— ᠤᠷᠤᠨᠤ ᠲᠡᠰᠤᠨ ᠰᠢᠯᠢᠳᠡᠭ ᠪᠠᠭᠰᠢ ᠴᠡᠯᠡᠭᠡᠷᠢ ᠲᠡᠮᠳᠡᠭᠯᠡᠪᠡ
ᠲᠡᠯᠡᠬᠡᠢᠶᠢᠨ ᠪᠦᠮᠪᠦᠷᠴᠡᠭᠤᠨ ᠡᠷᠬᠢᠯᠳᠡ᠂ ᠠᠭᠤᠷ ᠠᠮᠢᠰᠬᠤᠯᠤᠨ ᠲᠤᠯᠠᠭᠠᠷᠠᠯ᠂ ᠤᠮᠠᠷᠠᠳᠤ ᠲᠤᠢᠯᠤᠨ ᠲᠤᠶᠠᠭ᠎ᠠ᠂ ᠤᠬᠳᠠᠷᠭᠤᠢᠶᠢᠨ ᠲᠤᠷᠠᠨ᠂ ᠰᠠᠨᠰᠠᠷᠤᠨ ᠦᠷᠳᠡᠭᠡ ᠁
ᠴᠡᠯᠡᠭᠡᠷ ᠪᠠᠬᠰᠢ ᠬᠢᠴᠢᠶᠡᠯᠤᠨ ᠲᠠᠢᠰᠠᠨ ᠳ᠋ᠤ ᠵᠤᠭᠰᠤᠨ ᠭᠠᠵᠠᠷ ᠵᠦᠢᠶᠢᠨ ᠬᠢᠴᠢᠶᠡᠯ ᠤᠷᠤᠬᠤ ᠪᠦᠷᠢ ᠲᠠᠢᠰᠠᠨ ᠲᠤᠤᠷ᠎ᠠ ᠰᠠᠭᠤᠬᠰᠠᠨ ᠰᠤᠷᠤᠬᠴᠢᠳ ᠤᠷᠮ᠎ᠠ ᠲᠠᠢ ᠨᠢ ᠠᠷᠭ᠎ᠠ ᠦᠭᠡᠢ ᠰᠤᠨᠤᠰᠤᠨ᠎ᠠ᠃ ᠡᠨᠡ ᠨᠢ ᠭᠠᠵᠠᠷ ᠵᠦᠢᠶᠢᠨ ᠬᠢᠴᠢᠶᠡᠯᠤᠨ ᠠᠭᠤᠯᠭ᠎ᠠ ᠬᠦᠮᠦᠨ ᠪᠦᠬᠦᠨᠤ ᠠᠮᠢᠳᠤᠷᠠᠯ ᠦᠢᠯᠡᠳᠪᠦᠷᠢᠯᠡᠯ ᠲᠠᠢ ᠰᠢᠭᠤᠳ ᠬᠤᠯᠪᠤᠬᠳᠠᠬᠤ ᠡᠴᠡ ᠭᠠᠳᠠᠨ᠎ᠠ᠂ ᠨᠡᠩ ᠴᠢᠬᠤᠯᠠ ᠨᠢ ᠴᠡᠯᠡᠭᠡᠷ ᠪᠠᠬᠰᠢ ᠨᠢᠭᠡ ᠮᠡᠳᠡᠯᠭᠡᠶᠢᠨ ᠴᠡᠭ ᠡᠴᠡ ᠦᠭᠡᠷ᠎ᠡ ᠤᠯᠠᠨᠢ ᠬᠤᠯᠪᠤᠨ ᠲᠡᠯᠭᠡᠵᠦ᠂ ᠲᠤᠳᠤ ᠤᠢᠯᠠᠭᠠᠮᠵᠢᠳᠠᠢ ᠲᠠᠢᠯᠪᠤᠷᠢᠯᠠᠵᠤ ᠴᠢᠳᠠᠳᠠᠭ ᠡᠴᠡ ᠪᠤᠯᠤᠬᠰᠠᠨ ᠪᠠᠢᠬ᠎ᠠ᠃ ᠲᠡᠷᠡ ᠪᠤᠯ ᠤᠷᠠᠳᠤᠨ ᠲᠤᠮᠳᠠᠳᠤ ᠬᠤᠰᠢᠭᠤᠨᠤ ᠮᠤᠩᠭᠤᠯ ᠦᠨᠳᠦᠰᠦᠲᠠᠨᠤ ᠲᠤᠮᠳᠠᠳᠤ ᠰᠤᠷᠭᠠᠭᠤᠯᠢᠶᠢᠨ ᠭᠠᠵᠠᠷ ᠵᠦᠢᠶᠢᠨ ᠪᠠᠬᠰᠢ ᠪᠤᠯᠤᠨ᠎ᠠ᠃

《ᠪᠠᠭᠰᠢ ᠤᠯᠠᠨ ᠭᠡᠷ ᠪᠦᠯᠢ》
ᠴᠡᠯᠡᠭᠡᠷ 1997 ᠤᠨᠳᠤ ᠦᠪᠦᠷ ᠮᠤᠩᠭᠤᠯᠤᠨ ᠪᠠᠭᠰᠢ ᠵᠢᠨ ᠶᠡᠭᠡ ᠰᠤᠷᠭᠠᠭᠤᠯᠢ ᠵᠢᠨ ᠭᠠᠵᠠᠷ ᠵᠦᠢ ᠵᠢᠨ ᠰᠠᠯᠪᠤᠷᠢ ᠡᠴᠡ ᠲᠡᠬᠦᠰᠤᠭᠡᠳ ᠤᠷᠠᠳᠤᠨ ᠲᠤᠮᠳᠠᠳᠤ ᠬᠤᠰᠢᠭᠤᠨᠤ ᠮᠤᠩᠭᠤᠯ ᠦᠨᠳᠦᠰᠦᠲᠠᠨᠤ ᠲᠤᠮᠳᠠᠳᠤ ᠰᠤᠷᠭᠠᠭᠤᠯᠢᠳᠤ ᠠᠵᠢᠯᠯᠠᠬᠰᠠᠨ ᠶᠤᠮ᠃ ᠤᠳᠤ ᠦᠨᠳᠦᠷ ᠲᠤᠮᠳᠠᠳᠤ ᠵᠢᠨ ᠭᠠᠵᠠᠷ ᠵᠦᠢ ᠵᠢᠨ ᠬᠢᠴᠢᠶᠡᠯ ᠵᠢᠭᠠᠵᠤ ᠪᠤᠢ᠃
ᠭᠠᠵᠠᠷ ᠵᠦᠢ ᠪᠤᠯ ᠪᠠᠢᠭᠠᠯᠢ ᠪᠠ ᠨᠠᠢᠭᠡᠮᠤᠨ ᠰᠢᠨᠵᠢᠯᠡᠬᠦ ᠤᠬᠠᠭᠠᠨᠢ ᠬᠠᠮᠤᠷᠤᠭᠰᠠᠨ ᠶᠡᠷᠦᠩᠬᠡᠢᠯᠡᠭᠰᠡᠨ ᠴᠢᠨᠠᠷ ᠲᠠᠢ ᠬᠢᠴᠢᠶᠠᠯ ᠲᠦᠷᠦᠯ ᠪᠤᠯᠬᠤᠷ ᠰᠢᠯᠢᠳᠡᠭ ᠭᠠᠵᠠᠷ ᠵᠦᠢ ᠵᠢᠨ ᠪᠠᠭᠰᠢ ᠪᠤᠯᠬᠤᠳᠤ ᠦᠷᠭᠡᠨ ᠲᠡᠯᠭᠡᠷ ᠮᠡᠳᠡᠯᠭᠡᠶᠢᠨ ᠬᠤᠷᠠᠮᠳᠤᠭᠤᠯᠤᠯ ᠪᠠᠢᠬᠤ ᠬᠡᠷᠡᠭᠳᠡᠢ᠃ ᠲᠡᠷᠡ ᠨᠢ ᠲᠡᠭᠡᠷ᠎ᠠ ᠡᠴᠡ ᠠᠭᠠᠷ ᠤᠷᠴᠢᠯᠠᠩ᠂ ᠨᠠᠷᠠ ᠰᠠᠷ᠎ᠠ᠂ ᠲᠡᠷᠭᠡᠳᠡ ᠡᠴᠡ ᠪᠠᠢᠭᠠᠯᠢ ᠨᠠᠢᠭᠡᠮ᠂ ᠦᠨᠳᠦᠰᠦᠲᠠᠨᠠᠷᠠᠰᠤᠲᠠᠨ᠂ ᠡᠪᠡᠰᠤ ᠤᠷᠭᠤᠮᠠᠯ ᠬᠦᠷᠳᠡᠯ᠎ᠠ ᠪᠦᠷ ᠤᠢᠯᠠᠭᠠᠵᠤ ᠮᠡᠳᠡᠬᠦ ᠬᠡᠷᠡᠭᠳᠡᠢ᠃ ᠲᠡᠭᠡᠬᠦ ᠪᠡᠷ ᠴᠡᠯᠡᠭᠡᠷ ᠪᠠᠭᠰᠢ ᠰᠤᠯᠠ ᠴᠠᠭ ᠤᠯᠳᠠᠪᠠᠯ ᠨᠤᠮ ᠱᠠᠭᠠᠢᠵᠦ ᠯᠠ ᠪᠠᠢᠳᠠᠭ᠃
《ᠤᠩᠭᠤᠨ ᠪᠢᠯᠢᠭᠤᠨ ᠵᠤᠯᠠ ᠵᠢ ᠠᠰᠠᠭᠠᠭᠰᠠᠨ᠂ ᠤᠳᠤᠨ ᠳ᠋ᠤ ᠭᠠᠷᠬᠤ ᠵᠢᠭᠦᠷᠢ ᠤᠷᠭᠤᠭᠤᠯᠤᠬᠰᠠᠨ》ᠪᠠᠭᠰᠢ ᠵᠢᠨ ᠦᠢᠯᠡᠰᠲᠤ ᠪᠠᠨ ᠴᠡᠯᠡᠭᠡᠷ ᠮᠠᠰᠢ ᠬᠠᠢᠷᠠᠲᠠᠢ᠃ ᠠᠵᠠ ᠲᠠᠭᠠᠷᠠᠵᠤ᠂ ᠲᠡᠬᠦᠨᠤ ᠨᠦᠬᠦᠷ᠂ ᠬᠠᠳᠠᠮ ᠠᠪᠤ ᠡᠵᠢ᠂ ᠬᠤᠶᠠᠷ ᠬᠠᠳᠠᠮ ᠠᠬ᠎ᠠ ᠨᠢ ᠪᠦᠷ ᠪᠠᠭᠰᠢᠶᠢᠨ ᠠᠯᠪᠠ ᠲᠠᠢ ᠪᠠᠢᠵᠤ᠂《ᠪᠠᠬᠰᠢ ᠤᠯᠠᠨ ᠭᠡᠷ ᠪᠦᠯᠢ》 ᠶᠢᠨ ᠪᠦᠭᠦᠳᠡᠭᠡᠷᠢᠶᠡᠨ ᠦᠢᠯᠡᠰ ᠨᠢᠭᠡᠳᠡᠢ᠂ ᠰᠡᠳᠭᠢᠯ ᠨᠢᠭᠡᠳᠡᠢ ᠵᠢᠳᠭᠦᠵᠡᠭᠡᠨᠠ᠃ ᠨᠠᠩ ᠲᠤᠷᠠᠳᠤᠭᠤᠰᠢᠲᠠᠢ ᠨᠢ ᠴᠡᠯᠡᠭᠡᠷ ᠪᠠᠭᠰᠢ ᠵᠢᠨ ᠬᠦᠦ ᠨᠢᠴᠤ ᠤᠳᠤ ᠦᠪᠦᠷ ᠮᠤᠩᠭᠤᠯᠤᠨ ᠪᠠᠭᠰᠢ ᠵᠢᠨ ᠶᠡᠭᠡ ᠰᠤᠷᠭᠠᠭᠤᠯᠢᠳᠤ ᠭᠠᠵᠠᠷ ᠵᠦᠢ ᠵᠢᠨ ᠲᠤᠰᠬᠠᠢ ᠮᠡᠷᠭᠡᠵᠢᠯ ᠰᠤᠷᠤᠯᠴᠠᠵᠦ ᠪᠠᠢᠨ᠎ᠠ᠃
— ᠬᠦᠦ ᠮᠢᠨᠢ ᠪᠠᠭ᠎ᠠ ᠡᠴᠡ ᠪᠠᠨ ᠭᠠᠵᠠᠷ ᠵᠦᠢᠳᠤ ᠶᠡᠭᠡ ᠰᠤᠨᠢᠷᠬᠠᠯ ᠲᠠᠢ᠂ ᠡᠨᠡ ᠨᠢ ᠮᠢᠨᠦ ᠨᠦᠯᠦᠭᠡ ᠡᠴᠡ ᠪᠤᠯᠤᠭᠰᠠᠨ ᠪᠠᠢᠬ᠎ᠠ᠃ ᠲᠡᠬᠦᠨᠢ ᠶᠡᠭᠡ ᠰᠤᠷᠭᠠᠭᠤᠯᠢ ᠪᠠᠨ ᠭᠠᠵᠠᠷ ᠵᠦᠢ ᠵᠢᠨ ᠲᠤᠰᠬᠠᠢ ᠮᠡᠷᠭᠡᠵᠢᠯ ᠵᠢᠡᠷ ᠰᠤᠷᠤᠯᠴᠠᠨ᠎ᠠ ᠬᠡᠵᠦ ᠪᠤᠳᠤᠵᠦ ᠤᠯᠤᠭᠰᠠᠨ ᠦᠭᠡᠢ᠂ ᠨᠠᠩᠴᠤ ᠪᠠᠭᠰᠢ ᠪᠤᠯᠬᠤ ᠬᠦᠰᠡᠯ ᠲᠡᠢ ᠵᠢ ᠮᠡᠳᠡᠭᠰᠡᠨ ᠦᠭᠡᠢ᠃ ᠪᠠᠭᠰᠢ ᠵᠢᠨ ᠠᠵᠢᠯ ᠰᠠᠢᠬᠠᠨ᠂ ᠬᠦᠦ ᠮᠢᠨᠢ ᠬᠤᠵᠢᠮ ᠪᠠᠬᠰᠢᠯᠠᠪᠠᠯ ᠪᠦᠷ ᠴᠸ᠋ ᠰᠠᠢᠬᠠᠨ ᠭᠡᠵᠦ ᠴᠡᠯᠡᠭᠡᠷ ᠪᠠᠭᠰᠢ ᠪᠠᠶᠠᠷᠯᠠᠨ ᠶᠠᠷᠢᠨ᠎ᠠ᠃
ᠭᠠᠵᠠᠷ ᠵᠦᠢᠶᠢᠨ ᠬᠢᠴᠢᠶᠡᠯ ᠰᠤᠨᠢᠷᠬᠠᠯᠳᠠᠢ ᠰᠠᠢᠬᠠᠨ ᠪᠤᠯᠪᠠᠴᠤ ᠰᠢᠨ᠎ᠡ ᠰᠤᠳᠤᠯᠭᠠᠨ᠂ ᠰᠢᠨ᠎ᠡ ᠢᠯᠡᠷᠡᠭᠦᠯᠦᠯᠳᠡ ᠪᠠᠢᠩᠭᠤ ᠨᠡᠮᠡᠭᠳᠡᠳᠡᠭ᠃ ᠲᠡᠭᠡᠬᠦᠯᠡᠷ ᠴᠡᠯᠡᠭᠡᠷ ᠪᠠᠬᠰᠢ ᠦᠷᠬᠦᠯᠵᠢ ᠨᠤᠮ ᠦᠵᠡᠵᠦᠦᠪᠡᠷᠤᠨᠮᠡᠳᠡᠯᠭᠡᠪᠡᠨᠰᠢᠨᠡᠳᠭᠡᠳᠡᠭᠪᠦᠭᠡᠳ ᠰᠤᠷᠤᠭᠴᠢᠳ ᠲᠸ᠋ ᠪᠠᠨ ᠬᠢᠴᠢᠶᠡᠯᠤᠨ ᠲᠡᠪᠳᠡᠷ ᠡᠴᠡ ᠭᠠᠳᠠᠨᠠᠬᠢ ᠤᠯᠠᠨ ᠰᠠᠢᠬᠠᠨ ᠮᠡᠳᠡᠯᠭᠡ ᠵᠢ ᠲᠡᠯᠭᠡᠷᠡᠭᠦᠯᠦᠨ ᠶᠠᠷᠢᠵᠤ ᠦᠭᠳᠡᠭ᠂ ᠪᠠᠰᠠ ᠤᠯᠠᠨ ᠵᠠᠭᠤᠴᠢᠯᠠᠭᠤᠷᠢ ᠠᠰᠢᠭᠯᠠᠨ᠂ ᠵᠠᠷᠢᠮ ᠠᠭᠤᠯᠭ᠎ᠠ ᠵᠢ ᠵᠢᠷᠤᠭ ᠲᠦᠷᠰᠦ ᠪᠡᠷ ᠦᠵᠡᠭᠦᠯᠳᠡᠭ᠃ ᠲᠡᠭᠦᠨᠤ ᠡᠢᠮᠦᠷᠬᠦ ᠠᠮᠢᠳᠤᠯᠢᠭ ᠪᠤᠳᠠᠳᠠᠢ᠂ ᠬᠦᠷ ᠬᠦᠭᠵᠢᠶᠡᠨ ᠲᠡᠢ ᠬᠢᠴᠢᠶᠡᠯ ᠳ᠋ᠤ ᠰᠤᠷᠤᠬᠴᠢᠳ ᠪᠦᠷ ᠪᠠᠬ᠎ᠠ ᠲᠠᠢ ᠪᠠᠢᠳᠠᠭ᠃ ᠢᠯᠠᠩᠭᠤᠶ᠎ᠠ ᠡᠨᠡ᠌ ᠬᠦ᠌ ᠬᠢᠴᠢᠶᠡᠯᠢᠶᠡᠷ ᠲᠠᠮᠵᠢᠨ ᠰᠤᠷᠤᠭᠴᠢᠳ ᠰᠤᠷᠬᠤᠶᠢᠨ ᠠᠷᠭ᠎ᠠ ᠲᠡᠮᠢ ᠡᠵᠡᠮᠰᠢᠵᠦ᠂ ᠰᠤᠷᠬᠤᠶᠢᠨ ᠤᠷᠮ᠎ᠠ ᠪᠠᠬ᠎ᠠ ᠲᠠᠢ ᠪᠤᠯᠵᠤ᠂ ᠨᠢᠭᠡ ᠵᠢ ᠵᠢᠭᠠᠪᠠᠯ ᠭᠤᠷᠪᠠ ᠵᠢ ᠰᠡᠳᠬᠢᠬᠦ ᠪᠤᠯᠳᠠᠭ᠃ ᠴᠡᠯᠡᠭᠡᠷ 24 ᠵᠢᠯ ᠪᠠᠬᠰᠢᠯᠠᠬᠤ ᠳ᠋ᠤ ᠪᠠᠨ 4 ᠬᠤᠭᠤᠴᠠᠭᠠᠨᠤ ᠠᠩᠬᠢ ᠡᠷᠬᠢᠯᠡᠵᠦ ᠦᠩᠭᠡᠷᠡᠪᠡ᠃ 2016 ᠤᠨᠳᠤ ᠲᠡᠬᠦᠰᠭᠡᠭᠰᠡᠨ ᠠᠩᠬᠢᠶᠢᠨ ᠬᠢᠨ ᠨᠢ ᠪᠦᠬᠦᠨ ᠵᠢᠡᠷ ᠵᠢᠡᠨ ᠶᠡᠭᠡ ᠰᠤᠷᠭᠠᠭᠤᠯᠢ ᠵᠢᠨ ᠵᠢᠩᠬᠢᠨᠢ ᠠᠩᠬᠢᠳᠤ ᠡᠯᠰᠡᠭᠳᠠᠵᠦ᠂ ᠪᠠᠬᠰᠢ ᠰᠤᠷᠤᠬᠴᠢ ᠶᠢᠨ ᠮᠠᠩᠨᠠᠢ ᠲᠡᠨᠢᠢᠭᠰᠡᠨ ᠪᠢᠯᠡ᠃
ᠤᠯᠠᠨ ᠵᠢᠯᠤᠨ ᠴᠢᠷᠮᠠᠢᠯᠭᠠᠶᠢᠨ ᠬᠠᠷᠢᠭᠤ ᠴᠡᠯᠡᠭᠡᠷ ᠪᠠᠭᠰᠢ ᠬᠤᠲᠠ ᠪᠠ ᠤᠷᠤᠨᠤ ᠲᠡᠰᠤᠨ ᠰᠢᠯᠢᠳᠡᠭ ᠵᠢᠭᠠᠨ ᠰᠤᠷᠭᠠᠬᠤ ᠴᠢᠳᠠᠪᠤᠷᠢᠳᠠᠨ᠂ ᠬᠤᠲᠠ ᠵᠢᠨ ᠲᠡᠰᠤᠨ ᠬᠢᠴᠢᠶᠠᠯ ᠲᠦᠷᠦᠯᠤᠨ ᠲᠠᠭᠠᠭᠤᠯᠤᠭᠴᠢ᠂ ᠬᠤᠲᠠ ᠵᠢᠨ ᠲᠡᠰᠤᠨ ᠨᠠᠷᠠᠳᠤ ᠪᠠᠭᠰᠢ᠂ ᠤᠷᠤᠨᠤ ᠲᠡᠰᠤᠨ ᠰᠢᠯᠢᠳᠡᠭ ᠪᠠᠭᠰᠢ ᠵᠡᠷᠭᠡ ᠤᠯᠠᠨ ᠢᠷᠠᠭᠤ ᠠᠯᠳᠠᠷᠢ ᠬᠦᠷᠳᠡᠭᠰᠡᠨ ᠶᠤᠮ᠃
ᠭᠡᠭᠡᠨ ᠢᠷᠡᠭᠡᠳᠦᠢᠶᠢᠨ ᠬᠦᠳᠦᠴᠢ
《ᠨᠢᠭᠡ ᠲᠦᠷᠦᠯᠤᠨ ᠡᠴᠢᠭᠡ ᠡᠬᠡ᠂ ᠠᠷᠪᠠᠨ ᠲᠦᠷᠦᠯᠤᠨ ᠪᠠᠭᠰᠢ》᠃ ᠦᠶ᠎ᠡ ᠦᠶ᠎ᠡᠶᠢᠨ ᠰᠤᠷᠤᠭᠴᠢᠳᠢᠶᠡᠨ ᠲᠤᠰᠤᠨ ᠠᠪᠤᠭᠰᠠᠨ ᠡᠴᠡ ᠰᠤᠷᠤᠯᠭ᠎ᠠ ᠲᠡᠭᠦᠰᠦᠨ ᠦᠳᠡᠨ ᠮᠤᠷᠳᠠᠭᠤᠯᠬᠤ ᠪᠤᠯᠳᠠᠯ᠎ᠠ ᠰᠤᠷᠤᠭᠴᠢ ᠨᠢᠭᠡᠪᠦᠷᠢ ᠪᠡᠨ ᠠᠪᠤ ᠡᠵᠢ ᠨᠢ ᠰᠢᠭ᠂ ᠰᠠᠳᠤᠨ ᠲᠦᠷᠦᠯ ᠨᠢ ᠭᠡᠮᠡᠷ ᠰᠠᠨᠠᠵᠤ ᠬᠠᠯᠠᠮᠵᠢᠯᠠᠵᠤ ᠶᠠᠪᠤᠳᠠᠭ ᠨᠢ ᠴᠡᠯᠡᠭᠡᠷ ᠪᠠᠬᠰᠢ ᠪᠢᠯᠡ᠃
ᠪᠠᠭᠰᠢ ᠬᠦᠮᠦᠨ ᠭᠡᠭᠴᠢ ᠵᠦᠪᠬᠡᠨ ᠡᠷᠳᠡᠮ ᠮᠡᠳᠡᠯᠭᠡ ᠰᠤᠷᠭᠠᠬᠤ ᠲᠡᠳᠦᠢ ᠪᠢᠰᠢ᠂ ᠨᠡᠩ ᠴᠢᠬᠤᠯᠠ ᠨᠢ ᠬᠦᠮᠦᠨ ᠪᠤᠯᠬᠤ ᠶᠤᠰᠤᠨᠢ ᠤᠬᠠᠭᠠᠷᠠᠭᠤᠯᠵᠤ ᠮᠡᠳᠡᠬᠦᠯᠬᠦ ᠶᠠᠪᠤᠳᠠᠯ ᠪᠤᠯᠤᠨ᠎ᠠ᠃ ᠬᠡᠨ ᠬᠢᠴᠢᠶᠠᠯ ᠲᠡᠭᠡᠷ᠎ᠠ ᠶᠠᠭᠤ ᠪᠤᠳᠤᠵᠦ ᠪᠠᠢᠬᠤ᠂ ᠬᠢᠴᠢᠶᠠᠯᠤᠨ ᠲᠠᠷᠠᠭ᠎ᠠ ᠶᠠᠭᠤ ᠬᠢᠵᠦ ᠪᠠᠢᠬᠤ᠂ ᠬᠡᠷ ᠵᠠᠭᠤᠷ᠎ᠠ ᠨᠢ ᠶᠠᠮᠠᠷ ᠪᠠᠢᠬᠤ ᠵᠡᠷᠭᠡ ᠵᠢ ᠲᠡᠷᠡ ᠪᠡᠷ ᠬᠡᠤᠬᠡᠳᠤᠨ ᠬᠠᠷᠠᠴᠠ ᠡᠴᠡ ᠨᠢ ᠲᠠᠭᠠᠵᠤ ᠤᠯᠳᠠᠭ᠃ ᠠᠯᠢ ᠰᠤᠷᠤᠭᠴᠢ ᠰᠤᠷᠤᠯᠭ᠎ᠠ ᠳ᠋ᠤ ᠪᠠᠨ ᠨᠠᠵᠠᠭᠠᠢᠷᠠᠬᠤ ᠪᠤᠯᠤᠬᠰᠠᠨ᠂ ᠬᠡᠨᠤ ᠭᠡᠷ ᠨᠢ ᠶᠠᠮᠠᠷ ᠬᠦᠴᠢᠷᠳᠡᠯ ᠲᠡᠢ ᠪᠠᠢᠬᠤ᠂ ᠦᠨᠦᠴᠢᠨ ᠦᠷᠦᠭᠡᠰᠦᠨ ᠬᠡᠤᠬᠡᠳ᠂ ᠡᠯᠢᠭᠡ ᠪᠦᠳᠦᠨ ᠬᠠᠢᠷ᠎ᠠ ᠲᠤᠳᠠᠬᠰᠠᠨ ᠬᠡᠤᠬᠡᠳ ᠭᠡᠮᠡᠨ ᠰᠤᠷᠤᠬᠴᠢᠳᠤᠨᠢᠶᠡᠨ ᠪᠤᠳᠠᠳᠤ ᠪᠠᠢᠳᠠᠯᠢ ᠲᠡᠷᠡ ᠴᠠᠭ ᠲᠤᠬᠠᠢ ᠳ᠋ᠤ ᠨᠢ ᠲᠤᠪ ᠲᠤᠳᠤᠷᠬᠠᠢ ᠤᠢᠯᠠᠭᠠᠵᠤ᠂ ᠰᠤᠷᠤᠬᠴᠢ ᠪᠤᠯᠭᠠᠨᠤ ᠪᠠᠢᠳᠠᠯ ᠳ᠋ᠤ ᠨᠢ ᠴᠢᠭᠯᠡᠭᠦᠯᠦᠨ ᠬᠠᠯᠠᠮᠵᠢᠯᠠᠨ ᠲᠡᠮᠵᠢᠵᠦ ᠤᠷᠮᠠᠰᠢᠭᠤᠯᠤᠨ ᠵᠤᠷᠢᠭᠵᠢᠭᠤᠯᠳᠠᠭ᠃ ᠲᠡᠭᠡᠬᠦᠯᠡᠷ ᠲᠡᠭᠦᠰᠴᠦ ᠶᠠᠪᠤᠬᠰᠠᠨ ᠰᠤᠷᠤᠬᠴᠢᠳ ᠨᠢ ᠴᠸ᠋ ᠴᠡᠯᠡᠭᠡᠷ ᠪᠠᠬᠰᠢ ᠪᠠᠨ ᠲᠠᠩᠳᠠ ᠪᠠᠨ ᠲᠤᠷᠠᠰᠤᠨ ᠪᠠᠢᠳᠠᠭ᠃
— ᠨᠢᠭᠡᠨ ᠰᠠᠢᠨ ᠪᠠᠭᠰᠢ ᠪᠤᠯ ᠬᠦᠮᠦᠨᠤ ᠨᠢᠭᠡ ᠨᠠᠰᠤᠨᠤ ᠠᠮᠢᠳᠤᠷᠠᠯᠤᠨ ᠵᠠᠮᠢ ᠬᠤᠪᠢᠷᠠᠭᠤᠯᠳᠠᠭ᠃ ᠴᠡᠯᠡᠭᠡᠷ ᠪᠠᠭᠰᠢ ᠪᠤᠯ ᠲᠠᠷᠤᠢ ᠮᠢᠨᠦ ᠰᠤᠷᠤᠯᠭ᠎ᠠ ᠠᠮᠢᠳᠤᠷᠠᠯ ᠲᠤᠮᠳᠠ ᠡᠢᠮᠦᠷᠬᠦ ᠭᠠᠪᠢᠶ᠎ᠠ ᠲᠠᠢ ᠠᠴᠢᠳᠤ ᠪᠠᠭᠰᠢ ᠪᠤᠯᠤᠨ᠎ᠠ᠃ ᠨᠠᠮ᠎ᠠ ᠵᠢ ᠬᠦᠴᠢᠷᠳᠡᠵᠦ ᠲᠦᠪᠡᠭᠳᠡᠵᠦ ᠪᠠᠢᠬᠰᠠᠨ ᠦᠶ᠎ᠡ ᠳ᠋ᠤ ᠬᠠᠯᠠᠮᠵᠢᠯᠠᠵᠤ᠂ ᠨᠠᠳᠠᠳᠤ ᠤᠷᠤᠭᠰᠢ ᠲᠠᠪᠰᠢᠬᠤ ᠬᠦᠴᠦᠨ ᠤᠯᠭᠤᠬᠰᠨᠨ ᠴᠡ᠊ ᠪᠠᠭᠰᠢ ᠪᠠᠨ ᠪᠢ ᠬᠡᠵᠢᠶᠡᠳᠡ ᠬᠦᠨᠳᠦᠳᠭᠡᠵᠦ ᠶᠠᠪᠤᠨ᠎ᠠ᠃ ᠴᠡ᠊ ᠪᠠᠭᠰᠢ ᠵᠢᠨ ᠰᠤᠷᠭᠠᠯ ᠬᠠᠢᠷ᠎ᠠ ᠪᠠᠢᠬᠰᠠᠨ ᠦᠭᠡᠢ ᠪᠤᠯ ᠪᠢ ᠦᠨᠦᠳᠦᠷ ᠶᠠᠭᠤ ᠬᠢᠵᠦ ᠶᠠᠪᠤᠭ᠎ᠠ ᠪᠠᠨ ᠲᠦᠰᠦᠭᠡᠯᠡᠭᠦᠶᠢᠨ ᠠᠷᠭ᠎ᠠ ᠦᠭᠡᠢ ᠬᠡᠵᠦ ᠴᠡᠯᠡᠭᠡᠷ ᠪᠠᠭᠰᠢ ᠵᠢᠨ ᠤᠤᠯᠤᠨ ᠰᠤᠷᠤᠭᠴᠢ᠂ ᠤᠳᠤ ᠰᠤᠳᠤᠯᠤᠭᠴᠢ ᠰᠤᠷᠤᠭᠴᠢ ᠦᠵᠡᠵᠦ ᠪᠠᠢᠭ᠎ᠠ ᠤᠷᠢᠬᠠᠨ ᠰᠡᠳᠬᠢᠯ ᠲᠤᠭᠳᠤᠯᠤᠨ ᠶᠠᠷᠢᠨ᠎ᠠ᠃
— ᠲᠤᠬᠠᠢ ᠵᠢᠨ ᠦᠶᠠᠳᠤ ᠪᠢ ᠲᠡᠬᠦᠦ ᠲᠠᠢ ᠪᠠᠨ ᠬᠡᠷ ᠲᠦᠷᠢᠶᠠᠰᠦᠯᠡᠵᠦ ᠰᠠᠭᠤᠵᠤ ᠪᠠᠢᠬᠰᠠᠨ᠃ ᠵᠠᠷᠢᠮᠳᠤ ᠪᠠᠨ ᠦᠷᠯᠦᠭᠡ ᠦᠳᠠᠰᠢ ᠵᠢᠨ ᠬᠤᠭᠤᠯᠠ ᠪᠠᠨ ᠢᠳᠡᠵᠦ ᠠᠮᠵᠢᠬᠤ ᠦᠭᠡᠢ ᠪᠤᠶᠤ ᠭᠠᠷ ᠦᠵᠦᠭᠦᠷ ᠭᠠᠴᠢᠬᠳᠠᠪᠠᠯ ᠪᠠᠭᠰᠢ ᠮᠢᠨᠢ ᠲᠡᠬᠦᠦ ᠪᠢᠳᠠ ᠬᠤᠶᠠᠷᠢ ᠬᠡᠦᠬᠡᠳ ᠵᠢᠡᠨ ᠰᠢᠭ ᠲᠤᠰᠴᠤ ᠠᠪᠠᠴᠢᠨ ᠬᠤᠭᠤᠯᠠ ᠤᠮᠳᠠ ᠢᠳᠡᠬᠦᠯᠵᠦ᠂ ᠵᠤᠭᠤᠰ ᠮᠦᠩᠬᠦ ᠪᠡᠷ ᠲᠡᠮᠵᠢᠳᠡᠭ ᠪᠠᠢᠭᠰᠠᠨ ᠬᠡᠵᠦ ᠤᠤᠯᠤᠨ ᠰᠤᠷᠤᠭᠴᠢ ᠨᠢ ᠤᠷᠠᠨ᠎ᠠ ᠡᠷᠬᠢᠴᠡᠬᠦᠯᠦᠨᠡ᠃
— ᠴᠡ᠊ ᠪᠠᠭᠰᠢ ᠪᠢᠳᠠᠨ ᠲᠠᠢ ᠦᠶ᠎ᠡᠶᠢᠨ ᠨᠠᠢᠵᠠ ᠰᠢᠬ ᠤᠢᠷ᠎ᠠ ᠲᠤᠳᠤᠨᠤ ᠪᠠᠢᠳᠠᠭ᠃ ᠲᠡᠬᠦᠰᠬᠦ ᠲᠡᠷᠡ ᠵᠢᠯ ᠰᠤᠷᠤᠯᠭ᠎ᠠ ᠵᠢᠨ ᠲᠠᠷᠤᠭᠠᠰᠤ ᠬᠦᠨᠳᠦ ᠡᠴᠡ ᠪᠠᠭᠰᠢ ᠮᠢᠨᠢ ᠪᠢᠳᠠᠨᠳᠤ ᠡᠳᠦᠷ ᠪᠦᠷᠢ ᠰᠡᠳᠬᠢᠴᠠ ᠵᠢᠨ ᠵᠢᠯᠤᠭᠤᠳᠤᠮᠵᠢ ᠬᠢᠵᠦ᠂ ᠪᠢᠳᠠᠠᠳᠤ ᠢᠳᠡᠭᠡᠯ ᠵᠤᠷᠢᠭ ᠪᠠ ᠤᠷᠤᠭᠰᠢᠯᠠᠬᠤ ᠢᠳᠡ ᠬᠦᠴᠦᠨ ᠤᠯᠭᠤᠭᠰᠠᠨ ᠬᠡᠵᠦ ᠤᠤᠯᠤᠨ ᠰᠤᠷᠤᠭᠴᠢ ᠨᠢ ᠪᠠᠢ ᠯᠦᠩ ᠪᠠᠶᠠᠷᠳᠠᠢᠬᠠᠨ ᠶᠠᠷᠢᠨ᠎ᠠ᠃
ᠬᠠᠢᠷᠠᠶᠢᠨ ᠬᠦᠴᠦᠨ ᠳ᠋ᠤ ᠬᠤᠷᠸ᠎ᠠ ᠶᠢᠷᠳᠢᠨᠴᠦ ᠡᠭᠡᠯᠢ ᠲᠤᠯᠠᠭᠠᠬᠠᠨ ᠤᠷᠴᠢᠳᠠᠭ᠃ ᠪᠠᠭᠰᠢᠶᠢᠨ ᠬᠠᠢᠷ᠎ᠠ ᠳ᠋ᠤ ᠰᠤᠷᠤᠭᠴᠢᠶᠢᠨ ᠰᠡᠳᠭᠢᠯ ᠪᠠᠶᠠᠰᠳᠠᠭ᠂ ᠰᠤᠷᠤᠬᠴᠢᠶᠢᠨ ᠢᠷᠡᠭᠡᠳᠦᠢ ᠰᠠᠷᠠᠭᠤᠯᠵᠢᠳᠠᠭ ᠡ᠃