ᠤᠢ᠍ᠢᠷᠠ ᠵᠢᠨ ᠡᠳᠦᠷ᠂ ᠪᠤᠭᠤᠲᠤ ᠬᠤᠳᠠ ᠵᠢᠨ ᠨᠠᠢ᠍ᠮᠠᠳᠤᠭᠠᠷ ᠡᠮᠨᠡᠯᠭᠡ ᠵᠢᠨ ᠬᠤᠷᠢᠶᠠ ᠵᠢᠨ ᠮᠡᠳᠡᠷᠡᠯᠤᠨ
ᠭᠠᠳᠠᠷ ᠰᠠᠯᠠᠭᠠᠨᠤ ᠡᠮᠴᠢ ᠶᠠᠩ ᠱᠢᠶᠤᠤ ᠯᠦᠩ 《2018 — 2019 ᠤᠨᠤ ᠪᠦᠬᠦ᠌ ᠤᠯᠤᠰᠤᠨ ᠦᠨᠠ ᠲᠦᠯᠦᠪᠦᠷᠢ
ᠦᠭᠡᠢ ᠪᠡᠷ ᠴᠢᠰᠦ ᠪᠡᠨ ᠬᠠᠨᠳᠢᠪᠯᠠᠭᠰᠠᠨ ᠬᠤᠪᠢ ᠨᠡᠮᠡᠷᠢ ᠵᠢᠨ ᠱᠠᠩᠨᠠᠯᠤᠨ ᠬᠦᠷᠡᠯ ᠱᠠᠩᠨᠡᠯ》 ᠢ᠋ ᠬᠦᠷᠳᠡᠭ᠌ᠰᠡᠨ ᠪᠠᠢ᠌ᠨᠠ᠃
ᠠᠷᠪᠠ ᠭᠠᠷᠤᠢ ᠵᠢᠯ ᠡᠮᠴᠢᠯᠡᠭ᠌ᠰᠡᠨ ᠭᠠᠳᠠᠷ ᠰᠠᠯᠠᠭᠠᠨᠤ ᠡᠮᠴᠢ ᠪᠤᠯᠤᠬ᠍ᠰᠠᠨᠤ
ᠬᠤᠪᠢ ᠳ᠋ᠤ᠂ ᠤᠯᠠᠨ ᠤᠳᠠᠭᠠᠨᠤ ᠱᠢᠷᠠᠬ᠍ᠳᠠᠨᠢ᠋ ᠠᠪᠤᠷᠠᠬᠤ᠂ ᠠᠮᠢ ᠨᠠᠰᠤ ᠵᠢ ᠠᠪᠤᠷᠠᠬᠤ ᠶᠠᠪᠤᠴᠠ ᠲᠤᠮᠳᠠ ᠶᠠᠩ
ᠱᠢᠶᠤᠤ ᠯᠦᠩ ᠴᠢᠰᠤᠨᠤ ᠴᠢᠬᠤᠯᠠ ᠴᠢᠨᠠᠷᠢ ᠬᠦᠨ ᠤᠢ᠍ᠢᠯᠠᠭᠠᠳᠠᠭ᠃ ᠠᠮᠢ ᠨᠠᠰᠤ ᠵᠢ ᠨᠠᠨᠳᠢᠩᠨᠠᠵᠦ᠍᠂ ᠦᠨᠠ
ᠲᠦᠯᠦᠪᠦᠷᠢ ᠦᠭᠡᠢ ᠪᠡᠷ ᠴᠢᠰᠤ ᠪᠡᠨ ᠬᠠᠨᠳᠢᠪᠯᠠᠬᠤ ᠪᠤᠯ ᠬᠦᠮᠦᠨᠤ ᠨᠠᠨᠳᠢᠨ ᠬᠠᠢᠷᠠ ᠪᠤᠯᠬᠤ ᠵᠢ ᠲᠡᠷᠡ ᠬᠦᠢᠴᠡᠳ
ᠤᠢᠯᠠᠭᠠᠨᠠ᠃
ᠶᠠᠩ
ᠱᠢᠶ᠍ᠤᠤ ᠯᠦᠩ ᠡᠮᠨᠡᠯᠭᠡ ᠵᠢᠨ ᠰᠤᠷᠭᠠᠭᠤᠯᠢ ᠵᠢᠨ ᠤᠶᠤᠳᠠᠨ ᠪᠠᠢ᠌ᠬᠤ ᠦᠶᠠ ᠡᠴᠡ ᠪᠡᠨ ᠡᠬᠢᠯᠡᠵᠦ᠍ ᠦᠨᠠ ᠲᠦᠯᠦᠪᠦᠷᠢ
ᠦᠭᠡᠢ ᠪᠡᠷ ᠴᠢᠰᠦ ᠪᠡᠨ ᠬᠠᠨᠳᠢᠪᠯᠠᠵᠤ ᠪᠠᠢᠵᠠᠢ᠃ 2011 ᠤᠨᠤ ᠡᠪᠤᠯ᠂ ᠲᠡᠷᠡ ᠨᠢᠭᠡ ᠨᠤᠮ ᠲᠡᠭᠡᠷᠠ ᠡᠴᠡ《ᠴᠢᠰᠤ ᠪᠤᠯ ᠲᠠᠬᠢᠨ ᠡᠭᠦᠰᠴᠦ᠍ ᠪᠤᠯᠳᠠᠭ᠂ ᠬᠡᠪᠡᠴᠦ᠍ ᠠᠮᠢ ᠨᠠᠰᠤ ᠪᠤᠯ ᠵᠦᠪᠬᠡᠨ ᠨᠢᠭᠡ
ᠯᠠ ᠤᠳᠠᠭᠠ》 ᠬᠡᠰᠡᠨ ᠦᠭᠡ ᠵᠢ ᠤᠯᠵᠦ᠍ ᠦᠵᠡᠭᠰᠡᠨ ᠡᠴᠡ ᠨᠠᠭᠠᠰᠢ ᠦᠨᠠ
ᠲᠦᠯᠦᠪᠦᠷᠢ ᠦᠭᠡᠢ ᠪᠡᠷ ᠴᠢᠰᠦ ᠪᠡᠨ ᠬᠠᠨᠳᠢᠪᠯᠡᠬᠤ ᠪᠤᠳᠤᠯ ᠤᠷᠤᠵᠦ᠍᠂ ᠴᠢᠰᠤ ᠬᠠᠨᠳᠢᠪᠯᠠᠬᠤ ᠦᠷᠳᠡᠭᠡ ᠳ᠋ᠤ ᠤᠴᠢᠵᠦ᠍
ᠠᠩᠬᠠ ᠤᠳᠠᠭᠠ ᠴᠢᠰᠤ ᠪᠡᠨ ᠬᠠᠨᠳᠢᠪᠯᠠᠬᠰᠠᠨ ᠶᠤᠮ᠃ ᠲᠡᠭᠦᠨ ᠡᠴᠡ ᠰᠡᠭᠦᠯᠡᠷ 10 ᠵᠢᠯᠤᠨ ᠬᠤᠭᠤᠷᠤᠨᠳᠤ ᠲᠡᠷᠡ
16 ᠤᠳᠠᠭᠠ ᠦᠨᠠ ᠲᠦᠯᠦᠪᠦᠷᠢ ᠦᠭᠡᠢ ᠪᠡᠷ ᠨᠡᠢ᠌ᠳᠡ 5600 ᠮᠢᠯᠢᠯᠢᠲ᠋ᠷ ᠴᠢᠰᠤ ᠬᠠᠨᠳᠢᠪᠯᠠᠵᠦ᠍᠂ ᠨᠠᠰᠤᠨ
ᠳ᠋ᠤ ᠬᠦᠷᠦᠭ᠌ᠰᠡᠨ ᠨᠢᠬᠡ ᠬᠦᠮᠦᠨᠤ ᠪᠡᠶᠠ ᠳ᠋ᠤ ᠪᠠᠢᠬᠤ ᠶᠤᠰᠤᠳᠠᠢ ᠡᠩᠤᠨ ᠴᠢᠰᠤᠨᠤ ᠬᠡᠮᠵᠢᠶᠠ ᠳ᠋ᠤ ᠬᠦᠷᠦᠭ᠌ᠰᠡᠨ
ᠪᠠᠢ᠌ᠨᠠ᠃ ᠡᠨᠡ ᠬᠤᠭᠤᠴᠠᠭᠠᠨ ᠳ᠋ᠤ ᠲᠡᠷᠡ 7 ᠤᠳᠠᠭᠠ 《ᠪᠤᠭᠤᠲᠤ ᠬᠤᠳᠠ
ᠵᠢᠨ ᠴᠢᠰᠤ ᠬᠠᠨᠳᠢᠪᠯᠠᠬ᠍ᠰᠠᠨ ᠲᠡᠷᠢᠭᠦᠨᠤ ᠬᠤᠪᠢ ᠬᠦᠮᠦᠨ》 ᠵᠢᠡᠷ ᠬᠦᠬᠢᠬᠦᠯᠦᠭ᠌ᠳᠡᠵᠦ᠍
ᠦᠩᠬᠡᠷᠡᠵᠡᠢ᠃