ᠬᠠᠨᠢ ᠵᠢ ᠵᠢᠷᠭᠤᠭᠠᠨ ᠨᠠᠰᠤ ᠲᠠᠢ ᠦᠶ᠎ᠠ᠎ᠶ᠋ᠢᠨ ᠵᠤᠭᠤᠭ ᠪᠢᠯᠡ᠃
— ᠬᠡᠦᠬᠡᠨ ᠮᠢᠨᠢ᠂ ᠵᠢᠷᠤᠭᠲᠡᠬᠢ ᠬᠦᠮᠦᠨ᠎ᠤ ᠭᠡᠵᠢᠭᠡ
ᠵᠢ ᠤᠨᠳᠤᠤ ᠦᠩᠭᠡ ᠪᠡᠷ ᠪᠤᠳᠤᠭ᠍ᠯᠠᠪᠠᠯ ᠵᠦᠭᠡᠷ ᠱᠢᠭ ᠭᠡᠵᠦ᠍ ᠬᠠᠨᠢ᠎ᠶ᠋ᠢᠨ ᠠᠪᠤ ᠨᠢ ᠵᠢᠭᠠᠨ᠎ᠠ᠃
— ᠬᠠᠷᠢᠨᠳᠠ᠂ ᠳᠡᠭᠡᠪᠡᠯ ᠬᠦᠷᠦᠭ᠌ᠰᠡᠨ ᠭᠡᠵᠢᠭᠡ᠎ᠶ᠋ᠢᠨ
ᠤᠨᠴᠠᠯᠢᠭ ᠨᠢ ᠨᠡᠩ ᠳᠤᠳᠤ ᠪᠤᠯᠤᠨ᠎ᠠ ᠭᠡᠵᠦ᠍ ᠡᠵᠢ ᠨᠢ ᠨᠦᠬᠦᠪᠦᠷᠢᠯᠡᠨ᠎ᠠ᠃
— ᠠᠪᠤ ᠡ᠂ ᠡᠵᠢ ᠡ᠂ ᠡᠨᠡ ᠪᠤᠯ ᠮᠢᠨᠤ ᠪᠤᠳᠤᠯ ᠡᠴᠡ
ᠤᠷᠭᠤᠭ᠍ᠰᠠᠨ ᠬᠦᠮᠦᠨ᠎ᠤ ᠳᠦᠷᠢ ᠮᠦᠨ᠃ ᠬᠡᠷᠪᠡ ᠲᠠ ᠨᠠᠷ᠎ᠤᠨ ᠬᠡᠯᠡᠭ᠌ᠰᠡᠨ ᠶᠤᠰᠤ ᠪᠡᠷ ᠵᠢᠷᠤᠪᠠᠯ ᠡᠨᠡ
ᠵᠢᠷᠤᠭ ᠶᠠᠭ ᠮᠢᠨᠤᠬᠢ ᠪᠢᠰᠢ ᠪᠤᠯᠴᠢᠬᠠᠨ᠎ᠠ ᠱᠢᠤ ᠭᠡᠵᠦ᠍ ᠬᠠᠨᠢ ᠦᠪᠡᠷ᠎ᠤᠨ ᠰᠠᠨᠠᠭ᠎ᠠ ᠪᠠᠨ
ᠪᠠᠷᠢᠮᠳᠠᠯᠠᠨ᠎ᠠ᠃

ᠬᠠᠨᠢᠭᠡᠵᠦ᠍ᠡᠢ᠌ᠮᠦ᠍ ᠯᠡ ᠦᠪᠡᠷ᠎ᠤᠨ ᠪᠤᠳᠤᠯ ᠲᠠᠢ ᠪᠦᠭᠡᠳ
ᠳᠡᠭᠦᠨ᠎ᠢ ᠪᠠᠨ ᠪᠠᠷᠢᠮᠳᠠᠯᠠᠵᠤ ᠴᠢᠳᠠᠳᠠᠭ ᠪᠢᠴᠢᠬᠠᠨ ᠵᠢᠷᠤᠭ᠍ᠴᠢᠨ ᠪᠢᠯᠡ᠃ ᠠᠪᠤ ᠡᠵᠢ ᠨᠢ ᠴᠤ᠌ ᠬᠡᠤᠬᠡᠨ
ᠶ᠋ᠢᠨᠨ ᠤᠢ᠍ᠢᠯᠠᠭᠠᠨ᠂ ᠲᠡᠬᠦᠨ᠎ᠤ ᠳᠠᠪᠠ ᠪᠡᠷ ᠢᠶᠠᠨ ᠵᠢᠷᠤᠭ ᠵᠢᠷᠤᠬᠤ ᠵᠢ ᠨᠢ ᠳᠡᠮᠵᠢᠵᠡᠢ᠃
ᠬᠠᠨᠢ ᠪᠤᠯ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ
ᠬᠠᠷᠢᠶᠠᠳᠤ ᠲᠤᠮᠳᠠᠳᠤᠰᠤᠷᠭᠠᠭᠤᠯᠢᠶ᠋ᠢᠨᠠᠩᠬᠠᠨᠢᠬᠡᠶ᠋ᠢᠨᠬᠤᠶᠠᠳᠤᠭᠠᠷᠠᠩᠬᠢᠶ᠋ᠢᠨ ᠰᠤᠷᠤᠭ᠍ᠴᠢ
ᠪᠤᠯᠤᠨ᠎ᠠ᠃ ᠬᠡᠳᠦᠢ᠌ᠪᠡᠷ ᠨᠠᠰᠤ ᠪᠠᠭ᠎ᠠ ᠪᠤᠯᠪᠠᠴᠤ᠌ ᠳᠡᠭᠦᠨ᠎ᠤ ᠤᠷᠠᠨ ᠵᠢᠷᠤᠭ᠎ᠤᠨ ᠪᠦᠳᠦᠭᠡᠯ ᠬᠠᠷᠢᠨ
ᠪᠠᠭ᠎ᠠ ᠪᠤᠰᠤ ᠪᠠᠢ᠌ᠳᠠᠭ᠃ ᠳᠡᠭᠦᠨ᠎ᠤ ᠤᠷᠠᠯᠢᠭ ᠪᠦᠳᠦᠭᠡᠯ ᠨᠢ ᠤᠷᠠᠨ ᠵᠢᠷᠤᠭ᠎ᠤᠨ ᠪᠠᠭ᠍ᠰᠢ ᠪᠤᠯᠬᠤ ᠠᠪᠤ
ᠡᠵᠢ᠎ᠶ᠋ᠢᠨ᠎ᠢᠶᠠᠨ ᠨᠦᠯᠦᠭᠡᠯᠡᠯ᠎ᠢ ᠬᠦᠷᠳᠡᠭ᠌ᠰᠡᠨ ᠡᠴᠡ ᠭᠠᠳᠠᠨ᠎ᠠ ᠦᠪᠡᠷ᠎ᠤᠨ ᠤᠷᠠᠨ ᠰᠡᠳᠭᠢᠬᠦᠢ᠎ᠪᠠᠨ
ᠬᠦᠯᠢᠶᠡᠰᠦᠯᠡᠯ ᠦᠭᠡᠢ ᠳᠡᠯᠭᠡᠵᠦ᠍ ᠴᠢᠳᠠᠳᠠᠭ ᠡᠴᠡ ᠢᠷᠡᠯᠳᠡᠢ᠃


ᠳᠡᠭᠦᠨ᠎ᠤ ᠵᠢᠷᠤᠭ ᠵᠢᠷᠤᠬᠤ ᠠᠪᠢᠶᠠᠰ ᠨᠢ ᠬᠠᠮᠳᠤ ᠨᠦᠬᠦᠳ᠎ᠤᠨ᠎ᠢᠶᠠᠨ
ᠳᠤᠮᠳᠠ ᠴᠤ᠌ ᠬᠦᠷᠢᠶᠡᠯᠡᠯ ᠲᠠᠢ ᠪᠠᠢ᠌ᠵᠤ᠂ ᠤᠯᠠᠨ ᠨᠦᠬᠦᠳ ᠨᠢ ᠳᠡᠭᠦᠨ᠎ᠢ ᠡᠷᠢᠵᠦ᠍ ᠵᠢᠷᠤᠭ ᠵᠢᠷᠤᠭᠤᠯᠳᠠᠭ
ᠪᠠᠢ᠌ᠯ᠎ᠠ᠃
— ᠡᠨᠡ ᠪᠤᠯ ᠮᠢᠨᠤ ᠪᠠᠬᠠᠷᠬᠠᠳᠠᠭ ᠨᠡᠷᠡᠳᠦ ᠤᠳᠤᠨ᠂
ᠳᠡᠭᠦᠨ᠎ᠤ ᠳᠦᠷᠢ ᠪᠡᠷ ᠨᠢ ᠺᠠᠷᠲ᠋ᠤᠨ ᠵᠢᠷᠤᠭ ᠵᠢᠷᠤᠭᠠᠳ ᠦᠭ᠌ᠭᠦᠭᠡᠴᠢ᠃
— ᠡᠨᠡ ᠪᠤᠯ ᠮᠢᠨᠤ ᠪᠢᠴᠢᠭ᠌ᠰᠡᠨ ᠦᠭᠦᠯᠡᠯᠭᠡ᠎ᠶ᠋ᠢᠨ
ᠭᠤᠤᠯ ᠪᠠᠭᠠᠳᠤᠷ᠂ ᠴᠢ ᠦᠵᠡᠵᠦ᠍ ᠪᠠᠢ᠌ᠭᠠᠳ ᠬᠠᠷᠠᠭᠠᠯᠵᠠᠭ᠍ᠰᠠᠨ ᠳᠦᠷᠢ ᠵᠢ ᠨᠢ ᠪᠦᠳᠦᠭᠡᠵᠦ᠍ ᠦᠭ᠌ᠬᠦᠨᠡᠤᠤ
᠁
— ᠬᠡᠦᠬᠡᠨᠤᠮᠢᠨᠢᠳᠡᠯᠭᠡᠨ ᠦᠵᠡᠭᠦᠯᠭᠡ᠎ᠳᠦ
ᠤᠷᠤᠯᠴᠠᠭ᠍ᠰᠠᠨ ᠵᠢᠷᠤᠭ᠎ᠢ ᠪᠠᠬᠠᠷᠬᠠᠵᠤ᠂ ᠬᠤᠳᠠᠯᠳᠤᠨ ᠠᠪᠬᠤ ᠪᠡᠷ ᠢᠷᠡᠭ᠌ᠰᠡᠨ ᠬᠦᠮᠦᠰ ᠴᠤ᠌ ᠬᠡᠳᠦ
ᠪᠠᠢ᠌ᠨ᠎ᠠ ᠭᠡᠵᠦ᠍ ᠡᠵᠢ ᠨᠢ ᠶᠠᠷᠢᠨ᠎ᠠ᠃


ᠡᠢ᠌ᠨ ᠬᠦ᠌᠂ ᠦᠪᠡᠷ᠎ᠤᠨ᠎ᠢᠶᠠᠨ ᠵᠢᠭᠠᠬᠠᠨ 《ᠤᠷᠤᠯᠭ᠎ᠠ》 ᠤᠯᠤᠭ᠍ᠰᠠᠨ ᠬᠠᠨᠢ᠂ ᠦᠨᠦ᠍ ᠵᠤᠨ᠎ᠤ
ᠠᠮᠠᠷᠠᠯᠳᠠ ᠪᠡᠷ ᠤᠯᠠᠭᠠᠠᠴᠠᠪ ᠬᠤᠲᠠ᠎ᠶ᠋ᠢᠨ ᠵᠢᠱᠢᠶᠡᠨ ᠠᠢ᠌ᠯ ᠳ᠋ᠡᠬᠢ ᠠᠮᠢᠳᠤᠷᠠᠯ ᠬᠦᠴᠢᠷ ᠳᠡᠢ
ᠨᠠᠰᠤᠳᠠᠢ᠌ᠴᠤᠳ᠎ᠢ ᠪᠤᠯᠭᠤᠭᠠᠨ ᠦᠵᠡᠬᠦ᠌ ᠠᠵᠢᠯᠯᠠᠭ᠎ᠠ᠎ᠳᠦ ᠢᠳᠡᠪᠬᠢᠳᠡᠢ ᠤᠷᠤᠯᠴᠠᠵᠠᠢ᠃
—
ᠬᠡᠦᠬᠡᠳ᠎ᠤᠨ ᠵᠢᠷᠤᠭ ᠵᠢᠷᠤᠬᠤ ᠠᠪᠢᠶᠠᠰ᠎ᠢ ᠪᠤᠳᠠᠰ᠎ᠢ ᠬᠢᠷᠢ ᠵᠡᠷᠭᠡ ᠠᠳᠠᠯᠢ
ᠵᠢᠷᠤᠭ᠍ᠰᠠᠨ᠎ᠢᠶᠠᠷ ᠪᠠᠷᠢᠮᠵᠢᠶᠠᠯᠠᠵᠤ ᠪᠤᠯᠬᠤ ᠦᠭᠡᠢ᠂ ᠬᠠᠷᠢᠨ ᠳᠡᠳᠡ ᠳᠤᠳᠤᠭᠠᠳᠤ ᠰᠡᠳᠭᠢᠯ᠎ᠤᠨ
ᠶᠢᠷᠳᠢᠨᠴᠤ᠌ ᠪᠠᠨ ᠪᠦᠷᠢᠨ ᠢᠯᠡᠳᠭᠡᠵᠦ᠍ ᠴᠢᠳᠠᠭ᠍ᠰᠠᠨ ᠡᠰᠡᠭᠦ᠌ ᠵᠢ ᠠᠩᠬᠠᠷᠬᠤ ᠨᠢ ᠨᠡᠩ ᠴᠢᠬᠤᠯᠠ ᠭᠡᠵᠦ᠍
ᠠᠪᠤ ᠨᠢ ᠴᠢᠯᠠᠭᠤ ᠰᠠᠨᠠᠭᠤᠯᠵᠤ ᠪᠠᠢ᠌ᠯ᠎ᠠ᠃
ᠬᠠᠨᠢ ᠶ᠋ᠢᠨ ᠬᠠᠷᠠᠨᠳᠠ ᠡᠴᠡ ᠬᠠᠢ᠌ᠷ᠎ᠠ ᠵᠢ ᠳᠠᠳᠠᠭ᠍ᠰᠠᠨ ᠵᠢᠷᠤᠭ
ᠰᠤᠯᠤᠩᠭᠠᠷᠠᠨ᠎ᠠ᠃