ᠪᠠᠬ᠍ᠰᠢᠶ᠋ᠢᠨ ᠠᠵᠢᠯ ᠭᠡᠭ᠌ᠴᠢ ᠭᠡᠷᠡᠯᠳᠦ
ᠶᠢᠷᠳᠢᠨᠴᠦ᠍᠎ᠶ᠋ᠢᠨ ᠬᠠᠮᠤᠭ᠎ᠤᠨ ᠰᠠᠢ᠌ᠬᠠᠨ ᠦᠢᠯᠡᠰ ᠪᠢᠯᠡ᠃ ᠡᠨᠡᠬᠦ᠌ᠦᠢᠯᠡᠰᠤᠨᠰᠠᠢ᠌ᠬᠠᠨᠳ᠋ᠤ
ᠵᠢᠷᠭᠠᠵᠤ᠂ ᠦᠢᠯᠡᠰ᠎ᠤᠨ ᠦᠨᠳᠦᠷ᠎ᠲᠦ ᠲᠡᠮᠡᠤᠯᠦᠭᠡ ᠦᠢ ᠤᠯᠠᠨ
ᠪᠠᠬ᠍ᠰᠢᠶ᠋ᠢᠨ ᠨᠢᠭᠡ ᠨᠢ ᠴᠢ ᠴᠠᠩ ᠰᠦᠢ ᠶᠤᠮ᠃ ᠲᠡᠷᠡ ᠪᠡᠷ ᠤᠳᠤ ᠵᠠᠷᠤᠳ ᠬᠤᠱᠢᠭᠤᠨ᠎ᠤ ᠭᠠᠬᠠᠢ᠌ᠳᠤ ᠪᠠᠭ᠎ᠠ
ᠰᠤᠷᠭᠠᠭᠤᠯᠢ ᠶ᠋ᠢᠨ ᠵᠠᠬᠢᠷᠤᠯᠶ᠋ᠢᠡᠷ ᠠᠵᠢᠯᠯᠠᠵᠤ ᠪᠤᠢ᠃ ᠴᠢ ᠵᠠᠬᠢᠷᠤᠯ ᠭᠤᠴᠢᠭᠠᠳ ᠵᠢᠯ᠎ᠤᠨ ᠳᠤᠷᠰᠢ
ᠦᠨᠳᠦᠰᠦᠨ ᠱᠠᠳᠤᠨ᠎ᠤ ᠰᠤᠷᠭᠠᠨ ᠬᠦᠮᠦᠵᠢᠯ᠎ᠤᠨ ᠦᠢᠯᠡᠰ᠎ᠲᠤ ᠵᠢᠳᠬᠦᠬᠦ᠌ ᠳ᠋ᠤ ᠪᠡᠨ ᠰᠤᠷᠭᠠᠭᠤᠯᠢ᠎ᠳᠦ ᠪᠠᠨ 《ᠪᠦᠬᠦ᠌ ᠤᠯᠤᠰ᠎ᠤᠨ ᠰᠤᠷᠭᠠᠨ ᠬᠦᠮᠦᠵᠢᠯ᠎ᠤᠨ
ᠳᠡᠷᠢᠭᠦᠨᠤ ᠨᠢᠭᠡᠴᠢ》 ᠶ᠋ᠢᠨ ᠢᠷᠡᠭᠤ ᠠᠯᠳᠠᠷ᠎ᠢ ᠠᠪᠴᠢᠷᠠᠭ᠍ᠰᠠᠨ
ᠪᠦᠭᠡᠳ ᠦᠪᠡᠷᠶ᠋ᠢᠡᠨ ᠴᠤ᠌ ᠬᠤᠱᠢᠭᠤ᠂ ᠬᠤᠳᠠ᠎ᠶ᠋ᠢᠨ ᠳᠡᠰ᠎ᠤᠨ ᠳᠡᠷᠢᠭᠦᠨᠤ ᠠᠵᠢᠯᠳᠠᠨ᠎ᠤ ᠱᠠᠩᠨᠠᠯ
ᠬᠦᠬᠢᠭᠦᠯᠦᠯ᠎ᠢ ᠤᠯᠠᠨᠳᠠ ᠬᠦᠷᠳᠡᠭ᠌ᠰᠡᠨ ᠶᠤᠮ᠃
ᠭᠡᠭᠡᠨ ᠢᠷᠡᠭᠡᠳᠦᠢ ᠶ᠋ᠢᠨ ᠭᠡᠷᠡᠯᠳᠦ ᠴᠠᠮᠬᠠᠭ
ᠦᠷᠦᠭᠡᠯ᠎ᠤᠨ ᠬᠡᠤᠬᠡᠳ᠎ᠢ ᠦᠪᠡᠷ᠎ᠤᠨ ᠬᠢ ᠲᠠᠢ ᠪᠠᠨ ᠠᠳᠠᠯᠢᠬᠠᠨ
ᠰᠠᠨᠠᠵᠤ ᠰᠠᠷᠪᠠᠢ᠌ᠵᠤ ᠶᠠᠪᠤᠳᠠᠭ ᠨᠢ ᠭᠠᠭ᠍ᠴᠠ ᠪᠠᠬ᠍ᠰᠢ ᠬᠦᠮᠦᠨ ᠪᠢᠯᠡ᠃ 2000 ᠤᠨ᠎ᠳᠦ᠂ ᠴᠢ ᠴᠠᠩ ᠰᠦᠢ ᠪᠠᠭ᠍ᠰᠢ ᠵᠢ ᠵᠠᠷᠤᠳ ᠬᠤᠱᠢᠭᠤᠨ᠎ᠤ ᠦᠨᠡᠭᠡᠴᠢ ᠳᠤᠮᠳᠠᠳᠤ
ᠰᠤᠷᠭᠠᠭᠤᠯᠢ᠎ᠳᠦ ᠡᠪᠯᠡᠯ᠎ᠤᠨ ᠡᠭᠦᠷ᠎ᠤᠨ ᠱᠦᠵᠢ ᠪᠡᠷ ᠠᠵᠢᠯᠯᠠᠵᠤ ᠪᠠᠢ᠌ᠭ᠍ᠰᠠᠨ ᠦᠶ᠎ᠠ ᠶ᠋ᠢᠨ ᠶᠠᠪᠤᠳᠠᠯ
ᠪᠢᠯᠡ᠃
ᠰᠤᠷᠭᠠᠭᠤᠯᠢ᠎ᠶ᠋ᠢᠨ ᠨᠢᠭᠡᠨ ᠰᠤᠷᠤᠭ᠍ᠴᠢ ᠨᠢ ᠠᠮᠠᠷᠠᠯᠳᠠ ᠪᠠᠷ
ᠬᠡᠷᠡᠮ ᠪᠠᠷᠢᠬᠤ ᠠᠵᠢᠯ ᠬᠢᠵᠦ᠍ ᠰᠤᠷᠤᠯᠭ᠎ᠠ᠎ᠶ᠋ᠢᠨ ᠰᠦᠢᠳᠭᠡᠯ᠎ᠢᠶᠠᠨ ᠴᠤᠭ᠍ᠯᠠᠭᠤᠯᠵᠤ ᠪᠠᠢ᠌ᠭ᠎ᠠ ᠵᠢ ᠴᠢ
ᠪᠠᠭ᠍ᠰᠢ ᠮᠡᠳᠡᠪᠡ᠃ ᠲᠡᠷᠡ ᠪᠡᠷ ᠦᠨᠦ᠍ ᠰᠤᠷᠤᠭ᠍ᠴᠢ ᠵᠢ ᠦᠷᠦᠪᠳᠦᠨ ᠬᠦᠬᠡᠷᠦᠬᠦᠢ᠌ᠯᠡᠵᠦ᠍᠂ ᠰᠤᠷᠭᠠᠭᠤᠯᠢ᠎ᠶ᠋ᠢᠨ
ᠤᠳᠤᠷᠢᠳᠤᠯᠭ᠎ᠠ ᠪᠠᠬ᠍ᠰᠢ ᠨᠠᠷ ᠲᠠᠢ ᠵᠦᠪᠳᠡᠨ ᠬᠠᠨᠳᠢᠪ ᠴᠤᠭ᠍ᠯᠠᠭᠤᠯᠵᠤ ᠳᠡᠮᠵᠢᠭ᠌ᠰᠡᠨ ᠪᠠᠢ᠌ᠵᠠᠢ᠃
ᠵᠠᠷᠤᠳᠠᠯ ᠮᠦᠩᠭᠦᠨ᠎ᠳᠦ ᠭᠠᠴᠢᠭ᠍ᠳᠠᠬᠤ ᠦᠭᠡᠢ ᠪᠤᠯᠤᠭ᠍ᠰᠠᠨ ᠳᠡᠷᠡ ᠰᠤᠷᠤᠭ᠍ᠴᠢ ᠨᠢᠭᠡ ᠯᠡ ᠰᠡᠳᠭᠢᠯ ᠢᠶᠠᠷ
ᠴᠢᠷᠮᠠᠢ᠌ᠨ ᠰᠤᠷᠤᠯᠴᠠᠵᠤ ᠰᠡᠭᠦᠯᠡᠷ ᠨᠢ ᠱᠢᠯᠢᠳᠡᠭ ᠬᠢᠷᠢ ᠪᠦᠳᠦᠮᠵᠢ ᠪᠡᠷ ᠲᠥᠩᠯᠢᠶᠤᠤ ᠮᠤᠩᠭᠤᠯ
ᠦᠨᠳᠦᠰᠦᠳᠡᠨ᠎ᠤ ᠳᠤᠮᠳᠠᠳᠤ ᠰᠤᠷᠭᠠᠭᠤᠯᠢ᠎ᠳᠦ ᠱᠢᠯᠭᠠᠨ ᠤᠷᠤᠪᠠ᠃ ᠴᠢ ᠪᠠᠬ᠍ᠰᠢ ᠬᠦᠭᠡᠷᠦᠬᠦᠨ
ᠰᠤᠷᠤᠭ᠍ᠴᠢᠶ᠋ᠢᠨᠶ᠋ᠢᠡᠨ ᠬᠠᠳᠠᠭᠤᠵᠢᠯᠳᠠᠢ ᠴᠢᠷᠮᠠᠢ᠌ᠬᠤ ᠤᠪᠤᠷ ᠵᠤᠷᠢᠭᠲᠤ ᠪᠠᠶᠠᠷᠯᠠᠨ ᠲᠤᠬ᠍ᠳᠤᠯᠵᠤ᠂
ᠦᠨᠳᠦᠷ ᠳᠤᠮᠳᠠᠳᠤ ᠶ᠋ᠢᠨ ᠬᠤᠭᠤᠴᠠᠭᠠᠨ᠎ᠳᠦ ᠨᠢ ᠴᠤ᠌ ᠦᠪᠡᠷᠶ᠋ᠢᠡᠨ ᠪᠠᠭ᠎ᠠ ᠪᠤᠰᠤ ᠬᠠᠯᠠᠮᠵᠢᠯᠠᠵᠤ
ᠲᠤᠰᠠᠯᠠᠪᠠ᠃
ᠨᠢᠳᠦ ᠢᠷᠮᠡᠬᠦ᠌ ᠵᠠᠭᠤᠷ᠎ᠠ ᠤᠯᠠᠨ ᠵᠢᠯ ᠤᠷᠤᠰ᠎ᠤᠨ ᠤᠳᠤᠯ᠎ᠠ᠃ 2010 ᠤᠨ᠎ᠤ ᠡᠪᠦᠯ ᠵᠢᠡᠷ᠂ ᠴᠢ ᠪᠠᠭ᠍ᠰᠢ᠎ᠶ᠋ᠢᠨ ᠭᠡᠷ᠎ᠲᠤ
ᠬᠤᠶᠠᠷ ᠵᠠᠯᠠᠭᠤ ᠳᠤᠮᠤᠬᠠᠨ ᠤᠭᠤᠳᠠ ᠲᠠᠢ ᠬᠤᠨᠢᠨ᠎ᠤ ᠪᠤᠷᠳᠤᠭ᠎ᠠ ᠳᠠᠮᠨᠠᠭ᠍ᠰᠠᠭᠠᠷ ᠬᠦᠷᠴᠦ᠍ ᠢᠷᠡᠪᠡ᠃ ᠤᠤᠯ
ᠨᠢ ᠨᠦᠭᠦᠭᠡ ᠬᠦᠦ ᠶᠡᠬᠡ ᠰᠤᠷᠭᠠᠭᠤᠯᠢ ᠪᠠᠨ ᠠᠮᠵᠢᠯᠳᠠ ᠲᠠᠢ ᠳᠡᠭᠦᠰᠭᠡᠭᠡᠳ ᠤᠳᠤ ᠪᠤᠷᠳᠤᠭᠠᠨ
ᠦᠢᠯᠡᠳᠪᠦᠷᠢ᠎ᠶ᠋ᠢᠨ ᠬᠤᠪᠢᠶᠠᠷᠢ ᠺᠤᠮᠫᠠᠨᠢ᠎ᠶ᠋ᠢᠨ ᠳᠠᠭᠠᠭᠠᠮᠠᠯ ᠪᠤᠯᠤᠭ᠍ᠰᠠᠨ ᠪᠠᠢ᠌ᠵᠠᠢ᠃ ᠤᠯᠠᠨ ᠵᠢᠯ᠎ᠤᠨ
ᠲᠤᠷᠰᠢ ᠰᠡᠳᠭᠢᠯ᠎ᠤᠨ ᠭᠦᠨ ᠳ᠋ᠤ ᠪᠡᠨ ᠬᠠᠳᠠᠭᠠᠯᠠᠭ᠍ᠰᠠᠨ ᠪᠠᠶᠠᠷ ᠳᠠᠯᠠᠷᠬᠠᠯ ᠵᠢᠡᠨ ᠢᠯᠡᠳᠭᠡᠬᠦ᠌ ᠭᠡᠵᠦ᠍
ᠠᠬ᠎ᠠ ᠲᠠᠢ ᠪᠠᠨ ᠬᠤᠶᠠᠭᠤᠯᠠ ᠴᠢ ᠪᠠᠬ᠍ᠰᠢ ᠪᠠᠨ ᠡᠷᠬᠢᠨ ᠦᠵᠡᠭᠡ ᠨᠢ ᠡᠨᠡ ᠪᠠᠢ᠌ᠯ᠎ᠠ ᠁
ᠭᠡᠨᠡᠨ ᠴᠠᠢ᠌ᠯᠭᠠᠨ ᠬᠡᠤᠬᠡᠳ᠎ᠤᠨ ᠭᠡᠷᠡᠯᠳᠦ ᠴᠠᠮᠬᠠᠭ ᠪᠤᠯᠬᠤ
ᠭᠡᠭ᠌ᠴᠢ ᠵᠦᠳᠡᠷᠡᠯ ᠲᠡᠢ ᠴᠤ᠌ ᠵᠢᠷᠭᠠᠯ ᠲᠠᠢ ᠡ᠃
ᠳᠠᠩᠬᠢᠯ ᠨᠠᠰᠤᠨ᠎ᠤ ᠤᠷᠠᠨ 《ᠳᠠᠷᠬᠠᠨ》
ᠴᠢ ᠪᠠᠭ᠍ᠰᠢ ᠤᠳᠤ ᠬᠡᠯᠡ ᠪᠢᠴᠢᠭ ᠵᠢᠭᠠᠬᠤ ᠡᠴᠡ ᠭᠠᠳᠠᠨ᠎ᠠ
ᠰᠤᠷᠤᠭ᠍ᠴᠢᠳ᠎ᠲᠦ ᠪᠠᠨ ᠰᠡᠳᠭᠢᠭᠦᠢ᠎ᠶ᠋ᠢᠨ ᠬᠢᠴᠢᠶᠡᠯ ᠴᠤ᠌ ᠤᠷᠤᠳᠠᠭ᠂ ᠡᠭᠦᠨ᠎ᠢ ᠪᠠᠨ ᠪᠠᠰᠠ 《 ᠪᠠᠷᠢᠮᠵᠢᠶ᠎ᠠ ᠬᠠᠷᠢᠭᠤᠯᠳᠠ ᠦᠭᠡᠢ ᠬᠢᠴᠢᠶᠡᠯ》 ᠭᠡᠳᠡᠭ᠃
— ᠬᠦᠮᠦᠨ᠎ᠤ᠂ ᠢᠯᠠᠩᠭᠤᠶ᠎ᠠ ᠬᠡᠦᠬᠡᠳ᠎ᠤᠨ ᠦᠰᠦᠨ
ᠪᠤᠢ᠌ᠵᠢᠯᠳᠠ᠎ᠳᠦ ᠵᠦᠪᠬᠡᠨ ᠵᠦᠪ ᠪᠤᠷᠤᠭᠤ ᠬᠤᠶᠠᠷᠬᠠᠨ ᠳᠠᠯ᠎ᠠ ᠪᠠᠢ᠌ᠳᠠᠭ ᠪᠢᠰᠢ᠃ ᠤᠯᠠᠨ ᠳᠠᠯ᠎ᠠ ᠪᠡᠷ
ᠠᠰᠠᠭᠤᠳᠠᠯ᠎ᠢ ᠰᠡᠳᠭᠢᠬᠦ᠌ ᠴᠢᠳᠠᠪᠤᠷᠢ ᠵᠢ ᠨᠢ ᠴᠤ᠌ ᠬᠦᠮᠦᠵᠢᠭᠦᠯᠬᠦ᠌ ᠬᠡᠷᠡᠭ᠌ᠳᠡᠢ ᠭᠡᠵᠦ᠍ ᠴᠢ ᠵᠠᠬᠢᠷᠤᠯ
ᠬᠢᠴᠢᠶᠡᠯᠶ᠋ᠢᠡᠨ ᠳᠠᠨᠢᠯᠴᠠᠭᠤᠯᠤᠨ᠎ᠠ᠃
ᠳᠤᠰ ᠬᠢᠴᠢᠶᠡᠯ᠎ᠨᠢ ᠵᠢᠷᠤᠵᠤ ᠪᠢᠴᠢᠬᠦ᠌ ᠵᠢ ᠪᠠᠭ᠍ᠳᠠᠭᠠᠭ᠍ᠰᠠᠨ
ᠤᠯᠠᠨ ᠵᠦᠢᠯ᠎ᠤᠨ ᠰᠡᠳᠦᠪ ᠬᠠᠷᠢᠭᠤᠯᠬᠤ ᠬᠡᠯᠪᠡᠷᠢ ᠪᠠᠢ᠌ᠳᠠᠭ᠃ ᠰᠤᠷᠤᠭ᠍ᠴᠢᠳ᠎ᠤᠨ ᠰᠡᠳᠦᠪ ᠬᠠᠷᠢᠭᠤᠯᠤᠭ᠍ᠰᠠᠨ
ᠬᠠᠭᠤᠳᠠᠰᠤ ᠵᠢ ᠳᠡᠯᠭᠡᠪᠡᠯ᠂ ᠳᠦᠷᠰᠦ ᠨᠢ ᠳᠤᠭ᠍ᠳᠠᠮᠠᠯ ᠦᠭᠡᠢ ᠪᠤᠳᠠᠰ ᠬᠡᠬᠦ᠌ ᠰᠡᠳᠦᠪ᠎ᠤᠨ ᠠᠷᠤ᠎ᠳᠦ《ᠴᠢᠳᠬᠦᠷ᠂ ᠤᠳᠤᠭ᠎ᠠ᠂ ᠰᠠᠯᠬᠢ》 ᠭᠡᠳ ᠤᠯᠠᠨ
ᠬᠠᠷᠢᠭᠤᠯᠳᠠ ᠪᠠᠢ᠌ᠯ᠎ᠠ᠃ ᠡᠨᠡ ᠤᠯᠠᠨ ᠬᠠᠷᠢᠭᠤᠯᠳᠠ᠎ᠶ᠋ᠢᠨ ᠠᠷᠤ᠎ᠳᠦ ᠴᠢ ᠵᠠᠬᠢᠷᠤᠯ ᠤᠯᠠᠭᠠᠨ ᠪᠢᠷᠢ᠌ᠡᠷ
ᠳᠤᠮᠤᠬᠠᠨ ᠡᠷᠡᠬᠡᠢ ᠬᠤᠷᠤᠭᠤ ᠵᠢᠷᠤᠭ᠍ᠰᠠᠨ ᠨᠢ ᠳᠤᠷᠠᠢ᠌ᠵᠤ ᠬᠠᠷᠠᠭ᠍ᠳᠠᠨ᠎ᠠ᠃ 《 ᠠᠵᠢᠬ᠍ᠯᠠᠬᠤ ᠴᠢᠳᠠᠪᠤᠷᠢ ᠦᠨᠡᠬᠡᠷ ᠰᠠᠢ᠌ᠨ᠂
ᠪᠤᠯᠵᠤ ᠪᠠᠢ᠌ᠨ᠎ᠠ᠂ ᠰᠠᠢ᠌ᠨ ᠰᠡᠳᠭᠢᠵᠦ᠍ ᠪᠠᠢ᠌ᠨ᠎ᠠ᠂ ᠦᠨᠡᠬᠡᠷ ᠪᠢᠱᠢᠷᠡᠭᠦᠱᠢᠳᠡᠢ᠂ ᠵᠢᠷᠤᠭᠲᠤ ᠪᠠᠨ
ᠠᠪᠢᠶᠠᠰ ᠳᠠᠢ ᠬᠡᠦᠬᠡᠳ ᠪᠠᠢ᠌ᠨᠠᠳᠠ᠂ ᠰᠡᠭᠦᠯᠡᠷ ᠮᠤᠨᠳᠠᠭ ᠬᠦᠮᠦᠨ ᠪᠤᠯᠤᠨ᠎ᠠ 》 ᠭᠡᠳ ᠬᠡᠦᠬᠡᠳ ᠪᠤᠯᠭᠠᠨ᠎ᠤ ᠳᠠᠰᠭᠠᠯᠤᠨᠠᠷᠤᠳᠦ ᠦᠯᠡᠳᠡᠭᠡᠭ᠌ᠰᠡᠨ ᠦᠭᠡ ᠪᠦᠷᠢ ᠨᠢ
ᠰᠡᠳᠭᠢᠯ ᠳ᠋ᠤ ᠲᠤᠯᠠᠭᠠᠬᠠᠨ ᠪᠠᠭᠤᠨ᠎ᠠ᠃
— ᠪᠠᠭ᠎ᠠ ᠰᠤᠷᠭᠠᠭᠤᠯᠢ ᠶ᠋ᠢᠨ ᠬᠡᠦᠬᠡᠳ᠎ᠤᠨ ᠦᠪᠡᠷ᠎ᠤᠨ
ᠮᠡᠳᠡᠷᠡᠮᠵᠢ ᠴᠢᠩᠭᠠᠷᠠᠵᠤ ᠡᠬᠢᠯᠡᠳᠡᠭ᠃ ᠬᠡᠦᠬᠡᠳ ᠪᠤᠯᠭᠠᠨ᠎ᠢ ᠤᠨᠳᠤᠤ ᠪᠡᠷ ᠵᠤᠷᠢᠭ᠍ᠵᠢᠭᠤᠯᠬᠤ ᠨᠢ
ᠳᠡᠳᠡᠨ᠎ᠳᠦ 《ᠪᠢ ᠪᠤᠯ ᠪᠡᠶ᠎ᠠ ᠪᠠᠨ ᠳᠠᠭᠠᠭᠠᠭ᠍ᠰᠠᠨ ᠪᠤᠳᠠᠭᠠᠯᠢ
ᠴᠤᠭ᠍ᠴᠠ》 ᠭᠡᠬᠦ᠌
ᠳᠦᠷᠦᠭ᠌ᠳᠡᠯ ᠤᠯᠭᠤᠳᠠᠭ ᠭᠡᠵᠦ᠍ ᠴᠢ ᠵᠠᠬᠢᠷᠤᠯ ᠳᠠᠢ᠌ᠯᠪᠤᠷᠢᠯᠠᠨᠠ᠃ ᠡᠷᠬᠡ ᠲᠠᠩᠬᠢᠯ ᠬᠡᠦᠬᠡᠳ᠎ᠤᠳ᠎ᠤᠨ
ᠤᠨᠴᠠᠯᠢᠭ᠎ᠢ ᠭᠢᠷᠠᠬᠠᠢ ᠳᠠᠨᠢᠵᠤ᠂ ᠰᠠᠢ᠌ᠨ ᠳᠠᠯ᠎ᠠ ᠵᠢ ᠨᠢ ᠪᠠᠬᠠᠳᠤᠨ ᠵᠤᠷᠢᠭ᠍ᠵᠢᠭᠤᠯᠬᠤ ᠪᠤᠯ ᠴᠢ
ᠵᠠᠬᠢᠷᠤᠯ᠎ᠤᠨ ᠵᠢᠭᠠᠨ ᠰᠤᠷᠭᠠᠯᠳᠠ᠎ᠶ᠋ᠢᠨ ᠭᠤᠤᠯ ᠱᠢᠵᠢᠮ ᠪᠤᠯᠤᠨ᠎ᠠ᠃
ᠲᠠᠩᠭᠢᠯ ᠬᠡᠤᠬᠡᠳ᠎ᠤᠨ ᠤᠢ ᠤᠬᠠᠭᠠᠨ᠂ ᠮᠡᠳᠡᠷᠡᠮᠵᠢ ᠰᠡᠳᠭᠢᠮᠵᠢ᠂
ᠬᠤᠵᠢᠮ ᠮᠠᠷᠭᠠᠰᠢ ᠵᠢ ᠤᠷᠠᠯᠠᠨ ᠱᠤᠭᠤᠬᠤ ᠭᠡᠭ᠌ᠴᠢ ᠪᠠᠬ᠍ᠰᠢ ᠬᠦᠮᠦᠨ᠎ᠤ ᠢᠷᠠᠭᠤ ᠠᠯᠳᠠᠷ ᠰᠠᠨ᠃
ᠬᠠᠭᠤᠳᠠᠰᠤ ᠴᠠᠭᠠᠰᠤᠨ᠎ᠳᠦ ᠲᠤᠷᠠᠢ᠌ᠭ᠍ᠰᠠᠨ ᠨᠠᠨᠳᠢᠨ ᠳᠤᠷᠠᠰᠤᠮᠵᠢ
ᠴᠢ ᠵᠠᠬᠢᠷᠤᠯ᠎ᠤᠨ ᠰᠠᠨᠠᠭᠠᠴᠢᠯᠠᠭ᠎ᠠ ᠱᠠᠭᠠᠷᠳᠠᠯᠭ᠎ᠠ ᠪᠠᠷ ᠳᠤᠰ
ᠰᠤᠷᠭᠠᠭᠤᠯᠢ᠎ᠶ᠋ᠢᠨ ᠰᠤᠷᠤᠭ᠍ᠴᠢ ᠪᠤᠯᠭᠠᠨ 《ᠡᠳᠦᠷᠤᠨᠠᠵᠢᠯᠤᠨ ᠳᠡᠮᠳᠡᠭ᠌ᠯᠡᠯ》ᠬᠢᠳᠡᠭ ᠪᠦᠭᠡᠳ ᠡᠳᠦᠷ᠎ᠤᠨ ᠠᠵᠢᠯ ᠵᠢᠡᠨ ᠡᠳᠦᠷ᠎ᠲᠦ ᠨᠢ ᠳᠠᠭᠤᠰᠭᠠᠬᠤ ᠵᠢ
ᠪᠠᠷᠢᠮᠳᠠᠯᠠᠳᠠᠭ᠃ ᠡᠭᠦᠨ᠎ᠤ ᠰᠠᠢ᠌ᠨ ᠳᠠᠯ᠎ᠠ ᠨᠢ ᠬᠡᠪᠡᠯ᠂ ᠬᠡᠦᠬᠡᠳ᠎ᠤᠳ ᠬᠠᠷᠢᠭᠤᠴᠠᠯᠭ᠎ᠠ ᠲᠠᠢ ᠪᠤᠯᠳᠠᠭ
ᠪᠦᠭᠡᠳ ᠠᠯᠵᠠᠭᠤ ᠬᠤᠢ᠌ᠷᠭᠤ ᠵᠢ ᠳᠡᠪᠴᠢᠵᠦ᠍ ᠴᠢᠳᠠᠳᠠᠭ᠃
—
ᠪᠢ ᠪᠠᠭ᠎ᠠ ᠰᠤᠷᠭᠠᠭᠤᠯᠢ᠎ᠳᠦ ᠪᠠᠢ᠌ᠬᠤ᠎ᠳᠦ ᠮᠢᠨᠤ ᠪᠠᠭ᠍ᠰᠢ ᠴᠤ᠌ ᠰᠤᠷᠤᠭ᠍ᠴᠢᠳ᠎ᠢᠶᠠᠨ《ᠡᠳᠦᠷ᠎ᠤᠨ ᠳᠡᠮᠳᠡᠭ᠌ᠯᠡᠯ ᠪᠢᠴᠢᠵᠦ᠍᠂ ᠡᠳᠦᠷ᠎ᠤᠨ ᠠᠵᠢᠯᠢᠶᠠᠨᠳ᠋ᠥᠩᠨᠡᠬᠦ᠌》 ᠵᠢ ᠱᠠᠭᠠᠷᠳᠠᠳᠠᠭ᠃ ᠪᠢ ᠪᠠᠭ᠎ᠠ᠎ᠳᠦ ᠪᠠᠨ
ᠡᠳᠦᠷ᠎ᠤᠨ ᠳᠡᠮᠳᠡᠭ᠌ᠯᠡᠯ ᠪᠢᠴᠢᠳᠡᠭ ᠪᠠᠢ᠌ᠭ᠍ᠰᠠᠨ ᠡᠴᠡ ᠤᠳᠤ ᠠᠵᠢᠯ᠎ᠤᠨ ᠳᠡᠮᠳᠡᠭ᠌ᠯᠡᠯ ᠪᠢᠴᠢᠬᠦ᠌
ᠪᠤᠯᠤᠯ᠎ᠠ᠂ ᠤᠳᠤ ᠰᠤᠷᠤᠭ᠍ᠴᠢᠳ ᠵᠢᠡᠨ ᠴᠤ᠌ ᠮᠦᠨ ᠢᠩᠭᠢᠵᠦ᠍ ᠱᠠᠭᠠᠷᠳᠠᠳᠠᠭ ᠭᠡᠵᠦ᠍ ᠴᠢ ᠵᠠᠬᠢᠷᠤᠯ
ᠶᠠᠷᠢᠨ᠎ᠠ᠃
ᠳᠡᠭᠦᠨ᠎ᠤ ᠠᠵᠢᠯ᠎ᠤᠨ ᠳᠡᠮᠳᠡᠭ᠌ᠯᠡᠯ ᠨᠢ ᠭᠤᠤᠯᠳᠠᠭᠤ ᠰᠤᠷᠭᠠᠭᠤᠯᠢ
ᠶ᠋ᠢᠨ ᠠᠵᠢᠯ᠎ᠤᠨ ᠳᠤᠬᠢᠷᠠᠭᠤᠯᠤᠯᠳᠠ ᠪᠠ ᠬᠡᠦᠬᠡᠳ᠎ᠤᠳ᠎ᠤᠨ ᠳᠤᠮᠳᠠ ᠪᠤᠯᠤᠭ᠍ᠰᠠᠨ ᠰᠤᠨᠢᠷᠬᠠᠯᠳᠠᠢ
ᠶᠠᠪᠤᠳᠠᠯ᠎ᠤᠳ ᠪᠤᠯᠤᠨ᠎ᠠ᠃
ᠦᠢᠯᠡᠰ᠎ᠤᠨ ᠬᠠᠷᠭᠤᠢ᠎ᠳᠦ ᠱᠠᠩᠨᠠᠯ ᠬᠦᠬᠢᠭᠦᠯᠦᠯ᠎ᠢᠶᠠᠷ ᠡᠩᠭᠡᠷ
ᠢᠶᠠᠨ ᠮᠢᠯᠢᠶᠠᠯᠭᠠᠵᠤ ᠶᠠᠪᠤᠭ᠍ᠰᠠᠨ ᠪᠤᠯᠪᠠᠴᠤ᠌ ᠴᠢ ᠵᠠᠬᠢᠷᠤᠯ᠎ᠤᠨ ᠬᠠᠮᠤᠭ᠎ᠤᠨ ᠪᠠᠬᠠᠷᠬᠠᠳᠠᠭ ᠨᠢ
ᠬᠠᠱᠢᠯᠠ ᠤᠨ᠎ᠤ ᠬᠦᠷᠳᠦ ᠵᠢ ᠬᠠᠮᠳᠤ ᠪᠡᠷ ᠡᠯᠡᠭᠡᠵᠦ᠍ ᠢᠷᠡᠭ᠌ᠰᠡᠨ ᠳᠡᠮᠳᠡᠭ᠌ᠯᠡᠯ᠎ᠤᠨ ᠳᠡᠪᠳᠡᠷ ᠨᠤᠭᠦᠳ ᠨᠢ
ᠪᠢᠯᠡ᠃ ᠲᠡᠷᠡ ᠪᠡᠷ ᠪᠠᠭ᠍ᠰᠢᠯᠠᠭ᠍ᠰᠠᠨ 30 ᠱᠢᠬᠠᠮ ᠵᠢᠯ ᠳ᠋ᠤ ᠬᠤᠶᠠᠷ ᠬᠤᠷᠤᠭᠤ ᠵᠤᠵᠠᠭᠠᠨ ᠳᠡᠮᠳᠡᠭ᠌ᠯᠡᠯᠢ 40 ᠱᠢᠬᠠᠮ ᠬᠢᠵᠡᠢ᠃ ᠲᠡᠳᠡᠭᠡᠷ ᠨᠢ ᠦᠨᠳᠦᠰᠦᠨ
ᠱᠠᠳᠤᠨ᠎ᠤ ᠰᠤᠷᠭᠠᠨ ᠬᠦᠮᠦᠵᠢᠯ᠎ᠤᠨ ᠤᠢ᠍ᠢᠯᠠᠯᠭ᠎ᠠ ᠬᠡᠮᠡᠷ ᠦᠨ᠎ᠡ ᠴᠠᠨ᠎ᠠ ᠲᠠᠢ ᠮᠠᠲᠸᠷᠢᠶᠠᠯ ᠪᠤᠯᠬᠤ ᠪᠦᠭᠡᠳ
ᠪᠠᠯᠴᠢᠷᠬᠠᠨ ᠰᠤᠷᠤᠭ᠍ᠴᠢᠳ ᠯᠤᠭ᠎ᠠ᠎ᠶ᠋ᠢᠨ ᠨᠠᠨᠳᠢᠨ ᠳᠤᠷᠠᠰᠤᠮᠵᠢ ᠪᠤᠯᠤᠭ᠍ᠰᠠᠨ ᠪᠠᠢ᠌ᠨ᠎ᠠ᠃
ᠬᠠᠱᠢᠷ ᠲᠤᠷᠱᠢᠯᠭ᠎ᠠ᠂ ᠬᠠᠢ᠌ᠷ᠎ᠠ ᠬᠠᠯᠠᠮᠵᠢ᠂ ᠬᠠᠷᠠᠯᠳᠠ ᠵᠤᠷᠢᠯᠳᠠ
ᠬᠠᠭᠤᠳᠠᠰᠤ ᠲᠡᠮᠳᠡᠭ᠌ᠯᠡᠯ ᠳ᠋ᠤ ᠲᠤᠷᠠᠢ᠌ᠵᠤ ᠬᠠᠷᠠᠬ᠍ᠳᠠᠨ᠎ᠠ᠃