ᠫᠤᠤᠵᠢᠩ᠎ᠤᠨ ᠤᠷᠱᠢᠭ
2021-12-06 17:07:58
ᠵᠣᠬᠢᠶᠠᠭ᠍ᠴᠢ᠄
ᠠᠶᠠᠰ
ᠣᠩᠱᠢᠭ᠍ᠰᠠᠨ ᠣᠳᠠᠭ᠎ᠠ᠄
★★★☆☆

ᠤᠷᠠᠳ᠎ᠤᠨ ᠡᠮᠦᠨᠡᠲᠦ ᠬᠤᠱᠢᠭᠤᠨ᠎ᠤ ᠮᠣᠩᠭᠤᠯ ᠦᠨᠳᠦᠰᠦᠲᠡᠨ᠎ᠤ ᠪᠠᠭ᠎ᠠ ᠰᠤᠷᠭᠠᠭᠤᠯᠢ ᠶ᠋ᠢᠨ  5.1 ᠠᠡᠭ᠌ᠭᠢ    


ᠦᠩᠭᠡᠷᠡᠭ᠌ᠰᠡᠨ ᠵᠢᠯ᠎ᠤᠨ ᠴᠠᠭᠠᠨ ᠰᠠᠷ᠎ᠠ ᠵᠢ ᠪᠢ ᠠᠪᠤ᠂ ᠡᠵᠢ᠂ ᠠᠬ᠎ᠠ᠎ᠲᠠᠢ᠎ᠪᠠᠨ ᠬᠠᠮᠲᠤ ᠨᠠᠭᠠᠴᠤ᠌ ᠡᠪᠦᠭᠡ᠎ᠶ᠋ᠢᠨ᠎ᠬᠢᠨ ᠳ᠋ᠤ᠎ᠪᠠᠨ ᠬᠦᠷᠴᠤ ᠦᠨᠭᠭᠡᠷᠡᠬᠦᠯᠦᠭᠰᠡᠨ ᠪᠢᠯᠡ᠃ ᠪᠢᠳᠡᠨ᠎ᠢ ᠬᠦᠷᠴᠤ ᠤᠴᠢᠬᠤ᠎ᠳᠤ᠎ᠨᠠᠭᠠᠴᠤ᠌᠎ᠡᠪᠦᠭᠡ ᠮᠢᠨᠢ ᠶᠡᠬᠡ ᠪᠠᠶᠠᠷᠯᠠᠵᠤ᠂ 《ᠡᠨᠡ ᠵᠢᠯ᠎ᠤᠨ ᠴᠠᠭᠠᠨ ᠰᠠᠷ᠎ᠠ᠎ᠶᠤᠰᠤᠲᠠᠢ ᠬᠦᠷ ᠲᠠᠢ ᠪᠤᠯᠤᠯ᠎ᠠ᠂ ᠵᠠᠭᠡᠯᠢ᠎ᠳᠤ ᠭᠠᠷᠴᠤ ᠶᠠᠭᠤᠮ᠎ᠠ ᠬᠡᠤᠮ᠎ᠡ ᠢᠯᠡᠬᠦᠭᠡᠨ ᠬᠤᠳᠠᠯᠳᠤᠵᠤ ᠠᠪᠤᠶ᠎ᠠ》ᠭᠡᠬᠦ᠎ᠳᠤ ᠨᠢ ᠪᠢ ᠴᠸ᠋ ᠶᠡᠬᠡ ᠬᠦᠭᠰᠡᠵᠤ᠂ ᠦᠪᠡᠷ᠎ᠤᠨ ᠬᠠᠮᠤᠭ᠎ᠤᠨ ᠳᠤᠷᠠᠲᠠᠢ ᠫᠤᠤᠵᠢᠩ᠎ᠢᠶᠡᠨ ᠠᠪᠬᠤ᠎ᠪᠠᠷ ᠰᠡᠭᠦᠯᠳᠡᠨ ᠳᠠᠭᠠᠪᠠ᠃

ᠬᠦᠰᠡᠭᠡᠳ ᠤᠳᠠᠭ᠍ᠰᠠᠨ ᠪᠢᠲᠡᠬᠦᠨ᠎ᠤ ᠰᠦᠨᠢ ᠬᠦᠷᠴᠤ ᠢᠷᠡᠯ᠎ᠡ᠃ ᠪᠢ ᠬᠤᠭᠤᠯᠠ᠎ᠪᠠᠨ ᠢᠳᠡᠵᠦ᠍ ᠪᠠᠷᠠᠮᠠᠭ᠍ᠴᠠ ᠠᠬ᠎ᠠ᠎ᠲᠠᠢ᠎ᠪᠠᠨ ᠫᠤᠤᠵᠢᠩ ᠲᠠᠯᠪᠢᠬᠤ᠎ᠪᠠᠷ ᠭᠠᠷᠪᠠ᠃ ᠭᠠᠳᠠᠭ᠎ᠠ ᠫᠠᠳ ᠬᠠᠷᠠᠩᠭᠤᠢ᠃ ᠠᠬ᠎ᠠ᠄ 《ᠨᠠᠭᠠᠴᠣ ᠡᠪᠦᠭᠡ ᠶᠣᠰᠤᠲᠠᠢ ᠠᠮᠢᠳᠤᠷᠠᠯ᠎ᠳᠤ᠎ᠪᠠᠨ ᠠᠷᠪᠢᠴᠢ ᠭᠠᠮᠲᠠᠢ ᠬᠦᠮᠥᠨ ᠪᠠᠢᠨ᠎ᠠ᠂ ᠬᠦᠷᠢᠶᠡᠨ᠎ᠳᠤ᠎ᠪᠠᠨ ᠳ᠋ᠧᠩ ᠴᠤ᠌ ᠲᠠᠭᠠᠷᠠᠭᠤᠯᠤᠬᠰᠠᠨ ᠦᠭᠡᠢ ᠁》 ᠭᠡᠵᠦ᠍ ᠳᠦᠳᠦᠨᠡᠭ᠌ᠰᠡᠭᠡᠷ ᠶᠠᠪᠤᠨ᠎ᠠ᠃

ᠳᠡᠩᠳᠡᠭᠦᠦ ᠬᠥᠭ᠌ᠰᠡᠭ᠌ᠰᠡᠨ᠎ᠤ᠎ᠬᠢ ᠪᠢᠵᠡ᠂ ᠪᠢ ᠬᠠᠵᠠᠭᠤ ᠬᠠᠪᠢ᠎ᠪᠠᠷ ᠶᠠᠭᠤ ᠪᠠᠢᠬᠤ ᠵᠢ ᠴᠦ᠍ ᠠᠩᠵᠠᠭᠠᠷᠠᠭ᠍ᠰᠠᠨ ᠦᠭᠡᠢ ᠫᠣᠣᠵᠢᠩ᠎ᠢᠶᠠᠨ ᠲᠠᠯᠪᠢᠵᠤ ᠡᠬᠢᠯᠡᠯ᠎ᠡ᠃ ᠨᠢᠭᠡ ᠫᠤᠤᠵᠢᠩ ᠨᠣᠴᠣᠭᠠᠭᠠᠳ ᠱᠢᠳᠡᠵᠦ᠍ ᠶᠠᠪᠤᠭᠤᠯᠪᠠ᠃ ᠲᠠᠷᠡ ᠫᠤᠤᠵᠢᠩ 《ᠫᠦᠩ》 ᠭᠡᠵᠦ᠍ ᠳᠤᠤᠭᠠᠷᠤᠮᠠᠭ᠍ᠴᠠ ᠨᠢᠭᠡᠨ ᠲᠠᠬᠢᠶᠠᠨ ᠰᠡᠭᠦᠯ ᠳᠡᠭᠡᠷ᠎ᠡ ᠳᠤᠰᠴᠤ᠌ ᠲᠠᠬᠢᠶᠠᠨ ᠰᠠᠭᠦᠯ ᠭᠠᠯ ᠠᠪᠤᠯᠴᠠᠨ ᠦᠷᠪᠢᠰᠦᠨ ᠨᠣᠴᠤᠴᠢᠬᠠᠪᠠ᠃ ᠨᠠᠷᠢᠨ᠎ᠠᠵᠢᠭ᠍ᠯᠠᠪᠠᠯ᠎ᠫᠤᠤᠵᠢᠩ ᠲᠠᠬᠢᠶᠠᠨ ᠡᠭᠦᠷ᠎ᠲᠤ ᠤᠨᠠᠴᠢᠬᠠᠭ᠍ᠰᠠᠨ ᠪᠠᠢᠵᠠᠢ᠃ ᠪᠢ ᠪᠠᠯᠠᠭ ᠠᠯᠳᠠᠨ ᠭᠡᠷ᠎ᠲᠤ ᠭᠦᠶᠦᠵᠦ᠍ ᠣᠷᠣᠨ ᠤᠴᠢᠷ᠎ᠢᠶᠠᠨ ᠬᠡᠯᠡᠪᠡ᠃ ᠨᠠᠭᠠᠴᠤ᠌ ᠡᠪᠦᠭᠡ ᠰᠠᠨᠳᠤᠷᠴᠤ᠌᠄ 《ᠣᠰᠤ ᠠᠪᠤᠭᠠᠳ ᠬᠤᠷᠳᠤᠨ ᠭᠠᠷ》 ᠭᠡᠬᠦ᠎ᠳᠤ᠂ ᠨᠠᠭᠠᠴᠤ᠌ ᠡᠮᠡᠭᠡ ᠮᠢᠨᠢ ᠴᠤ᠌ ᠶᠠᠭᠠᠷᠠᠵᠤ ᠰᠠᠨᠳᠤᠷᠤᠭ᠍ᠰᠠᠨ᠎ᠳᠤ᠎ᠪᠠᠨ ᠭᠠᠵᠠᠷ ᠲᠠᠯᠪᠢᠭᠠᠰᠤᠲᠠᠢ ᠲᠠᠪᠤᠷ᠎ᠡ᠎ᠲᠠᠢ ᠤᠰᠤ᠎ᠪᠠᠨ ᠱᠢᠭᠦᠷᠠᠵᠦ᠍ ᠠᠪᠤᠮᠠᠭ᠍ᠴᠠ ᠭᠠᠷᠴᠤ᠌ ᠭᠦᠶᠦᠯ᠎ᠡ᠃ ᠨᠢᠳᠦ ᠮᠠᠭᠤᠲᠠᠢ ᠨᠠᠭᠠᠴᠤ᠌ ᠡᠮᠡᠭᠡ ᠮᠢᠨᠢ ᠨᠢᠭᠡ ᠲᠠᠬᠢᠶ᠎ᠠ ᠣᠯᠵᠤ ᠦᠵᠡᠩᠭᠦᠲᠡ ᠤᠰᠤ᠎ᠪᠠᠨ ᠱᠢᠭᠤᠳ ᠴᠢᠳᠭᠤᠪᠠ᠃ ᠲᠠᠷᠡ ᠲᠠᠬᠢᠶ᠎ᠠ 《ᠭᠤᠳ᠂ ᠭᠤᠳ ᠁ 》 ᠭᠡᠭ᠌ᠰᠡᠭᠡᠷ ᠠᠭᠤᠷ ᠰᠠᠪᠰᠠᠯᠠᠭᠤᠯᠤᠨ ᠵᠢᠭᠤᠲᠠᠪᠠ᠃ ᠪᠢ᠄《ᠡᠨᠡ ᠭᠠᠯ ᠨᠤᠴᠤᠬᠰᠠᠨ ᠲᠠᠬᠢᠶ᠎ᠠ ᠪᠢᠰᠢ ᠪᠣᠯᠣᠯᠲᠠᠢ ᠁》 ᠬᠡᠬᠦ᠎ᠳᠤ᠂ ᠠᠬ᠎ᠠ᠄ 《ᠪᠠᠷᠠᠯ᠎ᠠ ᠳ᠋ᠠ᠂ ᠲᠠᠷᠡ ᠲᠠᠪᠤᠷ᠎ᠠ ᠲᠠᠢ ᠤᠰᠤ ᠴᠢᠨᠢ ᠮᠢᠨᠤ ᠪᠤᠴᠠᠯᠭᠠᠭ᠍ᠰᠠᠨ ᠤᠰᠤ᠂ ᠬᠠᠯᠠᠭᠤᠨ ᠪᠠᠢᠭ᠍ᠰᠠᠭᠠᠷ ᠱᠢᠤ!》 ᠭᠡᠭ᠌ᠰᠡᠭᠡᠷ ᠶᠠᠭᠤ ᠶᠠᠭᠠᠬᠢᠬᠤ ᠪᠠᠨ ᠤᠯ ᠶᠠᠳᠠᠨ ᠮᠡᠩᠳᠡᠬᠦᠷᠡᠨ᠎ᠡ᠃

ᠨᠠᠭᠠᠴᠤ᠌ ᠡᠪᠦᠭᠡ ᠠᠬ᠎ᠠ ᠪᠢᠳᠡ ᠬᠤᠶᠠᠭᠤᠯᠠ᠎ᠶᠢ ᠳᠠᠭᠠᠭᠤᠯᠤᠨ ᠭᠠᠷ ᠳ᠋ᠧᠩ ᠪᠠᠷᠢᠵᠤ᠂ ᠦᠨᠦ ᠭᠠᠮᠱᠢᠭ᠍ᠳᠠᠭ᠍ᠰᠠᠨ ᠬᠤᠶᠠᠷ ᠲᠠᠬᠢᠶ᠎ᠠ᠎ᠶ᠋ᠢ ᠡᠷᠢᠬᠦ᠌᠎ᠪᠠᠷ ᠭᠠᠷᠪᠠ᠃ ᠨᠢᠭᠡ ᠨᠢ ᠪᠦᠳᠦᠭᠦᠨ ᠴᠢᠯᠠᠭᠤᠨ᠎ᠤ ᠵᠠᠪᠰᠠᠷ᠎ᠲᠤ ᠠᠮᠢ᠎ᠲᠠᠢ ᠠᠮᠢ ᠦᠭᠡᠢ᠎ᠶᠢᠨ ᠬᠤᠭᠤᠷᠤᠨᠳᠤ ᠬᠡᠪᠲᠡᠵᠦ᠍ ᠪᠠᠢᠯ᠎ᠠ᠃ ᠨᠥᠭᠦᠭᠡ ᠲᠠᠬᠢᠶ᠎ᠠ ᠡᠭᠦᠷ ᠳᠤᠲᠤᠷ᠎ᠠ᠎ᠪᠠᠨ ᠬᠦᠳᠡᠯᠦᠯ ᠦᠭᠡᠢ ᠬᠡᠪᠲᠡᠵᠦ᠍ ᠪᠠᠢᠪᠠ᠃ ᠬᠥᠭᠡᠷᠦᠬᠦᠢ ᠬᠤᠶᠠᠷ ᠲᠠᠬᠢᠶ᠎ᠠ ᠮᠠᠨᠢ ᠱᠢᠨ᠎ᠡ ᠵᠢᠯ᠎ᠤᠨ ᠨᠠᠷᠠ᠎ᠶ᠋ᠢ ᠣᠯᠵᠤ ᠬᠠᠷᠠᠭ᠍ᠰᠠᠨ ᠦᠭᠡᠢ ᠲᠡᠷᠡ ᠰᠦᠨᠢ᠎ᠳᠤ ᠪᠠᠨ ᠦᠬᠦᠪᠡ᠃

ᠠᠢ᠂ ᠪᠦᠷ ᠫᠤᠤᠵᠢᠩ᠎ᠤᠨ ᠤᠷᠱᠢᠭ ᠡ᠂ ᠴᠢᠨᠠᠬᠰᠢ ᠨᠢᠬᠳᠠᠯᠠᠪᠠᠯ ᠮᠢᠨᠦ ᠴᠸ᠋ ᠤᠷᠰᠢᠭ ᠡ᠂ ᠪᠢ ᠬᠡᠷᠪᠡ ᠬᠢᠴᠢᠶᠡᠮᠵᠢᠳᠡᠢ ᠪᠠᠢᠬᠰᠠᠨ ᠪᠤᠯ ᠡᠨᠡ ᠬᠦ᠌ ᠪᠠᠢᠳᠠᠯ ᠡᠴᠡ ᠵᠠᠢᠯᠠᠰᠬᠢᠵᠤ ᠪᠤᠯᠬᠤ ᠪᠠᠢᠬᠰᠠᠨ᠃ ᠦᠨᠦ ᠵᠢᠯ᠎ᠤᠨ ᠴᠠᠭᠠᠨ ᠰᠠᠷ᠎ᠠ ᠪᠢ ᠨᠢᠭᠡ ᠫᠤᠦᠵᠢᠨᠭ ᠴᠸ᠋ ᠲᠠᠯᠪᠢᠬᠤ ᠦᠭᠡᠢ᠂ ᠠᠮᠤᠷ ᠲᠠᠢᠪᠦᠨᠭ ᠰᠢᠨᠡᠯᠡᠨ᠎ᠡ ᠳ᠋ᠠ᠃

ᠵᠢᠯᠤᠭᠤᠳᠤᠬᠰᠠᠨ ᠪᠠᠬᠰᠢ᠄ ᠤᠶᠤᠨᠽᠠᠨᠪᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号