ᠲᠠᠮᠢᠷ᠎ᠤᠨ ᠭᠢᠴᠢᠶᠠᠯ
2021-12-08 10:31:17
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠨᠠᠮ᠎ᠠ᠎ᠶ᠋ᠢ ᠠᠩᠬ᠎ᠠ ᠰᠤᠷᠭᠠᠭᠤᠯᠢ ᠳ᠋ᠤ ᠤᠷᠤᠬᠤ᠎ᠳᠤ ᠮᠢᠨᠤ ᠪᠠᠬ᠎ᠠ᠎ᠶ᠋ᠢ ᠬᠠᠮᠤᠭ᠎ᠤᠨ ᠢᠯᠡᠭᠦᠦ ᠲᠠᠳᠠᠭ᠍ᠰᠠᠨ ᠨᠢ ᠲᠠᠮᠢᠷ᠎ᠤᠨ ᠭᠢᠴᠢᠶᠠᠯ ᠶᠤᠮ᠃

ᠨᠢᠭᠡᠳᠤᠭᠡᠷ ᠤᠨ ᠪᠠᠢᠬᠤ ᠎ᠳᠤ᠂ ᠲᠠᠮᠢᠷ ᠎ᠤᠨ ᠪᠠᠭ᠍ᠰᠢ ᠵᠠᠷᠢᠮ᠎ᠳᠤ᠎ᠪᠠᠨ ᠪᠢᠳᠠᠨ᠎ᠢ ᠰᠤᠷᠭᠠᠭᠤᠯᠢ᠎ᠶ᠋ᠢᠨ ᠬᠦᠷᠢᠶ᠎ᠠ᠎ᠶ᠋ᠢ ᠬᠤᠶᠠᠷ ᠲᠤᠭᠤᠷᠢᠭ ᠲᠤᠭᠤᠷᠢᠨ ᠭᠦᠶᠦᠯᠭᠡᠵᠦ᠍ ᠲᠠᠬᠢᠨ ᠴᠢᠯᠦᠭᠡᠲᠦ ᠬᠦᠳᠡᠯᠭᠡᠭᠡᠨ ᠬᠢᠯᠭᠡᠳᠡᠭ ᠶᠤᠮ᠃ ᠲᠡᠭᠡᠪᠡᠯ ᠪᠢᠳᠠ ᠲᠤᠩ ᠪᠠᠶᠠᠷ ᠭᠦᠷ᠎ᠲᠠᠢ ᠨᠠᠭᠠᠳᠴᠤ᠌᠂ ᠵᠠᠷᠢᠮ᠎ᠨᠢ ᠲᠡᠭᠡᠰᠤ ᠦᠰᠦᠷᠴᠤ᠌᠂ ᠵᠠᠷᠢᠮ᠎ᠨᠢ ᠲᠡᠪᠡᠭ ᠢᠰᠭᠦᠯᠵᠦ᠍᠂ ᠪᠠᠰᠠ ᠵᠠᠷᠢᠮ᠎ᠨᠢ ᠮᠤᠤᠷ ᠬᠤᠯᠤᠭᠠᠨ᠎ᠠ ᠭᠡᠮᠡᠨ ᠨᠠᠭᠠᠳᠳᠠᠭ᠃ ᠲᠡᠮᠢᠷ᠎ᠤᠨ ᠪᠠᠭ᠍ᠰᠢ ᠮᠢᠨᠢ ᠴᠦ᠍ ᠮᠠᠨ᠎ᠲᠠᠢ ᠬᠠᠮᠲᠤ ᠨᠠᠭᠠᠳᠪᠠᠯ ᠪᠢᠳᠡ ᠨᠡᠩ ᠴᠦ᠍ ᠭᠦᠬᠡᠷᠦᠯᠳᠦᠨ ᠪᠠᠶᠠᠰᠴᠤ᠌ ᠪᠠᠶᠠᠷ ᠵᠢᠷᠭᠠᠯ᠎ᠤᠨ ᠲᠠᠯᠠᠢ᠎ᠳᠤ ᠤᠮᠪᠠᠳᠠᠭ ᠪᠠᠢᠭ᠍ᠰᠠᠨ ᠡ ! ᠵᠠᠷᠢᠮ᠎ᠳᠤ᠎ᠪᠠᠨ ᠪᠢᠳᠠ ᠨᠠᠭᠠᠳᠭᠤ᠎ᠪᠠᠨ ᠪᠤᠳᠤᠭᠠᠳ ᠡᠷᠤᠢ ᠬᠤᠷᠤᠢ ᠦᠭᠡᠢ ᠭᠦᠶᠤᠯᠳᠦᠵᠦ᠍ ᠪᠠᠭ᠍ᠰᠢ᠎ᠪᠠᠨ ᠠᠭᠤᠷᠯᠠᠭᠤᠯᠳᠠᠭ᠂ ᠪᠠᠭ᠍ᠰᠢ ᠪᠢᠳᠠᠨ᠎ᠢ ᠠᠭᠤᠷᠯᠠᠭᠠᠳ ᠪᠦᠳᠦᠨ ᠭᠢᠴᠢᠶᠠᠯ᠎ᠢᠶᠠᠷ ᠵᠤᠭ᠍ᠰᠤᠭᠠᠵᠦ᠍ ᠴᠤ᠌ ᠦᠩᠭᠡᠷᠡᠭ᠌ᠰᠡᠨ ᠶᠤᠮ᠃ ᠵᠠᠷᠢᠮ᠎ᠳᠤ᠎ᠪᠠᠨ ᠪᠢᠳᠠ ᠬᠤᠶᠠᠷ ᠲᠤᠭᠤᠷᠢᠭ ᠭᠦᠶᠤᠭᠦ᠌ ᠲᠤᠷ᠎ᠠ ᠦᠭᠡᠢ ᠤᠷᠮ᠎ᠠ ᠮᠠᠭᠤᠳᠠᠢ ᠪᠤᠯᠪᠠᠯ ᠪᠠᠭ᠍ᠰᠢ ᠡᠶᠡᠯᠳᠡᠭ ᠵᠦᠭᠡᠯᠡᠨ᠎ᠢᠶᠠᠷ᠄ 《ᠭᠦᠶᠤᠭᠦ᠌ ᠬᠦᠳᠡᠯᠭᠡᠭᠡᠨ ᠪᠤᠯ ᠭᠦᠮᠤᠨ᠎ᠤ ᠪᠡᠶ᠎ᠡ᠎ᠳᠤ ᠮᠠᠰᠢ ᠰᠠᠢᠨ᠂ ᠴᠢᠰᠤᠨ ᠡᠷᠬᠢᠯᠳᠡ ᠲᠦᠷᠭᠡᠰᠴᠦ᠍᠂ ᠪᠦᠬᠦ᠌ ᠪᠡᠶ᠎ᠡ ᠰᠠᠢᠵᠢᠷᠠᠳᠠᠭ ᠱᠢᠤ᠂ ᠪᠠᠰᠠ ᠁》 ᠭᠡᠵᠦ᠍ ᠰᠤᠷᠭᠠᠳᠠᠭ ᠰᠠᠨ᠃

ᠬᠤᠶᠠᠳᠤᠭᠠᠷ ᠤᠨ ᠪᠤᠯᠬᠤ᠎ᠳᠤ᠂ ᠦᠭᠡᠷ᠎ᠡ ᠨᠢᠭᠡᠨ ᠲᠠᠮᠢᠷ᠎ᠤᠨ ᠪᠠᠭ᠍ᠰᠢ ᠰᠤᠯᠢᠭ᠍ᠳᠠᠪᠠ᠃ ᠲᠡᠷᠡ ᠪᠠᠭ᠍ᠰᠢ ᠲᠤᠩ ᠠᠭᠤᠷ᠎ᠲᠠᠢ᠃ ᠲᠠᠮᠢᠷ᠎ᠤᠨ ᠭᠢᠴᠢᠶᠠᠯ᠎ᠤᠨ ᠴᠠᠭ ᠪᠤᠯᠤᠭ᠍ᠰᠠᠭᠠᠷ ᠪᠢ ᠲᠡᠷᠡ ᠪᠠᠭ᠍ᠰᠢ᠎ᠡᠴᠠ ᠶᠡᠭᠡ ᠠᠶᠤᠳᠠᠭ᠂ ᠮᠠᠨ᠎ᠤ ᠠᠩᠬᠢ᠎ᠶ᠋ᠢᠨ ᠬᠢᠨ ᠴᠦᠮ ᠠᠶᠤᠳᠠᠭ ᠪᠠᠢᠭ᠍ᠰᠠᠨ ᠶᠤᠮ᠃ ᠨᠢᠭᠡᠨ᠎ᠤᠳᠠᠭ᠎ᠠ᠂᠎ᠪᠢ ᠎ᠬᠠᠮᠳᠤ ᠎ᠰᠤᠷᠤᠯᠭᠠᠳᠠᠨ ᠬᠠᠢᠷ᠎ᠠ᠎ᠲᠠᠢ ᠬᠤᠶᠠᠭᠤᠯᠠ ᠲᠠᠮᠢᠷ᠎ᠤᠨ ᠭᠢᠴᠢᠶᠠᠯ ᠲᠡᠭᠡᠷ᠎ᠡ ᠪᠢᠳᠠᠨ᠎ᠢ ᠨᠠᠭᠠᠳᠤᠭᠤᠯᠴᠢᠬᠠᠬᠤ ᠮᠠᠭᠠᠳ ᠭᠡᠵᠦ᠍ ᠪᠤᠳᠤᠭᠠᠳ ᠨᠤᠮ ᠠᠪᠴᠤ᠌ ᠭᠠᠷᠴᠠᠢ᠃ ᠭᠡᠳᠡᠯ᠎ᠠ ᠪᠠᠭ᠍ᠰᠢ ᠪᠢᠳᠠᠨ᠎ᠢ ᠬᠤᠶᠠᠷ ᠲᠤᠭᠤᠷᠢᠭ ᠭᠦᠶᠤ ᠭᠡᠪᠠ᠃ ᠪᠢᠳᠠ ᠬᠤᠶᠠᠷ ᠠᠶᠤᠬᠤ᠎ᠳᠤ᠎ᠪᠠᠨ ᠨᠤᠮ᠎ᠢᠶᠠᠨ ᠡᠪᠤᠷᠳᠤᠯᠠᠵᠤ ᠭᠦᠶᠤᠪᠠ᠃ ᠡᠪᠤᠷ᠎ᠲᠠᠬᠢ ᠨᠤᠮ ᠭᠠᠵᠠᠷ ᠤᠨᠠᠬᠤ᠎ᠡᠴᠠ ᠠᠶᠤᠨ᠎ᠠ᠂ ᠪᠠᠭ᠍ᠰᠢ ᠠᠭᠤᠷᠯᠠᠬᠤ᠎ᠡᠴᠠ ᠴᠤ᠌ ᠠᠶᠤᠨ᠎ᠠ ᠁ ᠲᠡᠷᠡ ᠬᠤᠶᠠᠷ ᠲᠤᠭᠤᠷᠢᠭ᠎ᠢ ᠭᠦᠶᠦᠭ᠌ᠰᠡᠨ᠎ᠤ ᠤᠳᠠᠭᠠᠨ ᠰᠠᠨᠠᠭ᠍ᠳᠠᠭ᠍ᠰᠠᠨ ᠭᠡᠵᠤ ᠡ !

ᠭᠤᠷᠪᠠᠳᠤᠭᠠᠷ ᠤᠨ ᠪᠤᠯᠴᠢᠬᠠᠯ᠎ᠠ᠃ ᠭᠢᠴᠢᠶᠠᠯ ᠲᠦᠷᠦᠯ ᠤᠯᠠᠮ ᠠᠷᠪᠢᠳᠴᠤ᠌᠂ ᠲᠠᠮᠢᠷ᠎ᠤᠨ ᠭᠢᠴᠢᠶᠠᠯ᠎ᠤᠨ ᠴᠠᠭ ᠴᠦ᠍ ᠴᠦᠭᠡᠷᠡᠯ᠎ᠠ᠃ ᠦᠨᠡᠨ ᠳ᠋ᠤ ᠪᠡᠨ ᠲᠠᠮᠢᠷ᠎ᠤᠨ ᠬᠢᠴᠢᠶᠡᠯ ᠲᠡᠭᠡᠷ᠎ᠡ ᠪᠢᠳᠡ ᠤᠯᠠᠨ ᠬᠦᠳᠡᠯᠬᠡᠬᠡᠨ ᠬᠢᠵᠦ᠍ ᠪᠤᠰᠤᠳ ᠬᠢᠴᠢᠶᠡᠯ᠎ᠡᠴᠠ ᠤᠯᠵᠤ ᠰᠤᠷᠳᠠᠭ ᠦᠭᠡᠢ ᠵᠦᠢᠯ᠎ᠢ ᠤᠯᠵᠤ ᠮᠡᠳᠡᠳᠡᠭ᠃ ᠨᠡᠩ ᠴᠤ᠌ ᠲᠠᠮᠢᠷ᠎ᠤᠨ ᠬᠢᠴᠢᠶᠡᠯ ᠪᠢᠳᠡᠨ᠎ᠳᠤ ᠲᠤᠩ ᠶᠡᠭᠡ ᠪᠠᠶᠠᠷ ᠪᠠᠬᠠᠳᠤᠯ ᠤᠯᠭᠤᠳᠠᠭ ᠰᠠᠨ᠃ ᠪᠢ ᠬᠠᠶᠠ ᠭᠢᠴᠢᠶᠠᠯ ᠲᠡᠭᠡᠷ᠎ᠡ ᠲᠠᠰᠭᠠᠯ᠎ᠢᠶᠠᠨ ᠭᠢᠬᠦ᠌ ᠳ᠋ᠦ᠍ ᠪᠡᠨ ᠴᠤᠩᠬᠤᠨ ᠭᠠᠳᠠᠨ᠎ᠠ ᠬᠠᠷᠠᠭ᠍ᠳᠠᠬᠤ ᠬᠦᠭᠡᠷᠦᠯᠳᠦᠨ ᠬᠦᠶᠦᠯᠳᠦᠬᠦ᠌ ᠲᠤᠤᠷ᠎ᠠ ᠤᠨ᠎ᠤ ᠲᠡᠭᠦᠦ ᠨᠠᠷ᠎ᠢ ᠦᠵᠡᠪᠡᠯ ᠦᠪᠡᠷ᠎ᠤᠨ ᠡᠷᠬᠡ ᠦᠭᠡᠢ ᠪᠠᠭ᠍ᠠᠷᠬᠠᠳᠠᠭ᠃

ᠲᠠᠮᠢᠷ᠎ᠤᠨ ᠭᠢᠴᠢᠶᠠᠯ ᠲᠡᠭᠡᠷ᠎ᠡ ᠨᠠᠭᠠᠳᠴᠤ᠌ ᠲᠤᠭ᠍ᠯᠠᠵᠦ᠍ ᠪᠠᠢᠭ᠍ᠰᠠᠨ ᠮᠢᠨᠢ ᠢᠩᠭᠢᠵᠦ᠍ ᠯᠠ ᠤᠨᠠᠭᠠᠨ ᠨᠠᠰᠤᠨ᠎ᠤ ᠰᠠᠢ᠌ᠬᠠᠨ ᠲᠤᠷᠠᠰᠤᠮᠵᠢ ᠪᠤᠯᠵᠤ ᠬᠤᠴᠤᠷᠬᠤ ᠪᠠᠢ᠌ᠬ᠎ᠠ᠃


ᠪᠠᠭᠠᠷᠢᠨ᠎ᠪᠠᠷᠠᠭᠤᠨ᠎ᠬᠤᠱᠢᠭᠤᠨ᠎ᠤ᠎ᠳ᠋ᠠᠪᠠᠨ᠎ᠤ᠎ᠮᠤᠩᠭᠤᠯ᠎ᠦᠨᠳᠦᠰᠦᠲᠡᠨ᠎ᠤ ᠲᠤᠷᠱᠢᠯᠳᠠ᠎ᠶ᠋ᠢᠨ ᠪᠠᠭ᠎ᠠ ᠰᠤᠷᠭᠠᠭᠤᠯᠢ᠎ᠶ᠋ᠢᠨ 3.2 ᠠᠩᠬᠢ ᠤᠶᠠᠩᠭ᠎ᠠ

ᠵᠢᠯᠦᠭᠤᠳᠤᠭ᠍ᠰᠠᠨ ᠪᠠᠭ᠍ᠰᠢ᠄ ᠰᠡᠷᠬᠦᠯᠠᠩ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号