ᠮᠢᠨᠦ᠍ ᠡᠭᠡᠴᠢ
2021-12-06 17:01:51
ᠵᠣᠬᠢᠶᠠᠭ᠍ᠴᠢ᠄
ᠪᠣᠣ ᠮᠢᠩ ᠵᠢᠦᠸᠠᠨ
ᠣᠩᠱᠢᠭ᠍ᠰᠠᠨ ᠣᠳᠠᠭ᠎ᠠ᠄
★★★☆☆

ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠪᠠᠶᠠᠨᠨᠠᠭᠤᠷ ᠭᠤᠣᠯ ᠪᠠᠭ᠎ᠠ ᠰᠤᠷᠭᠠᠭᠤᠯᠢ᠎ᠶ᠋ᠢᠨ 4.1ᠠᠡᠭ᠌ᠬᠢ

   

ᠮᠢᠨᠦ᠍ ᠬᠠᠮᠤᠭ᠎ᠤᠨ ᠪᠢᠱᠢᠷᠡᠳᠡᠭ ᠬᠦᠮᠦᠨ ᠪᠣᠯ ᠲᠠᠷᠤᠢ ᠮᠢᠨᠦ᠍ ᠡᠭᠡᠴᠢ ᠪᠣᠯᠤᠨ᠎ᠠ᠃

ᠮᠢᠨᠦ᠍ ᠡᠭᠡᠴᠢ ᠤᠳᠠ᠎ᠶᠢᠨ ᠨᠠᠪᠴᠢ᠎ᠶᠢᠨ ᠬᠦᠮᠦᠰᠭᠡ᠎ᠲᠠᠢ᠂ ᠤᠰᠭᠠᠯ ᠲᠤᠩᠭᠠᠯᠠᠭ ᠨᠢᠳᠦ᠍ ᠲᠠᠢ᠂ ᠮᠦᠷᠦ᠍ ᠲᠠᠪᠠᠭ᠍ᠰᠠᠨ ᠭᠡᠵᠢᠭᠡ᠎ᠲᠠᠢ᠂ ᠴᠣᠪᠤᠭᠤ ᠲᠡᠭ᠌ᠵᠢᠨ ᠵᠠᠩ᠎ᠲᠠᠢ ᠭᠤᠸ᠎ᠠ ᠦᠵᠡᠰᠭᠦᠯᠡᠩ ᠬᠡᠦᠬᠡᠨ ᠶᠤᠮ᠃

ᠮᠢᠨᠦ᠍ ᠡᠭᠡᠴᠢ ᠭᠠᠷᠠᠭ᠎ᠤᠨ ᠰᠡᠭᠦᠯᠴᠢ ᠪᠣᠶᠤ ᠡᠪᠦᠯ ᠵᠤᠨ᠎ᠤ ᠠᠮᠠᠷᠠᠯᠲᠠ ᠪᠡᠷ ᠭᠡᠷ᠎ᠲᠤ ᠬᠠᠷᠢᠵᠤ ᠢᠷᠡᠪᠡᠯ ᠠᠪᠤ ᠡᠵᠢ᠎ᠶ᠋ᠢᠨ ᠠᠵᠢᠯ᠎ᠳᠤ ᠲᠤᠰᠠ ᠲᠡᠮ ᠪᠣᠯᠬᠤ᠎ᠠᠴᠠ ᠭᠠᠳᠠᠨ᠎ᠠ ᠵᠠᠪ ᠯᠡ ᠭᠠᠷᠪᠠᠯ ᠨᠣᠮ ᠤᠩᠱᠢᠵᠤ ᠰᠠᠭᠤᠳᠠᠭ᠃ ᠭᠡᠷ᠎ᠤᠨ ᠡᠮᠦᠨᠡᠬᠢ ᠪᠦᠳᠦᠬᠦᠨ ᠮᠤᠳᠤ᠎ᠶᠢ ᠬᠠᠷᠠᠬᠤ ᠪᠦᠷᠢ ᠡᠭᠡᠴᠢ᠎ᠶᠢᠨ ᠮᠢᠨᠢ ᠵᠤᠨ᠎ᠤ ᠠᠮᠠᠷᠠᠯᠲᠠ ᠪᠡᠷ ᠰᠡᠭᠦᠳᠡᠷ᠎ᠲᠤᠨᠢ ᠰᠠᠭᠤᠭᠠᠳ ᠨᠣᠮ ᠤᠩᠱᠢᠵᠤ ᠪᠠᠢᠬᠰᠠᠨ ᠪᠤᠳᠤᠭᠳᠠᠳᠠᠭ᠃ ᠮᠠᠨ᠎ᠤ ᠭᠡᠷ᠎ᠲᠤ ᠡᠭᠡᠴᠢ᠎ᠶᠢᠨ ᠨᠤᠮ᠎ᠤᠳ᠎ᠢ ᠬᠠᠳᠠᠭᠠᠯᠠᠳᠠᠭ ᠰᠠᠢᠬᠠᠨ ᠠᠪᠳᠠᠷ᠎ᠠ ᠨᠢᠭᠡ ᠪᠤᠢ᠂ ᠲᠡᠷᠡ ᠳᠤᠳᠤᠷ᠎ᠠ ᠦᠯᠢᠭᠡᠷ ᠲᠤᠭᠤᠵᠢ᠂ ᠦᠬᠦᠯᠡᠯᠭᠡ ᠨᠠᠢᠷᠠᠭᠤᠯᠤᠯ᠎ᠤᠨ ᠨᠤᠮ ᠭᠡᠵᠤ ᠶᠤᠰᠤᠲᠠᠢ ᠠᠷᠪᠢᠨ᠃《ᠡᠭᠡᠴᠢ ᠡ᠂ ᠲᠠ ᠡᠢᠮᠦ ᠤᠯᠠᠨ ᠨᠤᠮ᠎ᠢ ᠪᠦᠬᠦᠨ᠎ᠢ ᠤᠨᠭᠰᠢᠵᠤ ᠳᠠᠭᠤᠰᠪᠠ᠎ᠤᠤ?》 ᠭᠡᠵᠤ ᠰᠤᠨᠢᠭᠤᠴᠢᠯᠠᠪᠠᠯ᠂ ᠡᠬᠡᠴᠢ ᠮᠢᠨᠢ᠄ 《ᠪᠦᠬᠦᠨ᠎ᠢ ᠨᠢᠭᠡ ᠤᠳᠠᠭ᠎ᠠ ᠲᠤᠭᠤᠯᠵᠤ ᠪᠠᠢᠬᠰᠠᠨ᠂ ᠵᠠᠷᠢᠮ᠎ᠢ ᠨᠢ ᠪᠠᠰᠠ ᠬᠤᠶᠠᠷ ᠤᠳᠠᠭ᠎ᠠ᠂ ᠭᠤᠷᠪᠠ ᠤᠳᠠᠭ᠎ᠠ ᠲᠤᠭᠤᠯᠵᠤ ᠪᠠᠢᠨ᠎ᠠ》 ᠭᠡᠵᠤ ᠢᠲᠡᠭᠡᠯ ᠲᠡᠬᠦᠯᠳᠡᠷ ᠬᠡᠯᠡᠨ᠎ᠡ᠃

 ᠨᠢᠭᠡ ᠡᠳᠦᠷ ᠡᠭᠡᠴᠢ ᠲᠠᠰᠭᠠᠯ᠎ᠢᠶᠠᠨ ᠬᠢᠵᠦ᠍ ᠪᠠᠷᠠᠭᠠᠳ ᠨᠠᠮ᠎ᠠ᠎ᠠᠴᠠ᠄《ᠲᠡᠭᠦᠦ ᠮᠢᠨᠢ᠂ ᠬᠤᠵᠢᠮ ᠶᠠᠮᠠᠷ ᠶᠡᠭᠡ ᠰᠤᠷᠭᠠᠭᠤᠯᠢ᠎ᠳᠤ ᠣᠷᠤᠬᠤ ᠬᠦᠰᠡᠯ᠎ᠲᠠᠢ ᠪᠣᠢ?》 ᠭᠡᠵᠦ᠍ ᠠᠰᠠᠭᠤᠪᠠ᠃ ᠪᠢ ᠦᠭᠡᠳᠡ᠎ᠠᠴᠠ᠎ᠨᠢ᠄ 《ᠡᠭᠡᠴᠢ ᠡ! ᠲᠠᠨ᠎ᠤ ᠡᠨᠡ ᠠᠰᠠᠭᠤᠯᠲᠠ᠎ᠴᠢᠨᠢ ᠲᠡᠩᠳᠡᠭᠦᠦ ᠡᠷᠳᠡ ᠪᠠᠢᠬᠤ ᠦᠭᠡᠢ᠎ᠤᠤ?》 ᠭᠡᠬᠦ᠎ᠳᠤ᠂ ᠡᠭᠡᠴᠢ 《ᠡᠷᠳᠡ ᠪᠢᠰᠢ ᠱᠢᠦ! ᠴᠢ ᠤᠳᠠᠯ ᠦᠭᠡᠢ ᠠᠨᠭᠬ᠎ᠠ ᠲᠤᠮᠳᠠᠳᠤ ᠳ᠋ᠤ ᠲᠠᠪᠰᠢᠨ᠎ᠠ᠂ ᠲᠠᠬᠢᠭᠠᠳ ᠦᠨᠳᠦᠷ ᠲᠤᠮᠳᠠᠳᠤ᠎ᠳᠤ ᠤᠷᠤᠨ᠎ᠠ᠃ ᠢᠡᠭ᠌ᠭᠢᠵᠦ᠍ ᠪᠠᠢᠲᠠᠯ᠎ᠠ ᠶᠡᠭᠡ ᠰᠤᠷᠭᠠᠭᠤᠯᠢ᠎ᠳᠤ ᠣᠷᠤᠬᠤ ᠴᠢᠨᠢ ᠬᠤᠯᠠ ᠦᠭᠡᠢ ᠪᠤᠯᠴᠢᠬᠠᠨ᠎ᠠ᠃ ᠠᠰᠠᠷ ᠲᠠᠭ᠍ᠲᠤ ᠪᠠᠷᠢᠬᠤ ᠬᠦᠮᠦᠨ ᠰᠠᠭᠤᠷᠢ᠎ᠶ᠋ᠢ᠎ᠨᠢ ᠰᠠᠢᠨ ᠴᠣᠭ᠍ᠴᠠᠯᠠᠬᠤ ᠬᠡᠷᠡᠭ᠌ᠲᠡᠢ᠂ ᠡᠷᠳᠡᠮ ᠮᠡᠳᠡᠯᠭᠡ ᠰᠤᠷᠬᠤ᠎ᠳᠤ ᠬᠠᠷᠠᠬᠠᠨ ᠪᠠᠭ᠎ᠠ᠎ᠠᠴᠠ᠎ᠪᠠᠨ ᠱᠢᠮᠳᠠᠬᠤ ᠬᠡᠷᠡᠭ᠌ᠲᠡᠢ᠃ 〈ᠬᠦᠰᠡᠯ ᠦᠭᠡᠢ ᠬᠦᠮᠦᠨ ᠪᠣᠯ ᠲᠠᠯᠠᠪᠴᠢ ᠦᠭᠡᠢ ᠱᠢᠪᠠᠭᠤ ᠲᠠᠢ ᠠᠳᠠᠯᠢ〉》 ᠭᠡᠵᠦ᠍ ᠰᠠᠨᠠᠭᠤᠯᠪᠠ᠃

ᠮᠢᠨᠦ᠍ ᠡᠭᠡᠴᠢ ᠦᠨᠦ᠍ ᠵᠢᠯ 615 ᠬᠤᠪᠢ ᠪᠡᠷ ᠪᠡᠭᠡᠵᠢᠩ ᠶᠡᠭᠡ ᠰᠤᠷᠭᠠᠭᠤᠯᠢ ᠳ᠋ᠤ ᠱᠢᠯᠭᠠᠭᠤᠯᠤᠨ ᠣᠷᠤᠵᠠᠢ᠃ ᠡᠨᠡ ᠪᠣᠯ ᠡᠭᠡᠴᠢ᠎ᠶ᠋ᠢᠨ ᠮᠢᠨᠢ ᠱᠢᠷᠭᠠᠭᠤ ᠬᠠᠳᠠᠭᠤᠵᠢᠯᠳᠠᠢ ᠬᠦᠳᠡᠯᠮᠦᠷᠢ ᠶ᠋ᠢᠨ ᠠᠮᠳᠠᠳᠤ ᠦᠷ᠎ᠡ ᠵᠢᠮᠢᠰ ᠪᠣᠯᠤᠨ᠎ᠠ᠃《ᠠᠮᠵᠢᠯᠲᠠ ᠪᠦᠲᠦᠭᠡᠯ ᠪᠣᠯ ᠭᠠᠱᠢᠭᠤᠨ ᠦᠨᠳᠦᠰᠦᠨ᠎ᠠᠴᠠ ᠤᠷᠭᠤᠭᠰᠠᠨ ᠠᠮᠲᠠᠲᠤ ᠵᠢᠮᠢᠰ ᠪᠣᠯᠤᠨ᠎ᠠ》 ᠭᠡᠳᠡᠭ᠎ᠢ ᠪᠢ ᠰᠠᠶᠢ ᠤᠬᠠᠭᠠᠷᠠᠵᠤ ᠮᠡᠳᠡᠯ᠎ᠡ᠃

ᠪᠢ ᠣᠳᠤ᠎ᠠᠴᠠ᠎ᠪᠠᠨ ᠡᠬᠢᠯᠡᠵᠦ᠍ ᠴᠠᠭ ᠮᠦᠴᠡ᠎ᠶ᠋ᠢ ᠠᠯᠳᠠᠯ ᠦᠭᠡᠢ ᠴᠢᠷᠮᠠᠢᠨ ᠰᠤᠷᠤᠯᠴᠠᠵᠤ ᠡᠭᠡᠴᠢ᠎ᠲᠠᠢ᠎ᠪᠠᠨ ᠠᠳᠠᠯᠢ ᠦᠪᠡᠷ᠎ᠤᠨ ᠬᠦᠰᠡᠵᠦ᠍ ᠰᠠᠨᠠᠭ᠍ᠰᠠᠨ ᠶᠡᠬᠡ ᠰᠤᠷᠭᠠᠭᠤᠯᠢ ᠎ᠳᠤ᠎ᠪᠠᠨ ᠱᠢᠯᠭᠠᠭᠤᠯᠤᠨ ᠣᠷᠤᠨ᠎ᠠ᠃

ᠵᠢᠯᠤᠭᠤᠳᠤᠬᠰᠠᠨ ᠪᠠᠬᠰᠢ᠄ ᠪᠦᠷᠢᠨᠴᠡᠴᠡᠭ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号