

ᠨᠠᠮᠤᠷ᠎ᠤᠨ ᠳᠠᠭᠤᠯᠠᠯ
ᠳᠠᠩ· ᠯᠢᠦ ᠢᠥᠢ ᠰᠢ
ᠡᠷᠳᠡᠨ ᠡᠴᠡ ᠨᠠᠮᠤᠷ ᠪᠤᠯᠤᠮᠠᠭ᠍ᠴᠠ ᠬᠦᠮᠦᠰ ᠶᠡᠷᠦ᠍ ᠨᠢ
ᠤᠢ᠍ᠢᠳᠭᠠᠷᠯᠠᠨ ᠬᠡᠶᠦᠷᠡᠳᠡᠭ᠂
ᠦᠨᠡᠨ᠎ᠢ ᠬᠡᠯᠡᠪᠡᠰᠦ ᠨᠠᠮᠤᠷ ᠴᠠᠭ ᠬᠠᠪᠤᠷ᠎ᠤᠨ ᠤᠯᠠᠷᠢᠯ᠎ᠢ
ᠳᠠᠪᠠᠮᠤᠢ᠃
ᠬᠦᠬᠡᠮᠳᠦᠭ ᠤᠭ᠍ᠳᠠᠷᠭᠤᠢᠳᠤᠷ ᠴᠠᠭᠠᠨ ᠳᠤᠭᠤᠷᠤᠤ ᠡᠭᠦᠯᠡᠨ ᠵᠦᠭ
ᠰᠤᠮᠤᠳᠠᠨ᠂
ᠬᠦᠭ᠌ᠵᠢᠨ ᠪᠠᠳᠠᠷᠠᠭ᠍ᠰᠠᠨ ᠱᠢᠯᠦᠭ᠎ᠤᠨ ᠰᠡᠳᠭᠢᠯᠭᠡ ᠵᠢ ᠬᠦᠬᠡ
ᠳᠡᠭ᠌ᠷᠢᠳᠤᠷ ᠭᠠᠷᠭᠠᠮᠤᠢ᠃
ᠵᠤᠬᠢᠶᠠᠭ᠍ᠴᠢ᠎ᠶ᠋ᠢᠨ ᠲᠠᠨᠢᠯᠴᠠᠭᠤᠯᠭ᠎ᠠ᠄
ᠯᠢᠦ ᠢᠥᠢ ᠰᠢ (772 — 824)— ᠡᠷᠭᠦᠭ᠌ᠰᠡᠨ ᠨᠡᠷ᠎ᠠ ᠮᠸᠩᠳᠸ᠂
ᠯᠦᠸᠸᠶᠠᠩᠤᠨ ᠬᠦᠮᠦᠨ᠃
ᠲᠠᠢ᠌ᠯᠪᠤᠷᠢ᠄
寂寥 — ᠤᠢ᠍ᠢᠳᠭᠠᠷᠯᠠᠩᠭᠤᠢ᠃
胜 — ᠬᠡᠳᠦᠷᠡᠬᠦ᠂ ᠳᠠᠪᠠᠬᠤ᠃
春朝 — ᠬᠠᠪᠤᠷ
排 — ᠰᠤᠮᠤᠳᠠᠨ ᠭᠠᠷᠬᠤ᠃
碧霄 — ᠴᠡᠯᠮᠡᠭ ᠤᠭ᠍ᠳᠠᠷᠭᠤᠢ᠂ ᠬᠦᠬᠡ ᠳᠡᠭ᠌ᠷᠢ᠃