ ᠮᠡᠷᠭᠡᠵᠢᠯ᠎ᠢᠶᠡᠷ ᠠᠬᠢᠭᠤᠯᠬᠤ᠂ ᠠᠵᠤ ᠦᠢᠯᠡᠰ᠎ᠢᠶᠡᠷ ᠳᠠᠢᠴᠢᠯᠠᠬᠤ᠎ᠪᠠᠷ ᠳᠠᠮᠵᠢᠨ᠂ ᠠᠵᠤ ᠠᠬᠤᠢᠯᠠᠯ᠎ᠤᠨ ᠡᠯᠡᠰᠦᠷᠬᠡᠭ ᠣᠷᠣᠨ᠎ᠤ ᠣᠢᠵᠢᠭᠤᠯᠤᠯᠲᠠ᠎ᠳᠤ ᠣᠷᠣᠯᠴᠠᠬᠤ᠎ᠶ᠋ᠢ ᠢᠳᠡᠪᠬᠢᠲᠡᠢ ᠵᠣᠷᠢᠭ᠍ᠵᠢᠭᠤᠯᠤᠨ ᠲᠡᠳᠬᠦᠵᠦ᠍᠂ ᠡᠯᠡᠰᠦᠨ᠎ᠦ ᠠᠵᠤ ᠦᠢᠯᠡᠰ᠎ᠢ ᠬᠥᠭ᠌ᠵᠢᠭᠦᠯᠵᠦ᠍᠂ ᠠᠮᠢ ᠠᠬᠤᠢ᠎ᠶ᠋ᠢᠨ ᠦᠷ᠎ᠡ ᠠᠱᠢᠭ ᠪᠣᠯᠤᠨ ᠠᠵᠤ ᠠᠬᠤᠢ᠎ᠶ᠋ᠢᠨ ᠦᠷ᠎ᠡ ᠠᠱᠢᠭ᠎ᠤᠨ《ᠬᠣᠣᠰ ᠠᠮᠵᠢᠯᠲᠠ》 ᠵᠢ ᠪᠡᠶᠡᠯᠡᠭᠦᠯᠪᠡ᠃

2013 ᠣᠨ᠎ᠠᠴᠠ ᠡᠬᠢᠯᠡᠨ᠂ ᠳ᠋ᠸᠩᠺᠸᠤ ᠱᠢᠶᠠᠨ ᠣᠨᠴᠠᠭᠠᠢ ᠡᠬᠢ ᠪᠠᠶᠠᠯᠢᠭ᠎ᠤᠨ ᠨᠥᠬᠥᠴᠡᠯ ᠪᠣᠯᠤᠨ ᠣᠷᠣᠨ ᠪᠦᠰᠡ᠎ᠶ᠋ᠢᠨ ᠳᠠᠪᠠᠭᠤᠯᠢᠭ᠎ᠲᠠᠭᠠᠨ ᠲᠦᠱᠢᠭ᠌ᠯᠡᠨ ᠤᠯᠠᠭᠠᠨᠪᠤᠬ᠎ᠠ ᠡᠯᠡᠰᠦᠨ᠎ᠳᠦ ᠨᠠᠩᠭᠢ ᠴᠠᠭᠠᠨ᠎ᠢ ᠲᠠᠷᠢᠭᠠᠳ ᠠᠮᠵᠢᠯᠲᠠ ᠤᠯᠪᠠ᠃ ᠤᠯᠠᠭᠠᠨᠪᠤᠬ᠎ᠠ᠎ᠶ᠋ᠢᠨ ᠡᠯᠡᠰᠦᠨ ᠴᠦᠯ᠎ᠤᠨ ᠥᠷᠥᠴᠡᠨ᠎ᠳᠦ ᠠᠲᠠᠷ ᠬᠠᠭᠠᠯᠪᠤᠷᠢᠯᠠᠵᠤ᠂ ᠲᠠᠷᠢᠶ᠎ᠠ ᠲᠠᠷᠢᠭ᠍ᠰᠠᠨ ᠵᠢᠯ ᠬᠤᠭᠤᠴᠠᠭ᠎ᠠ ᠣᠬᠣᠷ᠂ ᠡᠳᠦᠷ ᠰᠥᠨᠢ᠎ᠶ᠋ᠢᠨ ᠳᠤᠯᠠᠭᠠᠨ᠎ᠤ ᠵᠥᠷᠢᠶ᠎ᠡ᠎ᠨᠢ ᠶᠡᠬᠡ᠂ ᠨᠡᠷᠡᠨ᠎ᠦ ᠲᠤᠰᠤᠯᠲᠠ᠎ᠨᠢ ᠭᠦᠶ᠋ᠴᠡᠳ ᠪᠥᠭᠡᠳ ᠪᠣᠬᠢᠷᠲᠤᠯ ᠥᠬᠡᠶ ᠪᠤᠯᠬᠤᠷ᠂ ᠳᠠᠷᠢᠵᠤ ᠭᠠᠷᠭᠠᠭ᠍ᠰᠠᠨ ᠨᠠᠩᠭᠢ ᠴᠠᠭᠠᠨ᠎ᠤ ᠴᠠᠷᠳᠠᠭᠤᠯ ᠨᠢ ᠭᠦᠶ᠋ᠴᠡᠳ᠂ ᠠᠮᠲᠠ ᠨᠢ ᠬᠡᠦᠷᠡᠭ ᠮᠦᠷᠲᠡᠭᠡᠨ ᠲᠠᠱᠢᠭᠤᠨ ᠪᠠᠢᠵᠤ᠂ ᠬᠥᠮᠦᠰ᠎ᠦᠨ ᠪᠠᠬᠠᠷᠬᠠᠯ᠎ᠢ ᠶᠡᠬᠡᠳᠡ ᠲᠠᠲᠠᠵᠤ᠂ ᠳᠠᠷᠢᠬᠤ ᠬᠡᠪᠴᠢᠶ᠎ᠡ ᠨᠢ ᠴᠦ᠍ ᠲᠠᠰᠤᠷᠠᠯᠲᠠ ᠥᠬᠡᠶ ᠥᠷᠭᠡᠳᠴᠦ᠍᠂ ᠬᠥᠮᠦᠨ ᠪᠦᠬᠦᠨ᠎ᠦ ᠮᠠᠭ᠍ᠲᠠᠭᠠᠯ᠎ᠢ ᠣᠯᠤᠭ᠍ᠰᠠᠨ ᠴᠢᠨᠠᠷ ᠰᠠᠢᠲᠠᠶ ᠲᠠᠷᠢᠶᠠᠯᠠᠩ᠎ᠤᠨ ᠪᠦᠲᠦᠭᠡᠭ᠌ᠳᠡᠬᠦᠨ᠎ᠦ ᠪᠣᠬᠢᠷᠲᠤᠯ ᠥᠬᠡᠶ ᠲᠦᠷᠦᠯ ᠲᠡᠮᠳᠡᠭ᠎ᠢ ᠡᠭᠦᠳᠦᠭ᠌ᠰᠡᠨ ᠪᠠᠢᠨ᠎ᠠ᠃ ᠡᠨᠡ ᠵᠢᠯ ᠰᠠᠭᠤᠷᠢᠨ ᠨᠢ ᠤᠯᠠᠨ ᠰᠦᠯᠵᠢᠶᠡᠨ᠎ᠦ ᠴᠤᠤᠲᠤ ᠨᠡᠪᠲᠡᠷᠡᠭᠦᠯᠦᠭ᠌ᠴᠢ᠎ᠶ᠋ᠢ ᠤᠷᠢᠵᠤ ᠲᠠᠷᠢᠶᠠᠨ ᠭᠠᠵᠠᠷ᠎ᠲᠤ ᠭᠦᠨᠵᠡᠭᠡᠢᠷᠡᠨ ᠰᠦᠯᠵᠢᠶᠡᠨ᠎ᠦ ᠱᠢᠭᠤᠳ ᠨᠡᠪᠲᠡᠷᠡᠭᠦᠯᠭᠡ᠎ᠪᠡᠷ ᠪᠠᠷᠠᠭ᠎ᠠ ᠪᠠᠨ ᠪᠤᠷᠤᠯᠠᠭᠤᠯᠵᠤ᠂ ᠱᠢᠨ᠎ᠡ ᠰᠣᠷᠭᠣᠭ ᠲᠡᠮᠦᠷ ᠱᠢᠳᠠᠮ᠎ᠤᠨ ᠨᠠᠩᠭᠢ ᠴᠠᠭᠠᠨ᠎ᠢ ᠠᠳᠠᠯᠢ ᠪᠤᠰᠤ ᠪᠣᠷᠣᠯᠠᠭᠤᠯᠭ᠎ᠠ᠎ᠶ᠋ᠢᠨ ᠠᠷᠭ᠎ᠠ ᠵᠠᠮ᠎ᠢᠶᠠᠷ ᠪᠥᠬᠥ᠌ ᠤᠯᠤᠰ᠎ᠤᠨ ᠡᠯ᠎ᠡ ᠭᠠᠵᠠᠷ᠎ᠤᠨ ᠬᠣᠭᠣᠯᠠᠨ ᠱᠢᠷᠡᠭᠡᠨ᠎ᠳᠦ ᠬᠦᠷᠭᠡᠵᠠᠢ᠃

ᠳ᠋ᠸᠩᠺᠸᠤ ᠱᠢᠶᠠᠨ᠎ᠤ ᠬᠤᠳᠠᠯᠳᠤᠭ᠎ᠠ ᠠᠷᠠᠯᠵᠢᠶᠠᠨ᠎ᠤ ᠦᠢᠯᠡᠴᠢᠯᠡᠭᠡᠨ᠎ᠦ ᠲᠥᠪ᠎ᠦᠨ ᠡᠯᠧᠺᠲ᠋ᠷᠣᠨ ᠬᠤᠳᠠᠯᠳᠤᠭᠠᠨ᠎ᠤ ᠠᠯᠪᠠᠨ ᠭᠡᠷ᠎ᠦᠨ ᠳᠡᠳ᠋ ᠡᠷᠬᠢᠯᠡᠭ᠌ᠴᠢ ᠯᠢᠦ ᠺᠠᠩ᠄ 《ᠥᠨᠥᠳᠦᠷ ᠪᠢᠳᠡ ᠳ᠋ᠸᠩᠺᠸᠤ ᠵᠢᠨ ᠱᠢᠭᠤᠳ ᠨᠡᠪᠲᠡᠷᠡᠭᠦᠯᠭᠡ᠎ᠶ᠋ᠢᠨ ᠪᠦᠯᠬᠦᠮ᠎ᠢ ᠳᠠᠭᠠᠭᠤᠯᠵᠤ᠂ ᠨᠠᠩᠬᠢ ᠴᠠᠭᠠᠨ ᠮᠠᠯᠲᠠᠬᠤ ᠲᠤᠬᠠᠢ᠎ᠶ᠋ᠢᠨ ᠲᠠᠯᠠᠪᠠᠢ᠎ᠳᠤ ᠬᠦᠷᠴᠦ᠍᠂ ᠲᠠᠷᠢᠶᠠᠯᠠᠩ᠎ᠤᠨ ᠪᠦᠲᠦᠭᠡᠭ᠌ᠳᠡᠬᠦᠨ᠎ᠤ᠎ᠪᠠᠨ ᠪᠤᠷᠤᠯᠠᠭᠤᠯᠭ᠎ᠠ᠎ᠵᠢ ᠠᠬᠢᠭᠤᠯᠵᠤ᠂ ᠮᠠᠨ᠎ᠤ ᠳ᠋ᠸᠩᠺᠸᠤ ᠱᠢᠶᠠᠨ᠎ᠤ ᠴᠢᠨᠠᠷ ᠰᠠᠢᠲᠠᠢ ᠲᠠᠷᠢᠶᠠᠯᠠᠩ᠎ᠤᠨ ᠪᠦᠲᠦᠭᠡᠭ᠌ᠳᠡᠬᠦᠨ᠎ᠢᠶᠡᠨ ᠳ᠋ᠸᠩᠺᠸᠤ ᠡᠴᠡ ᠭᠠᠷᠭᠠᠵᠤ᠂ ᠥᠪᠥᠷ ᠮᠣᠩᠭᠣᠯ᠎ᠳᠤ ᠬᠦᠷᠭᠡᠵᠦ᠍᠂ ᠪᠦᠬᠦ᠌ ᠤᠯᠤᠰ᠎ᠲᠤ ᠬᠦᠷᠭᠡᠨ᠎ᠡ》 ᠬᠡᠵᠦ᠍ ᠲᠠᠨᠢᠯᠴᠠᠭᠤᠯᠤᠨ᠎ᠠ᠃

ᠣᠷᠴᠢᠮ᠎ᠤᠨ ᠵᠢᠯ ᠳ᠋ᠸᠩᠺᠸᠤ ᠱᠢᠶᠠᠨ ᠶᠡᠷᠦᠩᠬᠡᠢ ᠱᠦᠵᠢ ᠰᠢ᠎ᠶ᠋ᠢᠨ ᠫᠢᠩ᠎ᠦᠨ ᠠᠮᠢ ᠠᠬᠤᠢ ᠎ᠶ᠋ᠢᠨ ᠎ᠪᠣᠯᠪᠠᠰᠤᠨ ᠎ᠤ ᠎ᠦᠵᠡᠯ ᠎ᠰᠠᠨᠠᠭ᠎ᠠ ᠎ᠶ᠋ᠢ ᠎ᠭᠦᠨᠵᠡᠭᠡᠢ ᠎ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠠᠵᠤ ᠦᠢᠯᠡᠰ᠎ᠢᠶᠡᠷ ᠡᠯᠡᠰᠦ᠎ᠶ᠋ᠢ ᠵᠠᠰᠠᠬᠤ ᠵᠠᠮ᠎ᠢ ᠢᠳᠡᠪᠬᠢᠲᠡᠶ᠎ᠪᠡᠷ ᠬᠠᠢᠨ ᠰᠦᠪᠡᠭ᠌ᠴᠢᠯᠡᠵᠦ᠍᠂ ᠨᠡᠭᠡᠭᠡᠨ ᠬᠥᠭ᠌ᠵᠢᠭᠦᠯᠬᠦ᠌ ᠪᠠ ᠬᠠᠮᠠᠭᠠᠯᠠᠬᠤ᠎ᠶ᠋ᠢ ᠵᠡᠷᠭᠡᠪᠡᠷ ᠴᠢᠬᠤᠯᠠᠴᠢᠯᠠᠬᠤ᠎ᠶ᠋ᠢ ᠪᠠᠷᠢᠮᠲᠠᠯᠠᠨ᠂ ᠡᠯᠡᠰᠦᠨ᠎ᠦ ᠠᠵᠤ ᠦᠶ᠋ᠯᠡᠰ᠎ᠦᠨ ᠱᠢᠨᠵᠢᠯᠡᠬᠦ᠌ ᠤᠬᠠᠭᠠᠨᠴᠢ ᠬᠥᠭ᠌ᠵᠢᠯᠲᠡ᠎ᠶ᠋ᠢᠨ ᠱᠢᠨ᠎ᠡ ᠵᠠᠭ᠍ᠪᠤᠷ᠎ᠢ ᠬᠠᠢᠨ ᠰᠦᠪᠡᠭ᠌ᠴᠢᠯᠡᠵᠦ᠍᠂ ᠴᠠᠭᠠᠨ ᠭᠣᠶᠣᠣ᠂ ᠨᠠᠩᠭᠢ ᠴᠠᠭᠠᠨ᠂ ᠡᠯᠡᠰᠦᠨ ᠴᠦᠯ᠎ᠦᠨ ᠤᠰᠤᠨ ᠲᠤᠲᠤᠷᠭ᠎ᠠ᠎ᠪᠠᠷ ᠭᠤᠤᠯ ᠪᠣᠯᠭᠠᠭ᠍ᠰᠠᠨ ᠡᠯᠡᠰᠦᠨ᠎ᠤ ᠠᠵᠤ ᠦᠶ᠋ᠯᠡᠰ᠎ᠢ ᠬᠦᠴᠦᠲᠡᠢ ᠬᠦᠭ᠌ᠵᠢᠭᠦᠯᠵᠦ᠍᠂ ᠬᠦᠴᠦᠷᠬᠡᠭ ᠶᠡᠬᠡ ᠠᠵᠤ ᠠᠬᠤᠶ᠎ᠶ᠋ᠢᠨ ᠪᠣᠳᠠᠲᠤ ᠬᠦᠴᠦᠨ᠎ᠲᠡᠶ ᠬᠤᠪᠢ ᠬᠥᠮᠦᠨ ᠪᠠ ᠠᠵᠤ ᠠᠬᠤᠢᠯᠠᠯ᠎ᠤᠨ ᠡᠯᠡᠰᠦᠨ᠎ᠦ ᠠᠮᠢ ᠠᠬᠤᠶ᠎ᠶ᠋ᠢᠨ ᠵᠠᠰᠠᠯᠲᠠ ᠬᠢᠭᠡᠳ ᠡᠵᠡᠩᠨᠡᠯᠲᠡ᠎ᠳᠦ ᠣᠷᠣᠯᠴᠠᠬᠤ᠎ᠶ᠋ᠢ ᠲᠠᠲᠠᠬᠤ ᠪᠠ ᠵᠣᠷᠢᠭ᠍ᠵᠢᠭᠤᠯᠵᠤ᠂ ᠠᠵᠢᠯ ᠲᠥᠷᠥᠯ ᠠᠯᠤᠰᠯᠠᠵᠤ᠂ ᠵᠠᠰᠠᠭ ᠵᠠᠬᠢᠷᠭᠠᠨ᠎ᠤ ᠣᠷᠣᠨ ᠠᠯᠤᠰᠯᠠᠨ ᠪᠡᠯᠡ ᠣᠷᠣᠭᠤᠯᠵᠤ ᠡᠯᠡᠰᠦᠨ᠎ᠦ ᠠᠵᠤ ᠦᠢᠯᠡᠰ᠎ᠢ ᠬᠥᠭ᠌ᠵᠢᠭᠦᠯᠦᠨ᠂ ᠠᠵᠤ ᠠᠬᠤᠢᠯᠠᠯ + ᠰᠠᠭᠤᠷᠢᠨ + ᠮᠠᠯᠴᠢᠨ ᠲᠠᠷᠢᠶᠠᠴᠢᠨ᠎ᠤ ᠡᠯᠡᠰᠦᠨ᠎ᠦ ᠠᠵᠤ ᠦᠶ᠋ᠯᠡᠰ᠎ᠦᠨ ᠬᠥᠭ᠌ᠵᠢᠯᠲᠡ᠎ᠶ᠋ᠢᠨ ᠵᠠᠭ᠍ᠪᠤᠷ᠎ᠢ ᠪᠦᠷᠢᠯᠳᠦᠭᠦᠯᠪᠡ᠂ ᠠᠵᠤ ᠠᠬᠤᠢᠯᠠᠯ᠎ᠢ ᠣᠷᠣᠭᠤᠯᠤᠨ ᠠᠪᠴᠢᠷᠠᠬᠤ᠂ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌ ᠪᠡᠷ ᠲᠠᠮᠵᠢᠭᠤᠯᠤᠨ᠂ ᠠᠮᠢ ᠠᠬᠤᠶ᠎ᠶ᠋ᠢᠨ ᠨᠣᠭᠣᠭᠠᠷᠠᠭᠤᠯᠤᠯᠲᠠ᠎ᠶ᠋ᠢ ᠨᠡᠮᠡᠭ᠌ᠳᠡᠭᠦᠯᠵᠦ᠍᠂ ᠲᠠᠷᠢᠶᠠᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠵᠦ᠍᠂ ᠠᠵᠤ ᠦᠢᠯᠡᠰ᠎ᠦᠨ ᠦᠷ᠎ᠡ ᠠᠱᠢᠭ᠎ᠢ ᠨᠡᠮᠡᠭ᠌ᠳᠡᠭᠦᠯᠦᠨ᠂ ᠬᠥᠭ᠌ᠵᠢᠯᠲᠡ᠎ᠶ᠋ᠢᠨ ᠬᠤᠷᠳᠤᠴᠠ᠎ᠵᠢ ᠲᠦᠷᠭᠡᠳᠭᠡᠬᠦ᠌ ᠱᠢᠨ᠎ᠡ᠎ᠶ᠋ᠢ ᠡᠭᠦᠳᠬᠦ᠌ ᠮᠠᠶᠢᠭ᠎ᠤᠨ ᠬᠠᠷᠠᠯᠲᠠ᠎ᠵᠢ ᠪᠡᠶᠡᠯᠡᠭᠦᠯᠪᠡ᠃ ᠣᠳᠣᠬᠠᠨ᠎ᠳᠤ᠂ ᠦᠵᠦᠮ᠂ ᠴᠢᠪᠠᠭ᠎ᠠ᠂ ᠲᠣᠰᠣᠯᠢᠭ ᠪᠤᠷᠴᠠᠭ ᠵᠡᠷᠭᠡ ᠠᠵᠤ ᠠᠬᠤᠶ᠎ᠶ᠋ᠢᠨ ᠲᠠᠷᠢᠮᠠᠯ᠎ᠤᠨ ᠠᠵᠤ ᠦᠶ᠋ᠯᠡᠰ ᠡᠷᠡᠭᠦᠯ᠎ᠢᠶᠡᠷ ᠬᠥᠭ᠌ᠵᠢᠵᠦ᠍᠂ ᠴᠠᠭᠠᠨ ᠭᠣᠶᠣᠣ᠂ ᠱᠢᠬᠢᠷ ᠡᠪᠡᠰᠦ᠂ ᠨᠠᠩᠭᠢ ᠴᠠᠭᠠᠨ ᠵᠡᠷᠭᠡ ᠬᠢᠲᠠᠳ ᠡᠮ᠎ᠦᠨ ᠮᠠᠲ᠋ᠧᠷᠢᠶᠠᠯ᠎ᠤᠨ ᠠᠵᠤ ᠦᠶ᠋ᠯᠡᠰ᠎ᠦᠨ ᠬᠡᠪᠴᠢᠶ᠎ᠡ ᠲᠠᠰᠤᠷᠠᠯᠲᠠ ᠥᠬᠡᠶ ᠥᠷᠭᠡᠳᠴᠦ᠍᠂ ᠡᠯᠡᠰᠦᠨ᠎ᠦ ᠠᠵᠤ ᠦᠶ᠋ᠯᠡᠰ ᠲᠠᠰᠤᠷᠠᠯᠲᠠ ᠥᠬᠡᠶ ᠣᠯᠠᠨ ᠡᠱᠢᠵᠢᠯᠡᠬᠦ ᠵᠦᠭ ᠬᠦᠭᠵᠢᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号