ᠰᠤᠷᠤᠯᠴᠠᠬᠤ ᠪᠠ ᠨᠠᠭᠠᠳᠬᠤ ᠪᠠᠨ ᠰᠠᠢᠳᠤᠷ ᠵᠤᠬᠢᠴᠠᠭᠤᠯᠤᠭᠠᠷᠠᠢ
2021-12-06 16:57:28
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠤᠯᠠ ᠡᠭᠡᠴᠢ ᠡ᠂ ᠰᠠᠢᠨ ᠪᠠᠢᠨ᠎ᠠ ᠤᠤ?

    ᠪᠢ ᠪᠤᠯ ᠲᠠᠪᠤᠳᠤᠭᠠᠷ ᠤᠨ᠎ᠤ ᠰᠤᠷᠤᠭᠴᠢ᠃ ᠭᠡᠪᠡᠴᠦ ᠰᠤᠷᠤᠯᠭ᠎ᠠ ᠬᠡᠳᠦᠢ ᠶᠠᠭᠠᠷᠠᠤ ᠪᠤᠯᠤᠭᠰᠠᠠ᠎ᠴᠤ ᠪᠢ ᠨᠠᠭᠠᠳᠬᠤ ᠪᠠᠨ ᠪᠤᠳᠤᠭᠠᠳ ᠯᠡ ᠪᠠᠢᠨ᠎ᠠ᠃ ᠮᠢᠨᠦ ᠰᠤᠷᠤᠯᠭ᠎ᠠ ᠵᠢᠨ ᠲᠦᠯᠦᠭᠡ ᠡᠵᠢ ᠮᠢᠨᠢ ᠮᠠᠰᠢ ᠰᠠᠨᠠᠭ᠎ᠠ ᠪᠤᠯᠵᠦ ᠪᠠᠢᠨ᠎ᠠ᠃ ᠶᠡᠷᠦ ᠳ᠋ᠤ ᠪᠠᠨ ᠲᠠᠰᠬᠠᠯ ᠲᠡᠢᠮᠦ ᠠᠷᠪᠢᠨ ᠪᠢᠰᠢ᠂ ᠬᠡᠳᠠᠯ᠎ᠠ ᠪᠢ ᠨᠠᠭᠠᠳᠬᠤ ᠪᠠᠨ ᠯᠠ ᠪᠤᠳᠤᠭᠠᠳ ᠰᠠᠨᠠᠭ᠎ᠠ ᠠᠯᠭᠠᠰᠴᠦ᠂ ᠲᠠᠰᠬᠠᠯ ᠵᠢᠡᠨ ᠰᠦᠨᠢ ᠤᠷᠤᠢ ᠪᠤᠯᠤᠭᠠᠳ ᠵᠦᠳᠡᠭᠦᠬᠡᠨ ᠬᠢᠵᠦ ᠲᠠᠭᠤᠰᠬᠠᠳᠠᠭ᠃ ᠬᠢᠴᠢᠶᠠᠯ ᠲᠡᠭᠡᠷ᠎ᠠ ᠪᠠᠭᠰᠢ ᠪᠠᠰᠠ ᠪᠢᠳᠠᠨ᠎ᠳᠤ ᠦᠨᠳᠦᠷ ᠱᠠᠭᠠᠷᠳᠠᠯᠭ᠎ᠠ ᠲᠠᠯᠪᠢᠬᠤ ᠪᠤᠯᠪᠠ᠃ ᠦᠭᠡᠷ᠎ᠠ ᠨᠦᠬᠦᠳ ᠬᠢᠴᠢᠶᠠᠯ ᠲᠡᠭᠡᠷ᠎ᠠ ᠪᠠᠨ ᠬᠢᠵᠦ ᠪᠠᠷᠠᠳᠠᠭ ᠲᠠᠰᠬᠠᠯ᠎ᠢ ᠪᠢ ᠬᠢᠵᠦ ᠪᠠᠷᠠᠬᠤ ᠦᠭᠡᠢ᠂ ᠵᠠᠪᠠᠯ ᠬᠡᠷ᠎ᠲᠤ ᠪᠠᠨ ᠬᠠᠷᠢᠵᠦ ᠬᠢᠬᠦ ᠴᠢᠬᠤᠯᠠ ᠲᠠᠢ ᠪᠠᠢᠳᠠᠭ᠃

 ᠪᠢ ᠲᠸᠯᠸᠢᠰ ᠦᠵᠡᠬᠦ ᠲᠤᠷᠠᠳᠠᠢ᠃ ᠬᠡᠳᠠᠯ᠎ᠠ ᠠᠪᠤ ᠡᠵᠢ ᠮᠢᠨᠢ ᠮᠢᠨᠦ ᠲᠸᠯᠸᠢᠰ ᠦᠵᠡᠬᠦ ᠴᠠᠭ᠎ᠢ ᠨᠢᠭᠡ ᠴᠠᠭ ᠵᠢᠡᠷ ᠬᠢᠵᠠᠭᠠᠷᠯᠠᠵᠠᠢ᠃ ᠤᠳᠠᠭ᠎ᠠ ᠪᠤᠯᠭᠠᠨ ᠴᠠᠭ ᠡᠴᠡ ᠪᠠᠨ ᠬᠡᠳᠦᠷᠡᠳᠠᠯ᠎ᠠ ᠲᠸᠯᠸᠢᠰ ᠦᠵᠡᠭᠡᠳ ᠡᠵᠢ ᠪᠡᠷ ᠵᠠᠩᠨᠠᠭᠤᠯᠳᠠᠭ᠃ ᠡᠨᠡ ᠨᠢ ᠪᠦᠷ ᠮᠢᠨᠦ ᠲᠦᠯᠦᠭᠡ ᠬᠡᠰᠡᠨ᠎ᠢ ᠪᠢ ᠮᠡᠳᠠᠨ᠎ᠠ᠂ ᠪᠢ᠎ᠴᠤ ᠪᠠᠶ᠎ᠠ ᠪᠡᠨ ᠴᠢᠩᠭ᠎ᠠ ᠡᠵᠡᠮᠳᠡᠶ᠎ᠡ ᠬᠡᠵᠦ ᠪᠤᠳᠤᠳᠠᠭ᠂ ᠬᠡᠳᠠᠯ᠎ᠠ ᠪᠢ ᠪᠠᠶᠠᠯᠡᠬᠦᠯᠵᠦ ᠲᠡᠢᠯᠬᠦ ᠦᠭᠡᠢ ᠰᠢᠭ᠃ ᠪᠢ ᠶᠠᠭᠠᠬᠢᠪᠠᠯ ᠲᠠᠭᠠᠷᠠᠬᠤ ᠶᠤᠮ ᠪᠤᠢ ?

                        ᠡᠬᠦᠨ᠎ᠠ᠄ ᠰᠤᠷᠤᠭᠴᠢ ᠲᠡᠭᠵᠢᠨ ᠡᠴᠡ


ᠲᠡᠭᠵᠢᠨ ᠲᠡᠬᠦᠦ᠎ᠳᠤ᠄

   ᠵᠠᠬᠢᠳᠠᠯ᠎ᠢ ᠴᠢᠨᠢ ᠤᠯᠵᠦ ᠠᠪᠤᠯ᠎ᠠ᠃ ᠲᠠᠨ᠎ᠤ ᠰᠠᠨᠠᠭᠠᠰᠢᠷᠠᠯ ᠳ᠋ᠤ ᠡᠭᠡᠴᠢ ᠨᠢ ᠬᠡᠳᠦᠨ ᠰᠠᠨᠠᠭᠤᠯᠤᠮᠵᠢ ᠦᠭᠬᠦ ᠪᠡᠷ ᠪᠠᠢᠨ᠎ᠠ᠃

  ᠶᠠᠭᠤᠨ᠎ᠤ ᠤᠷᠢᠳᠠ ᠲᠡᠬᠦᠦ ᠮᠢᠨᠢ ᠤᠳᠤ ᠲᠡᠭᠡᠷ᠎ᠡ ᠤᠨ᠎ᠤ ᠰᠤᠷᠤᠭᠴᠢ ᠪᠤᠯᠵᠤ᠂ ᠰᠤᠷᠤᠯᠭ᠎ᠠ ᠪᠤᠯ ᠴᠢᠨᠦ ᠬᠠᠮᠤᠭ᠎ᠤᠨ ᠴᠢᠬᠤᠯᠠ ᠡᠭᠦᠷᠭᠡ ᠪᠤᠯᠬᠤ ᠵᠢ ᠮᠡᠳᠡᠬᠦ ᠬᠡᠷᠡᠭᠳᠡᠢ᠃ ᠬᠢᠴᠢᠶᠠᠯ ᠲᠡᠭᠡᠷ᠎ᠠ ᠪᠠᠭᠰᠢ ᠵᠢᠨ ᠵᠢᠡᠨ ᠲᠠᠢᠯᠪᠤᠷᠢᠯᠠᠬᠤ ᠵᠢ ᠨᠢᠮᠪᠠᠢ ᠰᠤᠨᠤᠰᠴᠦ᠂ ᠬᠢᠴᠢᠶᠠᠯ ᠲᠡᠭᠡᠷ᠎ᠠ ᠬᠢᠪᠠᠰᠤ ᠵᠤᠬᠢᠬᠤ ᠵᠤᠢᠯ ᠵᠢᠡᠨ ᠴᠠᠭ ᠲᠤᠬᠠᠢ᠎ᠳᠤ ᠨᠢ ᠬᠢᠭᠡᠷᠡᠢ᠂ ᠲᠡᠭᠡᠪᠡᠯ ᠬᠡᠷ᠎ᠲᠤ ᠪᠠᠨ ᠬᠠᠷᠢᠪᠠᠯ ᠴᠢᠨᠦ ᠡᠬᠦᠷᠭᠡ ᠲᠠᠷᠤᠭᠠᠰᠤ ᠬᠦᠩᠭᠡᠷᠡᠠ ᠪᠠᠶᠠᠷ ᠪᠠᠶᠠᠰᠤᠯ ᠲᠠᠢ ᠪᠤᠯᠵᠦ ᠴᠢᠳᠠᠨ᠎ᠠ᠃

  ᠲᠠᠷᠠᠭ᠎ᠠ ᠨᠢ ᠲᠡᠬᠦᠦ ᠮᠢᠨᠢ ᠲᠠᠩᠳᠠᠭᠦᠦ ᠨᠠᠭᠠᠳᠬᠤ ᠪᠤᠶᠤ ᠬᠡᠳᠦᠷᠡᠳᠠᠯ᠎ᠠ ᠲᠸᠯᠸᠢᠰ ᠦᠵᠡᠬᠦ ᠨᠢ ᠬᠡᠤᠬᠡᠳ ᠪᠠᠭᠠᠴᠤᠳ ᠲᠸ᠋ ᠮᠠᠭᠤ ᠨᠦᠯᠦᠭᠡ ᠦᠵᠡᠭᠦᠯᠳᠡᠭ᠎ᠢ ᠮᠡᠳᠡᠭᠡᠷᠡᠢ᠃ ᠲᠸᠯᠸᠢᠰ ᠦᠵᠡᠬᠦ ᠴᠠᠭ ᠵᠢᠡᠷ ᠵᠢᠡᠨ ᠭᠠᠳᠠᠨ᠎ᠠ ᠭᠠᠷᠴᠦ ᠪᠦᠮᠪᠦᠭᠡ ᠨᠠᠭᠠᠳᠬᠤ᠂ ᠨᠠᠢᠵᠠ ᠨᠦᠬᠦᠳ ᠲᠠᠢ ᠪᠠᠨ ᠬᠦᠶᠦᠵᠦ ᠤᠷᠤᠯᠳᠤᠬᠤ᠂ ᠦᠰᠦᠷᠴᠦ ᠬᠠᠷᠠᠢᠬᠤ ᠨᠢ ᠪᠦᠷ ᠲᠠᠨ᠎ᠤ ᠪᠠᠶ᠎ᠠ ᠮᠠᠬᠠᠪᠤᠳ᠎ᠲᠤ ᠰᠠᠢᠨ᠎ᠪᠠᠢᠳᠠᠭ᠃᠎ᠲᠦᠯᠦᠪᠯᠡᠭᠡ᠎ᠲᠤᠭᠳᠠᠭᠠᠨ᠂ ᠴᠠᠭ᠎ᠤᠨ ᠬᠦᠰᠦᠨᠦᠭᠳᠤ ᠭᠠᠷᠭᠠᠵᠤ᠂ ᠲᠦᠯᠦᠪᠯᠡᠭᠡ ᠶᠤᠰᠤᠭᠠᠷ᠎ᠢᠶᠡᠨ ᠴᠢᠩᠭ᠎ᠠ ᠪᠠᠷᠢᠮᠳᠠᠯᠠᠭᠠᠷᠢ᠃

  ᠲᠠᠬᠢᠪᠠᠯ᠂ ᠲᠡᠬᠦᠦ ᠮᠢᠨᠢ ᠡᠵᠢ ᠠᠪᠤ ᠵᠢᠨ ᠵᠢᠡᠨ ᠵᠢᠮᠡᠯᠡᠯ᠎ᠢ ᠤᠢᠯᠠᠭᠠᠬᠤ ᠬᠡᠷᠡᠭᠳᠡᠢ᠂ ᠡᠵᠢ ᠠᠪᠤ ᠪᠤᠯᠤᠭᠰᠡᠳ ᠪᠦᠷ ᠬᠡᠦᠬᠡᠳ᠎ᠤᠨ ᠵᠢᠡᠨ ᠲᠦᠯᠦᠭᠡ ᠪᠠᠢᠳᠠᠭ᠃ ᠵᠢᠮᠡᠯᠡᠭᠳᠡᠭᠰᠡᠨ᠎ᠤ ᠤᠴᠢᠷ᠎ᠰᠢᠯᠳᠠᠭᠠᠨ᠎ᠵᠢᠡᠨ᠎ᠰᠠᠢᠬᠠᠨ᠎ᠪᠤᠳᠤᠯᠬᠢᠯᠠᠵᠤ᠂᠎ᠦᠪᠡᠷ᠎ᠤᠨ ᠲᠤᠳᠠᠭᠳᠠᠯ ᠵᠢᠡᠨ ᠵᠠᠯᠠᠷᠠᠭᠤᠯᠬᠤ ᠬᠡᠷᠡᠭᠳᠡᠢ᠃ ᠰᠤᠷᠤᠯᠴᠠᠬᠤ ᠪᠠ ᠨᠠᠭᠠᠳᠬᠤ ᠴᠠᠭ ᠵᠢᠡᠨ ᠰᠠᠢᠬᠠᠨ ᠲᠤᠬᠢᠷᠠᠭᠤᠯᠪᠠᠯ ᠠᠪᠤ ᠡᠵᠢ ᠴᠢᠨᠢ ᠯᠠᠪ ᠪᠠᠶᠠᠷᠯᠠᠨ᠎ᠠ᠎ᠳᠠ᠃

                   ᠡᠬᠦᠨ᠎ᠠ᠄ ᠵᠤᠯᠠ ᠡᠭᠡᠴᠢ ᠡᠴᠡ ᠴᠢᠨᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号