ᠬᠠᠳᠠᠨ ᠴᠤᠤᠷᠢᠶ᠎ᠠ
2021-12-16 09:10:18
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠢᠭᠠᠯ ᠬᠦᠦ ᠠᠳᠠᠷ ᠬᠡᠭᠡᠷ᠎ᠡ ᠪᠡᠷ ᠭᠦᠶᠦᠨ ᠠᠰᠬ᠎ᠠ ᠬᠠᠳᠠ ᠵᠢ ᠰᠦᠯᠵᠢᠯᠳᠦᠨ ᠪᠠᠶᠠᠷ ᠬᠦᠷ ᠲᠠᠢ ᠠᠮᠢᠳᠤᠷᠠᠵᠤ ᠪᠠᠢᠵᠠᠢ᠃ ᠨᠢᠭᠡ ᠡᠳᠦᠷ᠂ ᠳᠡᠷᠡ ᠠᠭᠤᠯᠠᠨ ᠤᠷᠤᠢ᠎ᠳᠦ ᠮᠠᠴᠤᠵᠤ ᠭᠠᠷᠤᠭᠠᠳ《ᠬᠦᠶ ᠁》 ᠬᠡᠮᠡᠨ ᠬᠠᠰᠬᠢᠷᠪᠠᠯ ᠳᠡᠭᠦᠨ᠎ᠤ ᠦᠭᠡᠳᠡ ᠮᠦᠨ᠄ 《ᠬᠦᠶ ᠁》ᠭᠡᠮᠡᠬᠦ ᠳᠠᠭᠤ ᠭᠠᠷᠪᠠ᠃ ᠵᠢᠭᠠᠯ ᠬᠦᠦ ᠶᠡᠬᠡ ᠭᠠᠢᠬᠠᠵᠤ᠄ 《ᠴᠢ ᠬᠡᠨ ᠪᠤᠢ ?》 ᠭᠡᠵᠦ ᠦᠨᠳᠦᠷ ᠳᠠᠭᠤᠨ᠎ᠢᠶᠡᠷ ᠠᠰᠠᠭᠤᠪᠠᠯ ᠠᠭᠤᠯᠠ ᠳᠤᠯᠤᠭᠠᠳ ᠮᠦᠨ ᠯᠡ᠄《ᠴᠢ ᠬᠡᠨ ᠪᠤᠢ ?》ᠭᠡᠳ ᠬᠡᠳᠡᠷᠬᠦ ᠠᠰᠠᠭᠤᠪᠠ᠃ ᠵᠢᠭᠠᠯ ᠬᠦᠦ ᠬᠡᠴᠢᠨᠡᠬᠡᠨ ᠠᠰᠠᠭᠤᠭᠰᠠᠨ᠎ᠴᠤ ᠬᠠᠷᠢᠭᠤᠯᠳᠠ ᠪᠠᠨ ᠤᠯᠬᠤ ᠦᠭᠡᠢ ᠳᠤᠯᠠ ᠠᠭᠤᠷ ᠨᠢ ᠬᠦᠷᠴᠦ᠄ 《ᠪᠢ ᠴᠢᠮ᠎ᠠ ᠵᠢ ᠬᠤᠷᠤᠰᠤᠨ᠎ᠠ》 ᠭᠡᠪᠡᠯ ᠠᠭᠤᠯᠠ ᠳᠤᠯᠤᠭᠠᠳ᠎ᠴᠤ ᠳᠡᠭᠦᠨ᠎ᠦ ᠵᠦᠭ᠄《ᠪᠢ ᠴᠢᠮ᠎ᠠ ᠵᠢ ᠬᠤᠷᠤᠰᠤᠨ᠎ᠠ》 ᠭᠡᠵᠦ ᠴᠤᠤᠷᠢᠶᠠᠳᠤᠪᠠ᠃ ᠵᠢᠭᠠᠯ ᠬᠦᠦ ᠡᠷᠭᠢᠨ ᠳᠤᠭᠤᠷᠢᠨ᠎ᠢᠶᠡᠨ ᠬᠠᠷᠠᠪᠠᠯ ᠡᠪᠡᠰᠦ ᠴᠡᠴᠡᠭ ᠮᠤᠳᠤ ᠴᠢᠯᠠᠭᠤ ᠪᠦᠬᠦᠨ ᠳᠡᠭᠦᠨ᠎ᠢ ᠬᠦᠢᠳᠡᠮᠰᠦᠭ ᠬᠠᠷᠠᠵᠤ ᠪᠠᠢᠭ᠎ᠠ ᠮᠡᠳᠦ ᠪᠠᠢᠯ᠎ᠠ᠃ ᠳᠡᠷᠡ ᠤᠬᠢᠯᠠᠭ ᠠᠯᠳᠠᠨ ᠭᠡᠷ᠎ᠲᠦ ᠪᠠᠨ ᠬᠠᠷᠢᠭᠠᠳ ᠰᠠᠶᠢ᠎ᠶᠢᠨ ᠪᠤᠯᠤᠭᠰᠠᠨ ᠶᠠᠪᠤᠳᠠᠯ᠎ᠢᠶᠡᠨ ᠡᠵᠢ᠎ᠳᠦ ᠪᠠᠨ ᠳᠤᠭᠠᠴᠢᠪᠠ᠃ ᠡᠵᠢ ᠨᠢ ᠬᠦᠦ᠎ᠶᠢᠨ᠎ᠢᠶᠡᠨ ᠲᠤᠯᠤᠭᠠᠢ ᠵᠢ ᠢᠯᠪᠢᠭᠰᠡᠭᠡᠷ᠄《ᠬᠦᠦ ᠮᠢᠨᠢ ᠮᠠᠷᠭᠠᠰᠢ ᠳᠡᠷᠡ ᠦᠨᠳᠦᠷ ᠲᠸ᠋ ᠬᠦᠷᠪᠡᠯ 〈ᠪᠢ ᠴᠢᠮ᠎ᠠ᠎ᠳᠦ ᠬᠠᠢᠷᠠᠳᠠᠢ〉ᠭᠡᠮᠡᠨ ᠬᠠᠰᠬᠢᠷᠴᠤ ᠦᠵᠡᠭᠡᠷᠡᠢ》ᠭᠡᠪᠡ᠃ ᠳᠠᠷᠠᠭ᠎ᠠ ᠡᠳᠦᠷ ᠨᠢ ᠵᠢᠭᠠᠯ ᠬᠦᠦ ᠨᠡᠬᠡᠷᠡᠨ ᠡᠵᠢ᠎ᠶᠢᠨ᠎ᠢᠶᠡᠨ ᠬᠡᠯᠡᠭᠰᠡᠨ ᠶᠤᠰᠤᠭᠠᠷ ᠦᠨᠳᠦᠷ ᠲᠸ᠋ ᠭᠠᠷᠤᠭᠠᠳ᠄《ᠪᠢ ᠴᠢᠮ᠎ᠠ᠎ᠳᠦ ᠬᠠᠢᠷᠠᠳᠠᠢ》ᠭᠡᠵᠦ ᠬᠠᠰᠬᠢᠷᠪᠠ᠃ ᠦᠨᠳᠦᠷ ᠠᠭᠤᠯᠠ᠎ᠴᠤ ᠦᠭᠡᠳᠡ ᠡᠴᠡ ᠨᠢ ᠳᠠᠰᠤᠷᠠᠯ ᠦᠭᠡᠢ᠄《ᠪᠢ ᠴᠢᠮ᠎ᠠ᠎ᠳᠦ ᠬᠠᠢᠷᠠᠳᠠᠢ᠂ ᠬᠠᠢᠷᠠᠳᠠᠢ ᠁》ᠭᠡᠮᠡᠨ ᠴᠤᠤᠷᠢᠶᠠᠳᠤᠵᠠᠢ᠃ ᠬᠦᠦ᠎ᠶᠢᠨ ᠰᠡᠳᠬᠢᠯ ᠰᠡᠷᠭᠦᠵᠦ ᠡᠷᠬᠢᠨ ᠬᠠᠷᠠᠪᠠᠯ ᠦᠩᠭᠡ᠎ᠶᠢᠨ ᠴᠡᠴᠡᠭ ᠳᠤᠬᠢᠯᠵᠠᠨ ᠦᠨᠳᠦᠷ ᠮᠤᠳᠤᠳ ᠨᠠᠢᠭᠤᠵᠤ᠂ ᠶᠠᠭᠤ ᠪᠦᠬᠦᠨ ᠳᠡᠭᠦᠨ᠎ᠢ ᠬᠠᠷᠠᠭᠠᠳ ᠮᠢᠰᠢᠶᠡᠵᠦ ᠪᠠᠢᠭ᠎ᠠ ᠮᠡᠳᠦ ᠪᠤᠯᠪᠠ᠃

ᠮᠢᠨᠤ ᠰᠡᠷᠡᠯᠳᠡ ᠳᠠᠨᠢᠯᠳᠠ᠄ ᠬᠡᠷᠪᠡ ᠲᠠ ᠬᠡᠨ ᠨᠢᠭᠡᠨ᠎ᠤ ᠬᠠᠢᠷ᠎ᠠ ᠪᠠᠬᠠᠷᠬᠠᠯ᠎ᠢ ᠳᠠᠳᠠᠵᠤ᠂ ᠦᠭᠡᠨ᠎ᠤ ᠰᠠᠢᠬᠠᠨ᠎ᠢ ᠰᠤᠨᠤᠰᠤᠶ᠎ᠠ ᠭᠡᠪᠡᠯ ᠤᠷᠢᠳᠠᠪᠡᠷ ᠳᠡᠭᠦᠨ᠎ᠢ ᠬᠠᠢᠷᠠᠯᠠᠵᠤ᠂ ᠳᠡᠭᠦᠨ᠎ᠳᠦ ᠰᠠᠢᠬᠠᠨ ᠦᠭᠡᠰ ᠰᠠᠢᠨ ᠰᠠᠨᠠᠭ᠎ᠠ ᠪᠠᠨ ᠪᠡᠯᠡᠭᠯᠡᠵᠦ ᠪᠠᠢᠭᠠᠷᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号