— ᠡᠨᠡ ᠪᠤᠯ ᠮᠢᠨᠤ ᠵᠤᠬᠢᠶᠠᠭ᠍ᠰᠠᠨ ᠤᠯᠠᠨ
ᠭᠡᠷᠡᠭ᠌ᠴᠡᠭᠡ᠎ᠳᠦ ᠦᠬᠡᠷ᠎ᠤᠨ ᠵᠢᠶᠠᠰᠠ ᠪᠤᠯᠤᠨ᠎ᠠ᠂ ᠤᠯᠠᠨ ᠦᠬᠡᠷ᠎ᠢ ᠠᠯᠤᠰ ᠡᠴᠡ ᠬᠠᠮᠳᠤ ᠳ᠋ᠤ ᠨᠢ ᠡᠵᠡᠮᠳᠡᠵᠤ
ᠲᠡᠢ᠌ᠯᠦᠨᠠ ᠬᠡᠵᠤ ᠪᠤᠤ ᠠᠲ᠋ᠤᠮ ᠦᠪᠡᠷ᠎ᠤᠨ ᠪᠦᠳᠦᠬᠡᠯ ᠢᠶᠠᠨ ᠲᠠᠨᠢᠯᠴᠠᠭᠤᠯᠤᠨ᠎ᠠ᠃
ᠪᠤᠤᠠᠲ᠋ᠤᠮᠪᠤᠯᠪᠠᠭᠠᠷᠢᠨᠪᠠᠷᠠᠭᠤᠨᠬᠤᠱᠢᠭᠤᠨᠤᠳ᠋ᠠᠪᠠᠨᠤᠮᠤᠩᠭᠤᠯ ᠦᠨᠳᠦᠰᠦᠲᠡᠨ᠎ᠤ ᠲᠤᠷᠱᠢᠯᠳᠠ᠎ᠶ᠋ᠢᠨ ᠪᠠᠭ᠎ᠠ ᠰᠤᠷᠭᠠᠭᠤᠯᠢ᠎ᠶ᠋ᠢᠨ 6.2 ᠠᠩᠬᠢ᠎ᠶ᠋ᠢᠨ ᠰᠤᠷᠤᠭ᠍ᠴᠢ᠃ ᠲᠡᠷᠡ ᠤᠯᠠᠨ ᠶᠠᠭᠤᠮ᠎ᠠ ᠤᠷᠤᠯᠳᠤᠬᠤ ᠲᠤᠷᠠᠳᠠᠢ ᠪᠠᠢ᠌ᠳᠠᠭ
ᠡᠴᠡ ᠤᠤᠯ ᠨᠢ ᠨᠤᠭᠤᠭ᠎ᠠ ᠬᠠᠭᠤᠷᠬᠤ ᠲᠤᠭᠤᠭ᠎ᠠ᠂ ᠤᠯᠠᠨ ᠭᠡᠷᠡᠭ᠌ᠴᠡᠭᠡ᠎ᠳᠦ ᠤᠭ᠍ᠵᠢ᠂ ᠦᠬᠡᠷ ᠪᠤᠷᠳᠤᠬᠤ
ᠤᠩᠭᠤᠴᠠ ᠵᠡᠷᠭᠡ ᠪᠦᠳᠦᠬᠡᠯ ᠬᠢᠵᠤ ᠦᠩᠬᠡᠷᠡᠵᠠᠢ᠃

ᠡᠨᠡ ᠤᠳᠠᠭ᠎ᠠ ᠪᠤᠤ ᠠᠲ᠋ᠤᠮ ᠬᠠᠷᠢᠨ ᠤᠯᠠᠨ ᠭᠡᠷᠡᠭ᠌ᠴᠡᠭᠡ᠎ᠳᠦ
ᠦᠬᠡᠷ᠎ᠤᠨ ᠵᠢᠶᠠᠰᠠ ᠵᠤᠬᠢᠶᠠᠨ ᠭᠠᠷᠭᠠᠪᠠ᠃ ᠲᠡᠷᠡ ᠲᠤᠰ ᠪᠦᠳᠦᠬᠡᠯ᠎ᠢᠶᠠᠨ ᠠᠮᠢᠳᠤᠷᠠᠯ ᠡᠴᠡ ᠰᠡᠷᠡᠯᠳᠡ
ᠤᠯᠤᠭᠠᠳ ᠬᠢᠭ᠌ᠰᠡᠨ ᠶᠤᠮ᠃ ᠲᠠᠳᠠᠨᠠᠢ᠌ᠬᠢᠨ ᠰᠠᠭᠠᠯᠢ᠎ᠶ᠋ᠢᠨ ᠦᠨᠢᠶ᠎ᠠ ᠲᠡᠵᠢᠭᠡᠳᠡᠭ ᠲᠤᠯᠠ ᠭᠠᠷᠠᠭ᠎ᠤᠨ
ᠠᠮᠠᠷᠠᠯᠳᠠ ᠪᠤᠯᠪᠠᠯ ᠲᠡᠷᠡ ᠪᠡᠷ ᠠᠪᠤ ᠡᠵᠢ ᠲᠠᠢ ᠪᠠᠨ ᠬᠠᠮᠳᠤ ᠦᠬᠡᠷ ᠮᠠᠯ᠎ᠢᠶᠠᠨ ᠲᠡᠵᠢᠭᠡᠳᠡᠭ᠃ ᠬᠡᠳᠦ
ᠤᠳᠠᠭ᠎ᠠ ᠪᠤᠤ ᠠᠲ᠋ᠤᠮ ᠦᠬᠡᠷ᠎ᠢᠶᠠᠨ ᠲᠡᠵᠢᠬᠡᠬᠦ᠌ ᠦᠶ᠎ᠡ᠎ᠳᠤ ᠠᠭᠠᠰᠢ ᠮᠠᠭᠤᠳᠠᠢ ᠨᠢᠭᠡ ᠨᠢ ᠲᠡᠬᠦᠨ᠎ᠢ
ᠮᠦᠷᠬᠦᠬᠦ᠌ ᠪᠤᠶᠤ ᠤᠢ᠍ᠢᠷᠠᠳᠤᠵᠤ ᠪᠤᠯᠤᠰᠢ ᠦᠭᠡᠢ ᠪᠤᠯᠳᠠᠨ ᠲᠤᠳᠠᠭᠠᠳᠠᠭ ᠪᠠᠢ᠌ᠪᠠ᠃ ᠡᠨᠡ ᠨᠢ ᠠᠵᠢᠯ᠎ᠢ
ᠰᠠᠭᠠᠳᠠᠭᠠᠬᠤ ᠮᠦᠷᠳᠡᠭᠡᠨ ᠦᠭᠡᠷ ᠲᠡᠵᠢᠭᠡᠭ᠌ᠴᠢ ᠳ᠋ᠤ ᠴᠤ᠌ ᠡᠳᠦᠢ ᠲᠡᠳᠦᠢ ᠲᠦᠭᠦᠮ ᠦᠭᠡᠢ ᠪᠠᠢ᠌ᠳᠠᠭ᠃
ᠠᠵᠢᠭ᠍ᠴᠢ ᠬᠢᠷᠠᠬᠠᠢ᠂ ᠤᠷᠤᠯᠳᠤᠯᠭ᠎ᠠ ᠰᠠᠢ᠌ᠳᠠᠢ ᠪᠤᠤ ᠠᠲ᠋ᠤᠮ ᠡᠨᠡ ᠬᠦ᠌ ᠪᠠᠢ᠌ᠳᠠᠯ ᠳ᠋ᠤ ᠴᠢᠭ᠌ᠯᠡᠭᠦᠯᠦᠨ᠂
ᠤᠤᠯ᠎ᠤᠨ ᠬᠡᠷᠡᠭ᠌ᠯᠡᠵᠦ᠍ ᠪᠠᠢ᠌ᠭ᠍ᠰᠠᠨ ᠦᠭᠡᠷ᠎ᠤᠨ ᠵᠢᠶᠠᠰᠠ ᠳ᠋ᠤ ᠰᠠᠭᠤᠷᠢᠯᠠᠨ ᠦᠬᠡᠷᠡᠴᠢᠯᠡᠯᠲᠡ ᠬᠢᠵᠤ
ᠡᠬᠢᠯᠡᠪᠡ᠃
ᠲᠡᠳᠡᠨᠠᠢ᠌ᠬᠢᠨ ᠦᠭᠡᠷ᠎ᠤᠨ ᠵᠢᠶᠠᠰᠠ ᠵᠢᠨ᠎ᠢᠶᠠᠨ ᠲᠡᠪᠡᠭᠡ᠎ᠶ᠋ᠢ ᠨᠢ
ᠨᠢᠬᠡ ᠨᠢᠬᠡ ᠪᠡᠷ ᠨᠡᠬᠡᠬᠡᠵᠤ ᠬᠠᠭᠠᠳᠠᠭ ᠪᠡᠢ᠌ᠵᠡᠢ᠃ ᠲᠠᠷᠤᠢ ᠠᠪᠤ ᠡᠵᠢ ᠨᠢ ᠦᠬᠡᠷ᠎ᠢᠶᠠᠨ ᠲᠡᠵᠢᠬᠡᠬᠦ᠌
ᠪᠦᠷᠢ ᠨᠢᠬᠡ ᠨᠢᠬᠡ ᠵᠢᠶᠠᠰᠠ᠎ᠵᠢ ᠨᠢ ᠨᠡᠬᠡᠬᠡᠵᠤ ᠬᠠᠭᠠᠨ ᠴᠠᠭ ᠪᠠᠷᠠᠬᠤ ᠮᠦᠷᠳᠡᠭᠡᠨ ᠶᠡᠭᠡ ᠶᠠᠳᠠᠷᠠᠯᠳᠠᠢ
ᠪᠠᠢ᠌ᠳᠠᠭ᠃ ᠵᠠᠷᠢᠮ ᠦᠭᠡᠷ ᠨᠢ ᠲᠤᠯᠤᠭᠠᠢ ᠪᠡᠨ ᠰᠠᠵᠢᠯᠠᠭᠠᠳ ᠬᠦᠮᠦᠨ ᠤᠢ᠍ᠢᠷᠠᠳᠤᠭᠤᠯᠬᠤ ᠦᠬᠡᠢ ᠪᠤᠶᠤ
ᠲᠡᠮᠦᠷ ᠵᠢᠶᠠᠰᠠᠨ᠎ᠳᠤ ᠨᠢ ᠡᠪᠡᠷ᠎ᠢᠶᠠᠨ ᠬᠤᠭᠤᠯᠬᠤ ᠦᠵᠡᠭ᠌ᠳᠡᠯ ᠴᠤ᠌ ᠭᠠᠷᠴᠤ᠌ ᠦᠩᠭᠡᠷᠡᠪᠡ᠃ ᠪᠤᠤ ᠠᠲ᠋ᠤᠮ
ᠨᠠᠷᠢᠨ ᠨᠢᠮᠪᠠᠢ ᠠᠵᠢᠵᠤ᠂ ᠤᠤᠯ᠎ᠤᠨ ᠬᠠᠭᠤᠴᠢᠨ ᠦᠭᠡᠷ᠎ᠤᠨ ᠵᠢᠶᠠᠰᠠ᠎ᠶ᠋ᠢᠨ ᠤᠷᠤᠱᠢᠵᠤ ᠪᠠᠢ᠌ᠬᠤ
ᠠᠰᠠᠭᠤᠳᠠᠯ᠎ᠢ ᠨᠢᠭᠡᠳ ᠨᠢᠭᠡ ᠪᠡᠷ ᠡᠷᠢᠨ ᠭᠠᠷᠭᠠᠪᠠ᠃ ᠲᠡᠷᠡ ᠵᠠᠯᠭᠠᠭᠠᠳ ᠰᠠᠷ᠎ᠠ ᠭᠠᠷᠤᠢ ᠤᠷᠤᠯᠳᠤᠵᠤ
ᠪᠠᠢ᠌ᠭᠠᠳ ᠤᠤᠯ᠎ᠤᠨ ᠦᠬᠡᠷ᠎ᠤᠨ ᠵᠢᠶᠠᠰᠠ᠎ᠶ᠋ᠢᠨ ᠲᠤᠤᠷ᠎ᠠ ᠬᠠᠭᠠᠰ᠎ᠢ ᠨᠢ ᠮᠦᠨ ᠤᠭ ᠭᠡᠪ ᠢᠶᠠᠷ ᠨᠢ ᠪᠠᠢ᠌ᠯᠭᠠᠵᠤ᠂
ᠲᠡᠭᠡᠷ᠎ᠠ ᠬᠡᠰᠡᠭ᠎ᠤᠨ ᠵᠢᠶᠠᠰᠠ᠎ᠵᠢᠨ ᠦᠷᠭᠡᠨ ᠨᠠᠷ᠎ᠢ᠎ᠨᠢ ᠦᠭᠡᠷ᠎ᠤᠨ ᠡᠪᠡᠷ᠎ᠤᠨ ᠶᠡᠭᠡ ᠪᠠᠭ᠎ᠠ᠎ᠶ᠋ᠢ
ᠦᠨᠳᠦᠰᠦᠯᠡᠵᠤ ᠪᠠᠢ᠌ᠭᠠᠳ ᠴᠠᠭ ᠦᠷᠬᠦᠯᠵᠢ ᠬᠤᠪᠢᠷᠠᠭᠠᠵᠤ ᠪᠤᠯᠬᠤ ᠪᠡᠷ ᠲᠤᠬᠢᠷᠠᠭᠤᠯᠪᠠ᠃ ᠡᠨᠡ ᠨᠢ ᠦᠬᠡᠷ
ᠡᠪᠡᠷ᠎ᠢᠶᠠᠨ ᠬᠤᠭᠤᠯᠬᠤ ᠪᠤᠶᠤ ᠲᠤᠳᠠᠭᠠᠬᠤ ᠶᠠᠪᠤᠳᠠᠯ ᠭᠠᠷᠬᠤ ᠡᠴᠡ ᠵᠠᠢ᠌ᠯᠠᠰᠭᠢᠵᠤ ᠴᠢᠳᠠᠨ᠎ᠠ᠃ ᠲᠤᠰ ᠤᠯᠠᠨ
ᠭᠡᠷᠡᠭ᠌ᠴᠡᠭᠡ᠎ᠳᠦ ᠦᠬᠡᠷ᠎ᠤᠨ ᠵᠢᠶᠠᠰᠠ᠎ᠶ᠋ᠢᠨ ᠪᠦᠬᠦ᠌ ᠲᠡᠪᠡᠭᠡ᠎ᠶ᠋ᠢ ᠨᠢᠭᠡ ᠯᠡ ᠦᠵᠦᠭᠦᠷ᠎ᠤᠨ ᠲᠡᠪᠡᠭᠡ ᠳ᠋ᠤ
ᠡᠵᠡᠮᠳᠡᠵᠦ᠍᠂ ᠦᠵᠦᠭᠦᠷ᠎ᠤᠨ ᠲᠡᠪᠡᠭᠡ ᠵᠢ ᠨᠡᠭᠡᠭᠡᠵᠦ᠍ ᠬᠠᠭᠠᠪᠠᠯ ᠪᠤᠰᠤᠳ ᠲᠡᠪᠡᠭᠡ ᠨᠢ ᠪᠦᠷ ᠨᠡᠭᠡᠭᠡᠵᠦ᠍
ᠬᠠᠭᠠᠭ᠍ᠳᠠᠬᠤ ᠪᠤᠯᠤᠨ᠎ᠠ᠃ ᠲᠠᠷᠤᠢ ᠦᠬᠡᠷ ᠲᠠᠢ ᠤᠢ᠍ᠢᠷᠠᠳᠭᠤ ᠦᠬᠡᠢ ᠪᠡᠷ ᠨᠢᠬᠡ ᠯᠡ ᠤᠳᠠᠭ᠎ᠠ ᠳ᠋ᠤ ᠤᠯᠠᠨ
ᠵᠢᠶᠠᠰᠠ᠎ᠶ᠋ᠢ ᠨᠡᠭᠡᠭᠡᠵᠦ᠍ ᠬᠠᠭᠠᠵᠤ ᠲᠡᠢ᠌ᠯᠦᠨ᠎ᠡ᠃

ᠲᠡᠬᠦᠨ᠎ᠤ ᠵᠤᠬᠢᠶᠠᠭ᠍ᠰᠠᠨ ᠡᠨᠡ ᠬᠦ᠌ ᠤᠯᠠᠨ ᠭᠡᠷᠡᠭ᠌ᠴᠡᠭᠡ᠎ᠳᠦ
ᠦᠬᠡᠷ᠎ᠤᠨ ᠵᠢᠶᠠᠰᠠ ᠨᠢ 35᠎ᠳᠤᠭᠠᠷ
ᠤᠳᠠᠭᠠᠨ᠎ᠤ ᠦᠪᠦᠷ ᠮᠤᠩᠭᠤᠯ᠎ᠤᠨ ᠵᠠᠯᠠᠭᠤᠴᠤᠳ ᠪᠠᠭᠠᠴᠤᠳ᠎ᠤᠨ ᠰᠢᠨᠵᠢᠯᠡᠭᠦ ᠤᠬᠠᠭᠠᠨ ᠲᠸᠭᠨᠢᠢᠡ᠋ ᠮᠡᠷᠬᠡᠵᠢᠯ᠎ᠤᠨ ᠱᠢᠨ᠎ᠠ ᠶ᠋ᠢ
ᠡᠬᠦᠳᠬᠦ᠌ ᠤᠷᠤᠯᠳᠤᠭᠠᠨ᠎ᠳᠤ ᠨᠢᠬᠡᠳᠦᠭᠡᠷ ᠲᠡᠰ᠎ᠲᠤ ᠲᠤᠳᠤᠷᠠᠪᠠ᠃ ᠲᠤᠰ ᠪᠦᠳᠦᠬᠡᠯ ᠨᠢ ᠪᠠᠰᠠ ᠤᠯᠤᠰ᠎ᠤᠨ
ᠬᠡᠪᠴᠢᠶᠡᠨ᠎ᠤ ᠤᠷᠤᠯᠳᠤᠭᠠᠨ᠎ᠳᠤ ᠤᠷᠤᠯᠴᠠᠬᠤ ᠡᠷᠭᠡ᠎ᠶ᠋ᠢ ᠤᠯᠤᠭᠠᠳ ᠪᠦᠳᠦᠬᠡᠯ ᠢᠶᠠᠨ ᠲᠡᠪᠱᠢᠬᠦᠯᠦᠭᠡᠳ
ᠪᠠᠢ᠌ᠨ᠎ᠠ᠃
—
ᠮᠢᠨᠤ ᠬᠦᠦ ᠪᠠᠭ᠎ᠠ ᠡᠴᠡ ᠪᠡᠨ ᠶᠠᠭᠤᠮᠠᠬᠢᠵᠦ᠍ ᠤᠷᠤᠯᠳᠤᠬᠤ ᠲᠤᠷᠠᠳᠠᠢ᠂
ᠠᠳᠠᠯᠢ ᠪᠤᠰᠤ ᠲᠤᠭ᠍ᠯᠠᠭᠠᠮᠤᠨ ᠮᠠᠱᠢᠨᠶ᠋ᠢᠡᠨ ᠪᠦᠬᠦᠨ᠎ᠢ ᠵᠠᠳᠠᠯᠤᠭᠠᠳ ᠲᠠᠭᠢᠨ ᠶᠠᠩᠵᠤᠬᠡᠯᠪᠡᠷᠢᠶ᠋ᠢ
ᠨᠢ ᠬᠤᠪᠢᠷᠠᠭᠤᠯᠤᠭᠠᠳ ᠤᠭ᠍ᠰᠠᠷᠠᠵᠤ ᠨᠠᠭᠠᠳᠳᠠᠭ᠃ ᠭᠡᠷᠪᠡ ᠱᠢᠨ᠎ᠡ ᠪᠡᠷ ᠵᠤᠬᠢᠶᠠᠭᠠᠳ ᠲᠤᠬᠢᠷᠠᠬᠤ ᠦᠬᠡᠢ
ᠪᠤᠯ ᠤᠭ ᠶᠠᠩᠵᠤ ᠪᠡᠷ ᠨᠢ ᠤᠭ᠍ᠰᠠᠷᠠᠭᠠᠳ ᠲᠡᠢ᠌ᠯᠴᠢᠬᠡᠳᠡᠭ᠃ ᠪᠢᠳᠡ ᠬᠡᠦᠬᠡᠳ᠎ᠤᠨ ᠢᠶᠠᠨ ᠦᠪᠡᠷ ᠢᠶᠠᠨ
ᠰᠡᠳᠭᠢᠵᠤ ᠤᠷᠤᠯᠳᠤᠬᠤ᠎ᠶ᠋ᠢ ᠨᠢ ᠵᠤᠷᠢᠠᠠᠵᠢᠭᠤᠯᠳᠠᠭ ᠬᠡᠵᠤ ᠪᠤᠤ ᠠᠲ᠋ᠤᠮ᠎ᠤᠨ ᠡᠵᠢ ᠨᠢ ᠶᠠᠷᠢᠨ᠎ᠠ᠃