ᠡᠷᠳᠡ ᠤᠷᠢᠳᠤᠶᠢᠨ ᠴᠠᠭᠲᠦ᠂ ᠲᠠᠤᠯᠠᠢ ᠪᠠ ᠦᠬᠡᠷ ᠬᠥᠷᠰᠢ ᠰᠠᠭᠠᠬᠠᠯᠲᠠ ᠰᠠᠭᠤᠵᠤ ᠡᠶ᠎ᠡ ᠨᠠᠢᠷᠲᠠᠢ ᠠᠮᠢᠳᠤᠷᠠᠵᠤ ᠪᠠᠢᠪᠠ᠃ ᠦᠬᠡᠷ ᠠᠵᠢᠯᠴᠢ ᠬᠥᠳᠡᠯᠮᠦᠷᠢᠴᠢ᠂ ᠲᠠᠤᠯᠠᠢ ᠪᠤᠰᠢᠭᠤ ᠱᠠᠯᠠᠮᠠᠭᠠᠢ ᠪᠤᠯᠬᠤᠷ ᠬᠤᠶᠠᠭᠤᠯᠠ ᠪᠦᠷ ᠨᠡᠯᠢᠶᠡᠳ ᠳᠠᠩᠰᠤᠭ ᠠᠮᠢᠳᠤᠷᠠᠵᠦ ᠪᠠᠢᠵᠠᠢ᠃
ᠨᠢᠭᠡᠨ ᠡᠳᠦᠷ ᠬᠤᠯᠠ ᠭᠦᠶᠦᠬᠦ ᠳ᠋ᠤ ᠪᠠᠨ ᠴᠢᠳᠠᠮᠠᠭᠠᠢ ᠲᠠᠤᠯᠠᠢ ᠮᠠᠨᠢ ᠦᠬᠡᠷᠦᠨ ᠳᠡᠷᠭᠡᠳᠡ ᠬᠦᠷᠴᠦ᠄ 《ᠪᠢ ᠪᠣᠯ ᠠᠮᠢᠳᠠᠨᠤ ᠶᠢᠷᠲᠢᠨᠴᠦᠳᠡᠬᠢ ᠬᠤᠯᠠ ᠭᠦᠶᠦᠯᠲᠡᠶᠢᠨ ᠮᠠᠩᠯᠠᠢ᠂ ᠬᠡᠨᠴᠦ ᠨᠠᠮ᠎ᠠ ᠵᠢ ᠳᠠᠪᠠᠵᠤ ᠳᠡᠢᠯᠬᠦ ᠦᠭᠡᠢ!》ᠭᠡᠮᠡᠨ ᠮᠠᠵᠤᠤᠯᠠᠪᠠ᠃ ᠦᠬᠡᠷ ᠳᠠᠷᠤᠤ ᠬᠢᠴᠢᠶᠡᠩᠭᠦᠶᠪᠡᠷ ᠰᠤᠷᠭᠠᠯ ᠬᠦᠰᠡᠵᠦ᠂ ᠲᠠᠤᠯᠠᠢ ᠡᠴᠡ ᠬᠣᠯᠠ ᠭᠦᠶᠦᠬᠦ ᠠᠷᠭ᠎ᠠ ᠪᠠᠨ ᠵᠢᠭᠠᠬᠤ ᠪᠤᠯᠪᠠᠤ ᠭᠡᠮᠡᠨ ᠭᠤᠶᠤᠵᠠᠢ᠃ ᠲᠠᠤᠯᠠᠢ ᠬᠠᠷᠢᠨ ᠣᠮᠣᠷᠬᠠᠭ ᠪᠠᠷᠳᠠᠮ ᠠᠭᠠᠰᠢᠯᠠᠵᠤ᠄ 《ᠬᠣᠯᠠ ᠭᠦᠶᠦᠬᠦ ᠴᠢᠳᠠᠪᠤᠷᠢ ᠪᠤᠯ ᠲᠥᠷᠥᠯᠬᠢ ᠠᠪᠢᠶᠠᠰ᠂ ᠰᠤᠷᠴᠤ ᠳᠡᠢᠯᠬᠦ ᠦᠭᠡᠢ᠂ ᠶᠡᠷᠦᠨᠢ ᠲᠡᠭᠡᠭᠡᠳ ᠬᠣᠯᠠ ᠭᠦᠶᠦᠬᠦᠳᠦ ᠬᠦᠩᠭᠡᠨ ᠱᠠᠯᠠᠮᠠᠭᠠᠢ ᠪᠠᠢᠬᠤ ᠬᠡᠷᠡᠭᠳᠡᠢ᠂ ᠬᠦᠳᠡᠷ ᠪᠦᠳᠦᠭᠦᠨ ᠪᠡᠶ᠎ᠡ ᠲᠠᠢ ᠳᠦᠷᠦᠭᠰᠡᠨ ᠴᠢ ᠬᠡᠵᠢᠶᠡᠳᠡ ᠬᠤᠷᠳᠤᠨ ᠭᠦᠶᠦᠵᠦ ᠳᠡᠢᠯᠬᠦ ᠥᠬᠡᠶ ᠪᠠᠢᠬ᠎ᠠ》 ᠭᠡᠳ ᠳᠤᠯᠤᠭᠠᠢ ᠰᠡᠭᠰᠦᠷᠴᠡᠢ᠃
ᠦᠬᠡᠷᠭᠤᠸᠠᠢ ᠲᠠᠤᠯᠠᠢᠶᠢᠨ ᠬᠡᠯᠡᠬᠦ ᠵᠢ ᠰᠤᠨᠤᠰᠤᠭᠠᠳ ᠵᠢᠭᠠᠬᠠᠨ ᠰᠡᠳᠬᠢᠯ ᠬᠦᠷᠦᠭᠰᠡᠨ ᠪᠤᠯᠪᠠᠴᠤ ᠭᠤᠷᠢ ᠳᠠᠰᠤᠷᠠᠭᠰᠠᠨ ᠦᠭᠡᠢ᠃ ᠳᠡᠭᠡᠭᠡᠳ ᠦᠬᠡᠷ ᠰᠢᠨᠳᠠᠷᠠᠰᠢ ᠦᠭᠡᠢ ᠵᠤᠷᠢᠭᠢᠶᠡᠷ ᠡᠳᠦᠷᠵᠢᠨ ᠬᠣᠯᠠ ᠭᠦᠶᠦᠬᠦᠶᠢ ᠪᠣᠯᠪᠠᠰᠤᠷᠠᠵᠤ ᠡᠬᠢᠯᠡᠪᠡ᠃ ᠡᠴᠦᠰ ᠲᠸ᠋ ᠪᠠᠨ ᠦᠭᠡᠷ ᠲᠡᠮᠦᠷ ᠮᠡᠳᠦ ᠬᠠᠳᠠᠭᠤ ᠲᠤᠭᠤᠷᠠᠢ᠂ ᠬᠡᠳᠦᠨ ᠰᠦᠨᠢ ᠬᠡᠳᠦᠨ ᠡᠳᠦᠷ ᠬᠦᠶᠦᠭᠰᠡᠨᠴᠤ ᠶᠠᠳᠠᠷᠠᠬᠤ ᠦᠭᠡᠢ ᠳᠡᠰᠪᠦᠷᠢ ᠳᠡᠪᠴᠢᠶᠡᠷᠢ ᠲᠠᠢ ᠪᠤᠯᠤᠭᠰᠠᠨ ᠭᠡᠨ᠎ᠡ᠃
ᠤᠳᠠᠯ ᠦᠭᠡᠢ᠂ ᠬᠤᠷᠮᠤᠰᠲᠠ ᠲᠡᠭᠷᠢ ᠡᠴᠡ ᠠᠷᠪᠠᠨ ᠬᠣᠶᠠᠷ ᠵᠢᠯᠢ ᠵᠢᠭᠰᠠᠭᠠᠬᠤ ᠡᠳᠦᠷᠢ ᠳᠤᠭᠳᠠᠵᠠᠢ᠃ ᠳᠡᠭᠡᠭᠡᠳ《ᠬᠡᠨ ᠤᠷᠢᠳᠠᠪᠠᠷ ᠳᠡᠭᠷᠢᠶᠢᠨ ᠤᠷᠳᠤᠨᠳᠦ ᠬᠦᠷᠪᠡᠯ ᠲᠡᠭᠦᠨᠢ ᠠᠷᠪᠠᠨ ᠬᠣᠶᠠᠷ ᠵᠢᠯᠳᠦ ᠤᠷᠤᠭᠤᠯᠤᠨ᠎ᠠ》 ᠭᠡᠮᠡᠨ ᠵᠠᠷᠯᠠᠪᠠ᠃ ᠦᠬᠡᠷ ᠲᠠᠤᠯᠠᠢ ᠬᠤᠶᠠᠷ 《ᠳᠠᠬᠢᠶ᠎ᠠ ᠳᠤᠤᠭᠠᠷᠤᠮᠠᠭᠴᠠ ᠪᠣᠰᠴᠤ᠂ ᠰᠢᠭᠤᠳ ᠲᠩᠷᠢᠶᠢᠨ ᠣᠷᠳᠣᠨᠳᠤ ᠬᠦᠷᠦᠶ᠎ᠡ》 ᠭᠡᠮᠡᠨ ᠪᠤᠯᠵᠤᠪᠠ᠃ ᠮᠠᠷᠭᠠᠰᠢ ᠨᠢ ᠳᠠᠬᠢᠶ᠎ᠠ ᠳᠤᠤᠭᠠᠷᠤᠭᠠᠳ ᠦᠬᠡᠷ ᠪᠣᠰᠬᠤ ᠦᠶᠡᠰ ᠲᠠᠤᠯᠠᠢ ᠠᠯᠢ ᠡᠷᠲᠡ ᠶᠠᠪᠤᠴᠢᠬᠠᠭᠰᠠᠨ ᠪᠠᠢᠯ᠎ᠠ᠃ ᠲᠠᠤᠯᠠᠢ ᠨᠡᠯᠢᠶᠡᠳ ᠬᠤᠯᠠ ᠭᠦᠶᠦᠭᠡᠳ ᠡᠷᠭᠢᠵᠦ ᠬᠠᠷᠠᠪᠠᠯ ᠠᠷᠤ ᠳ᠋ᠤ ᠨᠢ ᠶᠠᠮᠠᠷᠴᠤ ᠠᠮᠢᠲᠠᠨᠤ ᠪᠠᠷ᠎ᠠ ᠬᠠᠷᠠᠭᠳᠠᠭᠰᠠᠨ ᠦᠭᠡᠢ᠃ ᠲᠠᠤᠯᠠᠢ ᠳᠤᠳᠤᠷ᠎ᠠ ᠪᠠᠨ᠄《ᠪᠢ ᠥᠨᠥᠳᠥᠷ ᠬᠠᠮᠤᠭᠤᠨ ᠡᠷᠲᠡ ᠪᠣᠰᠴᠤ᠂ ᠬᠠᠮᠤᠭᠤᠨ ᠬᠤᠷᠳᠤᠨ ᠭᠦᠶᠦᠯ᠎ᠡ᠃ ᠨᠢᠭᠡ ᠨᠤᠢᠷ ᠤᠨᠳᠠᠭᠠᠳ ᠰᠡᠷᠢᠭᠰᠡᠨᠴᠤ ᠠᠷᠪᠠᠨ ᠬᠣᠶᠠᠷ ᠵᠢᠯᠤᠨ ᠲᠦᠷᠦᠭᠦᠦ ᠨᠡᠷᠡᠰᠲᠦ ᠵᠢᠭᠰᠠᠵᠤ ᠴᠢᠳᠠᠨ᠎ᠠ》 ᠭᠡᠵᠦ ᠪᠤᠳᠤᠭᠠᠳ ᠵᠦᠯᠭᠡᠨ ᠳᠡᠭᠡᠷ᠎ᠡ ᠤᠨᠲᠠᠵᠤ ᠤᠷᠬᠢᠪᠠ᠃
ᠦᠬᠡᠷ ᠬᠡᠳᠦᠢᠪᠡᠷ ᠳᠠᠤᠯᠠᠢ ᠡᠴᠡ ᠬᠤᠵᠢᠮᠳᠠᠵᠤ ᠭᠦᠶᠦᠭᠰᠡᠨ ᠪᠤᠯᠪᠠᠴᠤ ᠲᠡᠰᠪᠦᠷᠢ ᠲᠡᠪᠴᠢᠶᠡᠷᠢᠳᠦ ᠪᠠᠨ ᠳᠦᠰᠢᠭᠯᠡᠨ ᠨᠢᠭᠡ ᠯᠡ ᠠᠮᠢᠰᠬᠤᠭ᠎ᠠ ᠪᠠᠷ ᠲᠩᠷᠢᠶᠢᠨ ᠣᠷᠳᠣᠨᠳᠤ ᠭᠦᠶᠦᠨ ᠬᠦᠷᠴᠡᠢ᠃ ᠳᠤᠭ ᠨᠤᠢᠷᠲᠦ ᠪᠠᠨ ᠪᠠᠢᠭᠰᠠᠨ ᠲᠠᠤᠯᠠᠢ ᠬᠠᠵᠠᠭᠤ ᠪᠡᠷ ᠨᠢ ᠦᠩᠭᠡᠷᠡᠬᠦ ᠬᠥᠯᠦᠨ ᠴᠢᠮᠡᠭᠡ ᠪᠡᠷ ᠰᠣᠴᠢᠨ ᠰᠡᠷᠢᠯ᠎ᠡ᠃ ᠤᠤᠯ ᠨᠢ ᠪᠠᠷᠰ ᠠᠪᠤᠭᠠᠢ ᠳᠠᠤᠯᠠᠢᠶᠢᠨ ᠬᠠᠵᠠᠭᠤ ᠪᠡᠷ ᠰᠠᠯᠬᠢ ᠰᠢᠭ᠋ ᠬᠤᠷᠳᠤᠨ ᠭᠦᠶᠦᠨ ᠦᠩᠭᠡᠷᠡᠭᠰᠡᠨ ᠪᠠᠢᠪᠠ᠃ ᠲᠠᠤᠯᠠᠢ ᠰᠠᠨᠳᠤᠷᠤᠨ ᠬᠤᠢᠨ᠎ᠠ ᠡᠴᠡ ᠨᠢ ᠨᠡᠬᠡᠭᠰᠡᠨᠴᠤ ᠨᠢᠭᠡ ᠠᠯᠬᠤᠮ ᠬᠤᠴᠤᠷᠴᠤ ᠪᠠᠷᠰᠤᠨ ᠳᠠᠷᠠᠭ᠎ᠠ ᠣᠷᠣᠵᠠᠢ᠃
ᠤᠷᠢᠳᠠᠪᠡᠷ ᠬᠦᠷᠦᠭᠰᠡᠨ ᠦᠬᠡᠷᠦᠨ ᠡᠪᠡᠷ ᠳᠡᠭᠡᠷ᠎ᠡ ᠵᠠᠪᠰᠢᠨ ᠳᠠᠯᠢᠮᠳᠠᠭᠤᠯᠤᠭᠰᠠᠨ ᠬᠤᠯᠤᠭᠠᠨ᠎ᠠ ᠪᠠᠢᠭᠰᠠᠨ ᠡᠴᠠ ᠪᠣᠯᠵᠤ ᠲᠠᠤᠯᠠᠢ ᠵᠥᠪᠬᠡᠨ ᠳᠥᠷᠪᠡᠳᠦᠭᠡᠷᠲᠦ ᠵᠢᠭᠰᠠᠭᠠᠭᠳᠠᠨ ᠲᠦᠷᠦᠭᠦᠦ ᠭᠤᠷᠪᠠ ᠨᠢ ᠬᠤᠯᠤᠭᠠᠨ᠎ᠠ᠂ ᠦᠬᠡᠷ᠂ ᠪᠠᠷᠰ ᠪᠤᠯᠵᠠᠢ᠃