ᠥᠣᠱᠢᠨ ᠬᠤᠱᠢᠭᠤᠨ᠎ᠤ ᠲᠡᠮᠦᠷ ᠬᠡᠤᠬᠡᠨᠴᠤᠳ᠎ᠤᠨ ᠬᠠᠢᠷ᠎ᠠ᠎ᠶ᠋ᠢᠨ ᠬᠠᠨᠲᠢᠪ
2021-12-03 09:52:36
ᠵᠣᠬᠢᠶᠠᠭ᠍ᠴᠢ᠄
ᠡᠷᠳᠡᠨᠢᠵᠢᠷᠭᠠᠯ
ᠣᠩᠱᠢᠭ᠍ᠰᠠᠨ ᠣᠳᠠᠭ᠎ᠠ᠄
★★★☆☆

ᠳᠥᠷᠥᠬᠦᠬᠡᠨ᠂ ᠮᠠᠨ᠎ᠤ ᠣᠷᠣᠨ᠎ᠤ ᠠᠯᠠᠱᠠ ᠠᠢᠮᠠᠬ ᠵᠡᠷᠬᠡ ᠭᠠᠵᠠᠷ᠎ᠢᠶᠠᠷ ᠱᠢᠨ᠎ᠠ ᠲᠢᠳᠢᠮᠯᠢᠭ ᠠᠭᠤᠰᠭᠢᠨ ᠥᠷᠪᠢᠰᠥᠯ ᠤ᠋ᠨ ᠬᠢᠵᠢᠭ ᠲᠡᠯᠬᠡᠷᠡᠵᠣ ᠪᠠᠢᠭ᠎ᠠ ᠥᠶ᠎ᠠ᠎ᠳᠤ᠂ ᠦᠤᠱᠢᠨ ᠬᠤᠱᠢᠭᠤᠨ᠎ᠤ ᠦᠤᠱᠢᠨᠵᠤᠤ ᠪᠠᠯᠭᠠᠰᠤᠨ᠎ᠤ ᠴᠠᠭᠠᠨᠰᠦ᠋ᠮ᠎ᠡ ᠭᠠᠴᠠᠭᠠᠨ᠎ᠤ 《ᠲᠡᠮᠦᠷ ᠬᠡᠤᠬᠡᠨᠴᠤᠤᠨ》 ᠡᠴᠨ ᠬᠢᠵᠢᠭ᠎ᠢ ᠰᠡᠷᠭᠡᠢᠯᠡᠨ ᠡᠵᠡᠮᠲᠡᠬᠦ᠌ ᠡᠮᠤᠨ᠎ᠡ ᠹᠷᠤᠨᠲ᠎ᠲᠤ ᠡᠳ᠋ ᠪᠣᠳᠠᠰ ᠬᠦᠷᠭᠡᠪᠡ ᠭᠡᠰᠡᠨ ᠴᠢᠮᠡᠭᠡ᠎ᠶ᠋ᠢ ᠲᠤᠭᠤᠯᠤᠭᠠᠳ ᠰᠤᠷᠪᠤᠯᠵᠢᠯᠠᠭ᠍ᠴᠢ ᠦᠤᠱᠢᠨᠵᠤᠤ ᠪᠠᠯᠭᠠᠰᠤ᠎ᠶ᠋ᠢ ᠴᠢᠭ᠌ᠯᠡᠪᠡ᠃

ᠡᠪᠣᠯ᠎ᠤᠨ ᠡᠬᠢᠨ᠎ᠤ ᠥᠣᠱᠢᠨ ᠨᠣᠳᠤᠬ᠂ ᠴᠠᠰᠣ ᠮᠥᠰᠥᠨ᠎ᠳᠤ ᠬᠤᠴᠢᠬ᠍ᠳᠠᠯ᠎ᠠ᠃ ᠰᠣᠷᠪᠣᠯᠵᠢᠯᠠᠬ᠍ᠴᠢ᠂ ᠬᠤᠱᠢᠭᠤᠨ ᠲᠦᠪ ᠭᠠᠯᠠᠭᠤᠲᠤ ᠪᠠᠯᠭᠠᠰᠤᠨ᠎ᠡᠴᠨ ᠴᠠᠭ ᠬᠢᠷᠢᠲᠡᠢ ᠠᠶᠠᠯᠠᠭᠠᠳ ᠦᠤᠱᠢᠨᠵᠤᠤ ᠪᠠᠯᠭᠠᠰᠤᠨ᠎ᠤ ᠵᠠᠰᠠᠭ᠎ᠤᠨ ᠤᠷᠲᠤᠨ᠎ᠤ ᠬᠦᠷᠢᠶᠠᠨ᠎ᠳᠤ ᠤᠷᠤᠬᠤ᠎ᠳᠤ᠂ ᠴᠠᠭᠠᠨᠰᠦ᠋ᠮ᠎ᠡ ᠭᠠᠴᠠᠭᠠᠨ᠎ᠤ 《ᠲᠡᠮᠦᠷ ᠬᠡᠤᠬᠡᠨᠴᠤᠳ》 ᠤ᠋ᠨ ᠬᠤᠶᠠᠷ ᠲᠦᠯᠦᠭᠡᠯᠡᠭ᠌ᠴᠢ ᠬᠢᠵᠢᠭ᠎ᠢ ᠰᠡᠷᠭᠡᠢᠯᠡᠬᠦ᠌ ᠡᠳ᠋ ᠪᠣᠳᠠᠰ᠎ᠢ ᠰᠤᠮᠤᠨ᠎ᠤ ᠤᠲᠤᠷᠢᠲᠤᠯᠭ᠎ᠠ᠎ᠳᠤ ᠭᠠᠷᠲᠠᠭᠤᠯᠵᠦ᠍ ᠪᠠᠢᠪᠠ᠃

《ᠡᠨᠡ ᠪᠣᠯ ᠮᠠᠨ᠎ᠤ ᠴᠠᠭᠠᠨᠰᠦᠢ᠍ᠮ᠎ᠡ ᠭᠠᠴᠠᠭᠠᠨ᠎ᠤ 44〈ᠲᠡᠮᠦᠷ ᠬᠡᠤᠬᠡᠨᠴᠤᠳ〉ᠤ᠋ᠨ ᠥᠴᠦᠬᠡᠨ ᠰᠡᠳᠭᠢᠯ ᠪᠣᠯᠤᠨ᠎ᠠ᠂ ᠡᠳᠡᠭᠡᠷ ᠬᠢᠵᠢᠭ᠎ᠢ ᠰᠡᠷᠭᠡᠢᠯᠡᠬᠦ᠌ ᠡᠳ᠋ ᠪᠣᠳᠠᠰ ᠲᠡᠳᠡ ᠨᠠᠷ᠎ᠲᠤ ᠬᠠᠪᠰᠤᠷᠤᠯᠭ᠎ᠠ ᠪᠣᠯᠵᠤ᠂ ᠬᠢᠵᠢᠭ᠎ᠢ ᠡᠰᠡᠷᠭᠦᠴᠡᠬᠦ᠌᠎ᠳᠤ ᠪᠢᠲᠠᠨᠤᠰ ᠴᠤ᠌ ᠨᠢᠭᠡᠨ ᠬᠤᠪᠢ ᠵᠢᠨ ᠬᠦᠴᠦᠨ᠎ᠢᠶᠡᠨ ᠡᠷᠭᠦᠶ᠎ᠠ》 ᠬᠡᠵᠣ《ᠲᠡᠮᠣᠷ ᠬᠡᠣᠬᠡᠨᠴᠣᠳ》ᠤ᠋ᠨ ᠳᠥᠯᠥᠬᠡᠯᠡᠭ᠌ᠴᠢ ᠳᠣᠬ᠍ᠳᠠᠬᠤ ᠰᠡᠳᠭᠢᠯ᠎ᠤᠨ ᠥᠬᠡ᠎ᠪᠠᠨ ᠬᠡᠯᠡᠨ᠎ᠡ᠃

ᠦᠤᠱᠢᠨᠵᠤᠤ ᠪᠠᠯᠭᠠᠰᠤᠨ᠎ᠤ ᠲᠡᠮᠤᠷ ᠬᠡᠤᠬᠡᠨᠴᠤᠳ 2019 ᠤᠨ᠎ᠡᠴᠨ ᠡᠬᠢᠯᠡᠨ ᠤᠯᠠᠨ ᠤᠲᠠᠭ᠎ᠠ ᠬᠢᠵᠢᠭ᠎ᠲᠠᠢ ᠲᠡᠮᠡᠴᠡᠵᠦ᠍ ᠪᠠᠢᠭ᠎ᠠ ᠡᠮᠤᠨ᠎ᠡ ᠹᠷᠤᠨᠲ ᠂ ᠠᠮᠢᠲᠤᠷᠠᠯ ᠬᠦᠴᠢᠷᠲᠡᠯᠲᠡᠢ ᠡᠷᠤᠬᠡ᠂ ᠶᠡᠭᠡ᠎ᠰᠤᠷᠭᠠᠭᠤᠯᠢ᠎ᠶ᠋ᠢᠨ ᠤᠶᠤᠲᠠᠨ ᠵᠡᠷᠭᠡ᠎ᠶᠢ ᠤᠯᠠᠨ ᠤᠲᠠᠭ᠎ᠠ ᠲᠡᠮᠵᠢᠨ ᠲᠤᠰᠠᠯᠠᠵᠠᠢ᠃ 《 ᠲᠡᠮᠦᠷ ᠬᠡᠤᠬᠡᠨᠴᠤᠤᠨ 》 ᠲᠡᠭᠡᠷ᠎ᠡ ᠵᠠᠭᠤᠨ᠎ᠦ  ᠵᠢᠷᠠ ᠲᠠᠯᠠᠭᠠᠳ ᠤᠨ᠎ᠳᠤ ᠠᠷᠢᠭᠤᠨ ᠬᠦᠲᠡᠯᠮᠦᠷᠢ᠎ᠪᠠᠷ᠎ᠢᠶᠠᠨ ᠮᠤᠤᠠᠤᠰᠤ᠎ᠶ᠋ᠢᠨ ᠡᠯᠡᠰᠦ᠎ᠶ᠋ᠢ ᠵᠠᠰᠠᠨ ᠲᠠᠶᠠᠭᠠᠷ ᠤᠯᠠᠨ᠎ᠳᠤ ᠳᠠᠨᠢᠭ᠍ᠲᠠᠵᠤ᠂ ᠮᠠᠯᠴᠢᠳ᠎ᠤᠨ ᠮᠠᠭ᠍ᠲᠠᠭᠠᠯ ᠰᠠᠢᠱᠢᠶᠠᠯ᠎ᠢ ᠤᠯᠵᠦ᠍ ᠶᠠᠪᠤᠭ᠍ᠰᠠᠨ ᠲᠡᠤᠭᠡ᠎ᠲᠠᠢ᠂ ᠤᠲᠤ ᠴᠤ᠌ ᠭᠡᠰᠡᠨ ᠡᠨᠡ ᠬᠦ᠌《ᠲᠡᠮᠤᠷ ᠬᠡᠤᠬᠡᠨᠴᠤᠳ》ᠤ᠋ᠨ ᠵᠤᠷᠢᠭ ᠰᠠᠨᠠᠭ᠎ᠠ᠎ᠪᠠᠨ  ᠪᠠᠲᠠᠷᠠᠭᠤᠯᠤᠨ ᠤᠯᠠᠨ ᠲᠦᠮᠡᠨ᠎ᠳᠤ ᠪᠤᠲᠠᠲᠤ ᠠᠵᠢᠯ ᠬᠢᠵᠣ ᠪᠠᠢᠨ᠎ᠠ ᠃

ᠦᠤᠱᠢᠨᠵᠤᠤ ᠪᠠᠯᠭᠠᠰᠤᠨ᠎ᠤ ᠲᠡᠳ᠋ ᠪᠠᠯᠭᠠᠰᠤᠨ ᠲᠠᠷᠤᠭ᠎ᠠ ᠪᠤᠶᠠᠨᠲᠤ᠌᠄《ᠡᠢᠮᠦ᠍ ᠨᠢᠭᠡ ᠪᠦᠯᠦᠭ ᠬᠦᠮᠦᠰ ᠡᠮᠤᠨ᠎ᠡ ᠹᠷᠤᠨᠲ᠎ᠤᠨ ᠬᠦᠮᠦᠰ᠎ᠲᠠᠢ ᠬᠠᠮᠲᠤ ᠬᠢᠵᠢᠭ᠎ᠢ ᠰᠡᠷᠭᠡᠢᠯᠡᠨ ᠡᠵᠡᠮᠲᠡᠬᠦ᠌᠎ᠳᠤ ᠬᠦᠴᠦ᠍᠎ᠪᠠᠨ ᠨᠡᠮᠡᠷᠢᠯᠡᠵᠦ᠍ ᠪᠠᠢᠭ᠎ᠠ᠎ᠶ᠋ᠢ ᠬᠠᠷᠠᠭᠠᠳ ᠦᠨᠡᠨ᠎ᠬᠦ ᠰᠡᠳᠭᠢᠯ ᠬᠦᠲᠡᠯᠵᠦ᠍ ᠵᠤᠷᠢᠭ᠍ᠵᠢᠯ᠎ᠠ᠃ ᠪᠢᠳᠡ ᠡᠳᠡᠭᠡᠷ ᠡᠳ᠋ ᠪᠣᠳᠠᠰ᠎ᠢ ᠬᠢᠵᠢᠭ᠎ᠢ ᠰᠡᠷᠬᠡᠢᠯᠡᠬᠦ᠌ ᠡᠮᠣᠨ᠎ᠠ ᠹᠷᠣᠨᠲ᠎ᠲᠤ ᠭᠠᠪᠱᠢᠭᠠᠢ᠌ᠯᠠᠨ ᠲᠡᠮᠡᠴᠡᠵᠣ ᠪᠠᠢᠭ᠎ᠠ ᠴᠠᠭ᠍ᠲᠠᠭ᠎ᠠ᠂ ᠡᠮᠴᠢ ᠠᠵᠢᠯᠲᠠᠨ᠎ᠳᠤ ᠪᠦᠬᠦᠨ᠎ᠢ ᠰᠠᠢᠬᠠᠨ ᠬᠤᠪᠢᠶᠠᠵᠦ᠍ ᠥᠭ᠌ᠬᠦᠨ᠎ᠠ》 ᠬᠡᠵᠣ ᠪᠠᠶᠠᠷᠳᠡᠢ ᠬᠡᠯᠡᠨ᠎ᠠ᠃


QQ图片20211203095618.png


ᠴᠠᠭᠠᠨᠰᠦ᠋ᠮ᠎ᠠ ᠭᠠᠴᠠᠭᠠᠨ᠎ᠤ 《 ᠲᠡᠮᠣᠷ ᠬᠡᠣᠬᠡᠨᠴᠣᠳ 》 ᠤ᠋ᠨ  ᠬᠠᠮᠳᠣ ᠎ᠶ᠋ᠢᠨ  ᠰᠡᠬᠦᠳᠡᠷ

   ᠰᠣᠷᠪᠣᠯᠵᠢᠯᠠᠬ᠍ᠴᠢ ᠡᠷᠳᠡᠨᠢᠵᠢᠷᠭᠠᠯ ᠴᠢᠮᠡᠬᠡᠯᠡᠭ᠌ᠴᠢ ᠪᠠᠶᠠᠨᠳᠠᠯᠠᠢ ᠬᠠᠰᠪᠤᠶᠠᠨᠲᠤ   ᠰᠡᠬᠦᠳᠡᠷᠯᠡᠪᠡ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号