ᠤᠳᠤᠩᠭᠤᠸ᠎ᠠ ᠪᠠᠬᠰᠢ᠎ᠶᠢᠨ ᠤᠷᠠᠨ ᠠᠷᠭ᠎ᠠ
2021-12-06 16:48:41
ᠵᠣᠬᠢᠶᠠᠭ᠍ᠴᠢ᠄
ᠴᠤᠯᠮᠤᠨ
ᠣᠩᠱᠢᠭ᠍ᠰᠠᠨ ᠣᠳᠠᠭ᠎ᠠ᠄
★★★☆☆

ᠵᠤᠬᠢᠶᠠᠨ ᠪᠢᠴᠢᠯᠭᠡ ᠪᠤᠯ ᠰᠤᠷᠤᠭ᠍ᠴᠢᠳ᠎ᠤᠨ ᠴᠢᠬᠤᠯᠠ ᠰᠤᠷᠬᠤ ᠠᠭᠤᠯᠭ᠎ᠠ ᠶᠤᠮ᠃ ᠡᠭᠦᠨ ᠳ᠋ᠤ ᠵᠤᠬᠢᠶᠠᠯ᠎ᠢᠶᠠᠨ ᠬᠡᠷᠬᠢᠨ ᠰᠠᠢᠬᠠᠨ ᠪᠢᠴᠢᠬᠦ᠌ ᠪᠤᠢ?ᠭᠡᠳᠡᠭ ᠪᠤᠯ ᠪᠠᠭ᠍ᠰᠢ ᠰᠤᠷᠤᠭ᠍ᠴᠢᠳ᠎ᠲᠤ ᠨᠡᠢᠳᠡᠮ ᠲᠤᠯᠭᠠᠷᠠᠳᠠᠭ ᠠᠰᠠᠭᠤᠳᠠᠯ ᠪᠤᠯᠤᠨ᠎ᠠ᠃ ᠠᠷᠤ ᠬᠤᠷᠴᠢᠨ ᠬᠤᠱᠢᠭᠤᠨ ᠎ᠤ ᠬᠠᠨ ᠠᠭᠤᠯᠠ ᠪᠠᠭ᠎ᠠ ᠰᠤᠷᠭᠠᠭᠤᠯᠢ᠎ᠶ᠋ᠢᠨ ᠤᠳᠤᠩᠭᠤᠸ᠎ᠠ ᠪᠠᠭ᠍ᠰᠢ ᠪᠤᠯ ᠰᠤᠷᠤᠭ᠍ᠴᠢᠳ ᠲᠸ᠋ ᠵᠤᠬᠢᠶᠠᠨ ᠪᠢᠴᠢᠯᠭᠡ ᠵᠢᠭᠠᠬᠤ ᠳ᠋ᠸ᠋᠎ᠪᠠᠨ ᠦᠪᠡᠷᠮᠢᠴᠡ ᠠᠷᠭ᠎ᠠ᠎ᠲᠠᠢ ᠨᠢᠭᠡᠨ ᠶᠤᠮ᠃ ᠰᠤᠷᠤᠭᠴᠢ ᠰᠠᠷᠭᠠᠢ ᠨᠢ ᠬᠤᠶᠠᠷ ᠵᠢᠯ ᠳᠠᠷᠠᠭᠠᠯᠠᠨ ᠤᠷᠤᠨ᠎ᠤ ᠳᠡᠰ᠎ᠤᠨ ᠵᠤᠬᠢᠶᠠᠨ ᠪᠢᠴᠢᠯᠭᠡ᠎ᠶᠢᠨ ᠤᠷᠤᠯᠳᠤᠭᠠᠨ᠎ᠳᠤ ᠲᠡᠷᠢᠬᠦᠯᠡᠵᠦ᠍ ᠪᠠᠢᠭ᠍ᠰᠠᠨ ᠪᠢᠯᠡ᠃

ᠤᠳᠤᠩᠭᠤᠸ᠎ᠠ 1999 ᠤᠨ᠎ᠳᠤ ᠠᠵᠢᠯ᠎ᠤᠨ ᠭᠠᠷᠤᠭ᠎ᠠ᠎ᠪᠠᠨ ᠠᠪᠴᠤ᠌ ᠤᠳᠤ ᠨᠢᠭᠡᠨᠲᠠ ᠪᠦᠬᠦᠯᠢ 22 ᠵᠢᠯ ᠪᠤᠯᠵᠡᠢ᠃ 《ᠠᠵᠢᠯ᠎ᠳᠤ ᠳᠠᠳᠤᠯᠭ᠎ᠠ᠂ ᠠᠴᠢᠶᠠᠨ᠎ᠳᠤ ᠲᠠᠳᠠᠯᠠᠭ᠎ᠠ》 ᠭᠡᠳᠡᠭ ᠎ᠢᠶᠠᠷ ᠡᠳᠡᠭᠡᠷ ᠵᠢᠯ ᠳ᠋ᠤ ᠲᠡᠷᠡ ᠨᠠᠢ᠍ᠮᠠᠨ ᠮᠤᠵᠢ ᠤᠷᠤᠨ᠂ ᠦᠪᠡᠷᠲᠡᠭᠡᠨ ᠵᠠᠰᠠᠬᠤ ᠤᠷᠤᠨ᠎ᠤ ᠳᠡᠰ᠎ᠤᠨ ᠤᠷᠠᠨ ᠵᠤᠬᠢᠶᠠᠯ᠎ᠤᠨ ᠰᠢᠯᠢᠳᠡᠭ ᠵᠢᠯᠤᠭᠤᠳᠤᠭ᠍ᠴᠢ ᠪᠠᠭ᠍ᠰᠢ᠎ᠶ᠋ᠢᠨ ᠱᠠᠩᠨᠠᠯ᠎ᠢ ᠤᠯᠠᠨᠲᠠ ᠬᠦᠷᠲᠡᠭᠰᠡᠭᠡᠷ ᠢᠷᠡᠵᠡᠢ᠃

— ᠪᠢ ᠠᠩᠬᠢ᠎ᠶ᠋ᠢᠨ ᠰᠤᠷᠤᠭ᠍ᠴᠢᠳ᠎ᠤᠨ᠎ᠢᠶᠠᠨ ᠵᠤᠬᠢᠶᠠᠨ ᠪᠢᠴᠢᠯᠭᠡ ᠵᠢ ᠵᠢᠯᠤᠭᠤᠳᠭᠤ ᠎ᠳᠤ ᠡᠩ ᠲᠡᠷᠢᠭᠦᠨ᠎ᠳᠤ ᠶᠠᠷᠢᠵᠤ ᠢᠯᠡᠳᠭᠡᠬᠦ᠌ ᠴᠢᠳᠠᠪᠤᠷᠢ᠎ᠶ᠋ᠢ ᠬᠦᠮᠦᠵᠢᠭᠦᠯᠬᠦ᠌ ᠪᠠ ᠤᠩᠱᠢᠯᠭ᠎ᠠ᠎ᠶᠢᠨ ᠬᠤᠷᠠᠮᠳᠤᠭᠤᠯᠤᠯ ᠬᠢᠬᠦ᠌᠎ᠶ᠋ᠢ ᠮᠠᠰᠢ ᠴᠢᠬᠤᠯᠠᠴᠢᠯᠠᠳᠠᠭ ᠭᠡᠵᠦ᠍ ᠤᠳᠤᠩᠭᠤᠸ᠎ᠠ ᠪᠠᠭ᠍ᠰᠢ ᠨᠢᠭᠤᠴᠠ᠎ᠪᠠᠨ ᠳᠡᠯᠭᠡᠯ᠎ᠠ᠃

《ᠲᠦᠮᠡᠨ ᠶᠠᠪᠤᠳᠠᠯ᠎ᠤᠨ ᠲᠦᠷᠦᠬᠦᠦ ᠠᠯᠬᠤᠮ᠎ᠨᠢ ᠬᠦᠴᠢᠷ》ᠭᠡᠳᠡᠭ᠎ᠢᠶᠡᠷ᠂ ᠤᠳᠤᠩᠭᠤᠸ᠎ᠠ ᠪᠠᠭ᠍ᠰᠢ ᠮᠠᠨᠢ ᠰᠤᠷᠤᠭ᠍ᠴᠢᠳ᠎ᠢ ᠨᠢᠭᠡᠳᠦᠭᠡᠷ ᠤᠨ᠎ᠳᠤ ᠠᠩᠬ᠎ᠠ ᠢᠷᠡᠩᠭᠦᠲᠡ ᠦᠭᠡ᠎ᠪᠠᠨ ᠤᠷᠤᠰᠤᠮ᠎ᠠ ᠲᠤᠳᠤ᠂ ᠡᠮᠬᠢ ᠳᠠᠷᠠᠭ᠎ᠠ᠎ᠲᠠᠢ ᠬᠡᠯᠡᠵᠦ᠍᠂ ᠪᠤᠳᠤᠭ᠍ᠰᠠᠨ ᠰᠠᠨᠠᠭ᠍ᠰᠠᠨ᠎ᠢᠶᠠᠨ ᠡᠪᠯᠢᠭ ᠰᠠᠢᠬᠠᠨ ᠶᠠᠷᠢᠵᠤ ᠴᠢᠳᠠᠬᠤ᠎ᠶ᠋ᠢ ᠴᠢᠬᠤᠯᠠᠴᠢᠯᠠᠨ ᠵᠢᠯᠤᠭᠤᠳᠳᠠᠭ᠃ ᠵᠠᠯᠭᠠᠭᠠᠳ ᠪᠦᠬᠦᠯᠢ ᠦᠰᠦᠭ ᠨᠢᠳᠦᠯᠡᠵᠦ᠍ ᠪᠢᠴᠢᠵᠦ᠍ ᠴᠢᠳᠠᠬᠤ ᠪᠤᠯᠤᠭ᠍ᠰᠠᠨ᠎ᠠᠴᠠ ᠦᠭᠡ ᠬᠤᠯᠪᠤᠵᠤ ᠦᠭᠦᠯᠡᠪᠦᠷᠢ ᠵᠤᠬᠢᠶᠠᠬᠤ ᠪᠤᠯᠪᠠᠰᠤᠷᠠᠯ᠎ᠢ ᠴᠢᠩᠭ᠎ᠠ ᠠᠳᠭᠤᠳᠠᠭ᠃ ᠳᠠᠷᠠᠭ᠎ᠠ᠎ᠪᠠᠷ᠎ᠨᠢ ᠡᠳᠦᠷ᠎ᠤᠨ ᠲᠡᠮᠳᠡᠭ᠌ᠯᠡᠯ ᠪᠢᠴᠢᠭᠦᠯᠳᠡᠭ᠃ ᠰᠤᠷᠤᠭᠴᠢᠳ ᠡᠳᠦᠷ᠎ᠤᠨ ᠲᠡᠮᠳᠡᠭ᠌ᠯᠡᠯ ᠪᠢᠴᠢᠬᠦ᠌᠎ᠳᠤ ᠡᠬᠢᠯᠡᠩᠭᠦᠲᠡ ᠨᠢᠭᠡ ᠦᠭᠦᠯᠡᠪᠦᠷᠢ ᠪᠤᠶᠤ ᠬᠡᠳᠦᠨ ᠦᠭᠦᠯᠡᠪᠦᠷᠢ᠎ᠪᠠᠷ ᠳᠦᠭᠦᠮᠬᠡᠨ ᠪᠢᠴᠢᠬᠦ᠌᠎ᠶ᠋ᠢ ᠵᠤᠷᠢᠭ᠍ᠵᠢᠭᠤᠯᠳᠠᠭ ᠪᠤᠯ ᠰᠡᠭᠦᠯᠳᠡᠵᠦ᠍ ᠢᠷᠡᠭᠡᠳ ᠡᠳᠦᠷ᠎ᠤᠨ ᠲᠡᠮᠳᠡᠭ᠌ᠯᠡᠯ᠎ᠢᠶᠠᠨ ᠬᠡᠰᠡᠭ᠌ᠯᠡᠯ ᠪᠤᠶᠤ ᠤᠬᠤᠷ ᠵᠤᠬᠢᠶᠠᠯ᠎ᠤᠨ ᠬᠡᠯᠪᠡᠷᠢ᠎ᠪᠠᠷ ᠭᠠᠷᠴᠠᠭᠯᠠᠨ ᠪᠢᠴᠢᠬᠦ ᠵᠢ ᠱᠠᠭᠠᠷᠳᠠᠳᠠᠭ᠃ ᠡᠭᠦᠨ᠎ᠠᠴᠠ ᠭᠠᠳᠠᠨ᠎ᠠ ᠵᠠᠷᠢᠮ ᠰᠤᠷᠤᠭ᠍ᠰᠠᠨ ᠬᠢᠴᠢᠶᠡᠯ ᠎ᠳᠤ ᠎ᠪᠠᠨ ᠠᠭᠤᠯᠭ᠎ᠠ ᠎ᠶ᠋ᠢᠨ ᠵᠠᠯᠭᠠᠮᠵᠢ ᠪᠢᠴᠢᠭᠦᠯᠳᠡᠭ᠃ ᠭᠤᠷᠪᠠ ᠳᠦᠷᠪᠡᠳᠦᠭᠡᠷ ᠤᠨ ᠪᠤᠯᠪᠠᠯ ᠳᠦᠭᠦᠮ ᠬᠡᠯᠪᠡᠷᠢ᠎ᠶ᠋ᠢᠨ ᠲᠡᠮᠳᠡᠭ᠌ᠯᠡᠨ ᠲᠤᠭᠠᠴᠢᠭ᠍ᠰᠠᠨ ᠵᠤᠬᠢᠶᠠᠯ ᠪᠤᠶᠤ ᠨᠤᠮ ᠤᠩᠱᠢᠭ᠍ᠰᠠᠨ ᠲᠦᠷᠦᠭ᠌ᠳᠡᠯ ᠪᠢᠴᠢᠭᠦᠯᠵᠦ᠂ ᠡᠭᠦᠨ᠎ᠳᠤ ᠰᠠᠷᠭᠠᠢ ᠮᠡᠲᠦ᠍᠎ᠶ᠋ᠢᠨ ᠤᠷᠠᠨ ᠵᠤᠬᠢᠶᠠᠯ ᠳ᠋ᠤ ᠠᠪᠬᠠᠯᠵᠢ ᠰᠠᠢᠳᠠᠢ ᠰᠤᠷᠤᠭ᠍ᠴᠢᠳ᠎ᠢ ᠪᠤᠯ ᠪᠤᠰᠤᠳ᠎ᠠᠴᠠ ᠵᠢᠭᠠᠬᠠᠨ ᠭᠦᠨ ᠱᠢᠭ ᠠᠭᠤᠯᠭ᠎ᠠ᠎ᠲᠠᠢ ᠰᠡᠳᠦᠪ ᠪᠢᠴᠢᠵᠦ᠍ ᠤᠷᠤᠯᠳᠤᠬᠤ᠎ᠶ᠋ᠢ ᠵᠤᠷᠢᠭ᠍ᠵᠢᠭᠤᠯᠳᠠᠭ᠃

— ᠵᠤᠬᠢᠶᠠᠨ ᠪᠢᠴᠢᠯᠭᠡ ᠵᠢᠯᠤᠭᠤᠳᠭᠤ᠎ᠳᠤ ᠤᠷᠮᠠᠱᠢᠭᠤᠯᠤᠯ ᠲᠤᠩ ᠴᠢᠬᠤᠯᠠ ᠪᠠᠢᠳᠠᠭ᠃ ᠠᠩᠬᠢ᠎ᠶ᠋ᠢᠨ ᠰᠤᠷᠤᠭ᠍ᠴᠢᠳ᠎ᠤᠨ᠎ᠢᠶᠠᠨ ᠰᠠᠢᠬᠠᠨ ᠪᠢᠴᠢᠭ᠌ᠰᠡᠨ ᠵᠤᠬᠢᠶᠠᠯ᠎ᠢ ᠬᠠᠷᠢᠯᠴᠠᠨ ᠤᠩᠱᠢᠨ ᠰᠤᠨᠢᠷᠬᠠᠭᠤᠯᠬᠤ᠂ ᠳᠡᠯᠭᠡᠨ ᠦᠵᠡᠭᠦᠯᠭᠡ ᠬᠢᠬᠦ᠌ ᠭᠡᠬᠦ᠌ ᠮᠡᠲᠦ᠍᠎ᠶ᠋ᠢᠨ ᠠᠷᠭ᠎ᠠ᠎ᠶ᠋ᠢ ᠳᠠᠩᠳᠠ ᠬᠡᠷᠡᠭ᠌ᠯᠡᠳᠡᠭ  ᠪᠤᠯᠬᠤᠷ ᠰᠤᠷᠤᠭ᠍ᠴᠢᠳ ᠦᠪᠡᠷ᠎ᠤᠨ ᠬᠢᠨᠢ ᠪᠢᠴᠢᠭ᠌ᠰᠡᠨ ᠵᠤᠬᠢᠶᠠᠯ᠎ᠢ᠎ᠨᠢ ᠪᠠᠭ᠍ᠰᠢ᠎ᠠᠴᠠ ᠤᠯᠠᠨ᠎ᠳᠤ ᠤᠩᠱᠢᠨ ᠰᠣᠨᠢᠷᠬᠠᠭᠤᠯᠬᠤ ᠪᠤᠶᠤ ᠤᠯᠠᠨ᠎ᠤ ᠳᠤᠮᠳᠠ ᠳᠡᠯᠭᠡᠨ ᠦᠵᠡᠭᠦᠯᠭᠡ ᠬᠢᠬᠦ᠌᠎ᠶ᠋ᠢ ᠬᠦᠰᠡᠵᠦ ᠵᠤᠬᠢᠶᠠᠯ᠎ᠢᠶᠠᠨ ᠴᠢᠨᠠᠷᠯᠢᠭ ᠰᠠᠢᠬᠠᠨ ᠪᠢᠴᠢᠬᠦ᠌ ᠪᠠᠷ ᠴᠢᠷᠮᠠᠢᠳᠠᠭ᠃ ᠢᠩᠭᠢᠪᠡᠯ ᠰᠤᠷᠤᠭ᠍ᠴᠢᠳ ᠡᠳᠦᠷ᠎ᠤᠨ ᠤᠳᠠᠭᠠᠨ᠎ᠳᠤ᠎ᠪᠠᠨ ᠪᠤᠯᠪᠠᠰᠤᠷᠠᠩᠭᠤᠢ ᠪᠢᠴᠢᠵᠦ᠍ ᠴᠢᠳᠠᠳᠠᠭ ᠭᠡᠵᠦ᠍ ᠤᠳᠤᠩᠭᠤᠸ᠎ᠠ ᠪᠠᠭ᠍ᠰᠢ ᠶᠠᠷᠢᠪᠠ᠃

ᠤᠳᠤᠩᠭᠤᠸ᠎ᠠ ᠪᠠᠭᠰᠢ ᠡᠴᠡ ᠰᠤᠷᠤᠭᠴᠢᠳ᠎ᠢᠶᠡᠨ ᠨᠤᠮ ᠢᠯᠡᠭᠦᠤ ᠤᠩᠰᠢᠬᠤ ᠵᠢ ᠵᠤᠷᠢᠭᠵᠢᠭᠤᠯᠳᠠᠭ᠃ ᠨᠤᠮ ᠰᠠᠢᠨ ᠤᠩᠱᠢᠬᠤ᠎ᠨᠢ ᠰᠤᠷᠤᠭ᠍ᠴᠢᠳ᠎ᠤᠨ ᠬᠡᠯᠡᠨ᠎ᠤ ᠮᠡᠳᠡᠷᠡᠮᠵᠢ᠎ᠶ᠋ᠢ ᠳᠡᠭᠡᠭ᠌ᠰᠢᠯᠡᠭᠦᠯᠦᠨ ᠦᠭᠡᠰ᠎ᠤᠨ ᠰᠠᠩ᠎ᠢ ᠪᠠᠶᠠᠯᠢᠭ᠍ᠵᠢᠭᠤᠯᠵᠤ᠂ ᠬᠠᠷᠠᠭ᠎ᠠ᠎ᠶ᠋ᠢ᠎ᠨᠢ ᠦᠷᠭᠡᠳᠭᠡᠨ ᠮᠡᠳᠡᠯᠭᠡ᠎ᠶ᠋ᠢᠨ ᠬᠡᠪᠴᠢᠶ᠎ᠡ᠎ᠶ᠋ᠢ᠎ᠨᠢ ᠳᠡᠯᠡᠵᠦ᠍ ᠤᠷᠮ᠎ᠠ ᠰᠡᠳᠭᠢᠯᠭᠡ᠎ᠶ᠋ᠢᠨ ᠲᠠᠯ᠎ᠠ᠎ᠪᠠᠷ ᠪᠢᠯᠬᠠᠮ᠎ᠠ ᠪᠤᠯᠵᠤ ᠬᠡᠯᠡ ᠨᠠᠢᠷᠠᠭᠤᠯᠭ᠎ᠠ᠎ᠶ᠋ᠢᠨ ᠲᠠᠯ᠎ᠠ᠎ᠪᠠᠷ ᠵᠢᠯᠤᠭᠤᠳᠤᠮᠵᠢ ᠪᠤᠯᠳᠠᠭ᠃ ᠲᠡᠷᠡ ᠪᠠᠰᠠ ᠨᠤᠮ ᠤᠩᠱᠢᠯᠭ᠎ᠠ᠎ᠳᠤ ᠬᠤᠷᠠᠮᠳᠤᠭᠤᠯᠤᠯ ᠬᠢᠬᠦ᠌ ᠲᠤᠩ ᠴᠢᠬᠤᠯᠠ ᠭᠡᠵᠦ ᠪᠠᠢᠯ᠎ᠠ᠃ ᠳᠠᠷᠤᠢ ᠰᠤᠷᠤᠭᠴᠢᠳ ᠨᠤᠮ ᠤᠩᠱᠢᠯᠭ᠎ᠠ᠎ᠶ᠋ᠢᠨ ᠳᠤᠮᠳᠠ᠎ᠠᠴᠠ ᠦᠪᠡᠷ᠎ᠤᠨ ᠲᠤᠭᠤᠵᠤ ᠪᠠᠭ᠍ᠠᠷᠬᠠᠭ᠍ᠰᠠᠨ ᠬᠡᠰᠡᠭ ᠪᠠᠳᠠᠭ᠂ ᠮᠡᠳᠡᠯᠭᠡ᠎ᠶ᠋ᠢᠨ ᠴᠡᠭ᠂ ᠭᠤᠢᠳᠠ ᠰᠠᠢᠬᠠᠨ ᠳᠦᠷᠰᠦᠯᠡᠯ ᠵᠦᠢᠷᠯᠡᠯ ᠵᠡᠷᠭᠡ ᠪᠡᠨ ᠲᠡᠮᠳᠡᠭ᠌ᠯᠡᠯ ᠳᠡᠭᠡᠷ᠎ᠡ᠎ᠪᠠᠨ ᠲᠠᠮᠳᠡᠭ᠌ᠯᠡᠵᠦ᠍ ᠦᠪᠡᠷ᠎ᠤᠨ᠎ᠢᠶᠠᠨ ᠪᠤᠯᠭᠠᠨ ᠡᠵᠡᠮᠰᠢᠵᠦ᠂ ᠬᠤᠢᠱᠢᠳᠠ᠎ᠶ᠋ᠢᠨ ᠵᠤᠬᠢᠶᠠᠨ ᠪᠢᠴᠢᠯᠭᠡ᠎ᠳᠤ᠎ᠪᠠᠨ ᠠᠰᠢᠭᠯᠠᠬᠤ ᠨᠢ ᠲᠤᠩ ᠠᠰᠢᠭᠳᠠᠢ ᠭᠡᠵᠦ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号