ᠰᠡᠳᠭᠢᠯ ᠲᠤᠯᠠᠭᠠᠴᠠᠭᠤᠯᠤᠬ᠍ᠰᠡᠨ ᠦᠢᠯᠡᠴᠢᠯᠡᠭᠡ
2021-02-10 10:58:58
ᠵᠣᠬᠢᠶᠠᠭ᠍ᠴᠢ᠄
ᠪᠠᠢ ᠱᠢᠤᠧᠠᠢ
ᠣᠩᠱᠢᠭ᠍ᠰᠠᠨ ᠣᠳᠠᠭ᠎ᠠ᠄
★★★☆☆

ᠡᠪᠤᠯ᠎ᠤᠨ ᠬᠦᠢᠳᠡᠨ᠎ᠳᠤ ᠬᠥᠳᠡᠯᠮᠦᠷᠢᠴᠢᠨ ᠲᠦᠮᠡᠨ ᠦᠨᠳᠦᠰᠦᠨ ᠱᠠᠲᠤᠨ᠎ᠳᠤ ᠬᠦᠨᠵᠡᠭᠡᠢᠷᠡᠵᠦ᠍᠂ ᠨᠢᠭᠡᠳᠦᠭᠡᠷ ᠹᠷᠣᠨᠲ᠎ᠲᠤ ᠭᠠᠪᠱᠢᠭᠠᠢᠯᠠᠨ᠂ ᠠᠵᠢᠯ᠎ᠤᠨ ᠪᠠᠢᠷᠢ ᠳᠡᠭᠡᠷ᠎ᠡ᠎ᠪᠠᠨ ᠦᠭᠡ ᠲᠠᠭᠤᠨ ᠦᠭᠡᠢ ᠠᠵᠢᠯᠯᠠᠵᠤ᠂ ᠬᠠᠯᠠᠭᠤᠨ ᠲᠤᠯᠠᠭᠠᠨ ᠦᠢᠯᠡᠴᠢᠯᠡᠭᠡ᠎ᠪᠠᠷ ᠤᠯᠠᠨ ᠲᠦᠮᠡᠨ᠎ᠤ ᠰᠡᠳᠭᠢᠯ᠎ᠢ ᠳᠤᠯᠠᠭᠠᠴᠠᠭᠤᠯᠤᠨ᠎ᠠ᠃


QQ截图20210210104935.jpg


ᠥᠷᠯᠥᠭᠡ᠎ᠶ᠋ᠢᠨ 4 ᠴᠠᠭ᠎ᠲᠤ᠌᠂ ᠬᠥᠮᠦᠰ ᠠᠮᠲᠠᠲᠦ ᠵᠡᠭᠦᠳᠦᠨ᠎ᠳᠡᠭᠡᠨ ᠪᠠᠢᠬᠤ ᠦᠶ᠎ᠡ᠎ᠳᠤ ᠶᠠᠨ ᠬᠤᠩ ᠸᠧᠶ ᠨᠢᠭᠡᠨᠲᠡ ᠠᠵᠢᠯ᠎ᠳᠠᠭᠠᠨ ᠭᠠᠷᠴᠢᠬᠠᠬ᠍ᠰᠡᠨ ᠪᠠᠢᠯ᠎ᠠ᠃ ᠶᠠᠨ ᠬᠤᠩ ᠸᠧᠶ ᠪᠣᠯ ᠬᠥᠬᠡᠬᠤᠲᠠ᠎ᠶ᠋ᠢᠨ ᠨᠡᠢᠲᠡ᠎ᠶ᠋ᠢᠨ ᠮᠠᠱᠢᠨ ᠲᠡᠷᠭᠡᠨ᠎ᠤ ᠲᠠᠪᠤᠳᠤᠭᠠᠷ ᠺᠣᠮᠫᠠᠨᠢ᠎ᠶ᠋ᠢᠨ ᠨᠡᠢᠲᠡ᠎ᠶ᠋ᠢᠨ ᠮᠠᠱᠢᠨ ᠲᠡᠷᠭᠡ ᠰᠡᠯᠪᠢᠨ ᠵᠠᠰᠠᠬᠤ ᠠᠵᠢᠯᠴᠢᠨ ᠪᠤᠯᠤᠨ᠎ᠠ᠃ ᠡᠳᠦᠷ ᠪᠦᠷᠢ ᠨᠡᠢᠲᠡ᠎ᠶ᠋ᠢᠨ ᠮᠠᠱᠢᠨ ᠲᠡᠷᠭᠡ ᠬᠥᠳᠡᠯᠬᠦ᠌᠎ᠠᠴᠠ ᠡᠮᠦᠨ᠎ᠡ᠂ ᠲᠡᠷᠡ ᠴᠥᠮ ᠮᠠᠱᠢᠨ ᠲᠡᠷᠭᠡ᠎ᠪᠠᠨ ᠤᠷᠢᠳᠴᠢᠯᠠᠨ ᠬᠠᠯᠠᠭᠤᠯᠵᠤ᠂ ᠲᠤᠯᠠᠭᠠᠨ᠎ᠤ ᠬᠡᠮᠵᠢᠶ᠎ᠡ ᠶᠡᠭᠡ᠎ᠪᠠᠷ ᠲᠤᠷᠤᠬ᠍ᠰᠢᠯᠠᠬᠤ ᠦᠶ᠎ᠡ᠎ᠳᠤ ᠣᠷᠣᠶ ᠪᠤᠯᠭᠠᠨ ᠬᠤᠶᠠᠷ ᠤᠳᠠᠭ᠎ᠠ ᠮᠠᠱᠢᠨ ᠲᠡᠷᠭᠡ᠎ᠪᠠᠨ ᠳᠤᠯᠠᠭᠠᠯᠠᠳᠠᠬ᠃ 《ᠲᠡᠷᠭᠡᠨ ᠲᠤᠲᠤᠷ᠎ᠠ ᠲᠤᠯᠠᠭᠠᠨ ᠪᠤᠯ ᠲᠡᠷᠭᠡᠨ᠎ᠳᠤ ᠰᠠᠭᠤᠬᠤ ᠬᠥᠮᠦᠰ᠎ᠤᠨ ᠰᠡᠳᠭᠢᠯ ᠲᠤᠯᠠᠭᠠᠬᠠᠨ》 ᠭᠡᠵᠦ᠍ ᠲᠡᠷᠡ ᠦᠷᠭᠦᠯᠵᠢ ᠬᠡᠯᠡᠳᠡᠭ᠃


QQ截图20210210104959.jpg


ᠡᠳᠦᠷ ᠪᠦᠷᠢ᠎ᠶ᠋ᠢᠨ ᠥᠷᠯᠥᠭᠡ᠎ᠶ᠋ᠢᠨ 7 ᠴᠠᠭ 15 ᠮᠢᠨᠦ᠋ᠲ᠎ᠲᠤ᠌᠂ ᠬᠥᠬᠡᠬᠤᠲᠠ᠎ᠶ᠋ᠢᠨ ᠴᠠᠭ ᠠᠭᠤᠷ᠎ᠤᠨ ᠥᠷᠲᠡᠭᠡᠨ᠎ᠤ ᠠᠵᠢᠯᠲᠠᠨ ᠠᠭᠠᠷ ᠬᠠᠢᠬᠤ ᠬᠡᠶ ᠪᠥᠮᠪᠦᠭᠡ᠎ᠪᠠᠨ ᠲᠠᠯᠪᠢᠵᠤ᠂ ᠠᠭᠠᠷ ᠬᠠᠢᠬᠤ ᠬᠡᠶ ᠪᠥᠮᠪᠦᠭᠡ᠎ᠨᠢ ᠲᠣᠭᠠᠴᠢᠯᠠᠬ᠍ᠰᠠᠨ ᠠᠭᠠᠷ ᠬᠠᠢᠬᠤ ᠬᠡᠮᠵᠢᠭᠦᠷᠯᠢᠭ᠎ᠢ ᠠᠪᠴᠤ᠌ ᠲᠦᠮᠡᠨ ᠮᠧᠲᠷ᠎ᠤᠨ ᠥᠨᠳᠥᠷ ᠣᠭ᠍ᠲᠠᠷᠭᠤᠶ᠎ᠳᠤ ᠭᠠᠷᠴᠤ᠌᠂ ᠠᠳᠠᠯᠢ ᠪᠤᠰᠤ ᠥᠨᠳᠥᠷ᠎ᠤᠨ ᠬᠡᠮᠵᠢᠶ᠎ᠡ᠂ ᠣᠷᠣᠨ ᠵᠠᠶ᠎ᠳᠠᠬᠢ ᠠᠭᠠᠷ ᠮᠠᠨᠳᠠᠯ᠎ᠤᠨ ᠳᠤᠯᠠᠭᠠᠨ᠎ᠤ ᠬᠡᠮᠵᠢᠶ᠎ᠡ᠂ ᠴᠢᠭᠢᠭ᠎ᠤᠨ ᠬᠡᠮᠵᠢᠶ᠎ᠡ᠂ ᠠᠭᠠᠷ᠎ᠤᠨ ᠳᠠᠷᠤᠯᠲᠠ ᠵᠡᠷᠭᠡ ᠲᠤᠭ᠎ᠠ ᠪᠠᠷᠢᠮᠲᠠ᠎ᠶ᠋ᠢ ᠷᠠᠳᠢᠣ᠋ ᠳᠣᠬᠢᠶ᠎ᠠ᠎ᠪᠠᠷ ᠳᠠᠮᠵᠢᠭᠤᠯᠤᠨ ᠭᠠᠵᠠᠷ᠎ᠤᠨ ᠭᠠᠳᠠᠷᠭᠤ᠎ᠳᠤ ᠪᠤᠴᠠᠭᠠᠨ ᠶᠠᠪᠤᠭᠤᠯᠵᠤ᠂ ᠡᠭᠦᠨ᠎ᠤ ᠤᠯᠠᠮ᠎ᠠᠴᠠ ᠴᠠᠭ ᠠᠭᠤᠷ᠎ᠤᠨ ᠮᠡᠷᠭᠡᠵᠢᠯᠲᠡᠳ᠎ᠢ ᠬᠠᠪᠰᠤᠷᠤᠨ ᠵᠠᠩᠭᠢᠯᠠᠭ᠎ᠠ᠎ᠶ᠋ᠢᠨ ᠴᠠᠭ ᠠᠭᠤᠷ᠎ᠤᠨ ᠡᠯᠧᠮᠧᠨ᠋ᠲ᠎ᠤᠨ ᠬᠡᠮᠵᠢᠭ᠌ᠳᠡᠯ᠎ᠢ ᠣᠯᠵᠤ᠂ ᠴᠠᠭ ᠠᠭᠤᠷ᠎ᠤᠨ ᠱᠢᠨᠵᠢᠯᠡᠬᠦ᠌ ᠤᠬᠠᠭᠠᠨ᠎ᠢ ᠨᠠᠩ ᠰᠠᠢᠨ ᠠᠱᠢᠬ᠍ᠯᠡᠨ ᠨᠡᠢᠭᠡᠮ᠎ᠳᠤ ᠦᠶᠯᠡᠴᠢᠯᠡᠳᠡᠭ᠃


QQ截图20210210105017.jpg


《ᠵᠠᠮ ᠬᠠᠯᠲᠤᠷᠢᠬᠤ᠎ᠠᠴᠠ ᠬᠢᠴᠢᠶᠡᠵᠦ᠍᠂ ᠲᠡᠷᠭᠡᠨ᠎ᠤ ᠵᠠᠢ᠎ᠪᠠᠨ ᠠᠩᠬᠠᠷᠤᠭᠠᠷᠠᠢ ᠁》 ᠬᠥᠬᠡᠬᠤᠲᠠ᠎ᠶ᠋ᠢᠨ ᠵᠠᠮ ᠬᠠᠷᠢᠯᠴᠠᠭᠠᠨ᠎ᠤ ᠴᠠᠭ᠍ᠳᠠᠭ᠎ᠠ ᠨᠠᠷ ᠰᠠᠯᠬᠢ ᠱᠢᠭᠤᠷᠭᠠᠨ᠎ᠢ ᠰᠦᠷᠦᠨ᠂ ᠬᠠᠬᠢᠷ ᠡᠪᠤᠯ᠎ᠤᠨ ᠬᠦᠢᠲᠡᠨ᠎ᠳᠤ ᠵᠢᠵᠢᠬᠦᠷᠯᠡᠨ᠂ ᠵᠠᠮ ᠬᠠᠷᠢᠯᠴᠠᠭᠠᠨ᠎ᠤ ᠠᠮᠤᠷ ᠲᠦᠪᠱᠢᠨ᠂ ᠠᠶᠠᠯᠠᠯ ᠵᠦᠬᠡᠬᠡᠪᠦᠷᠢ᠎ᠶ᠋ᠢᠨ ᠰᠠᠭᠠᠳ ᠦᠭᠡᠢ ᠨᠡᠪᠲᠡᠷᠡᠬᠦ᠌᠎ᠶ᠋ᠢ ᠪᠠᠲᠤᠯᠠᠵᠦ᠍ ᠪᠠᠢᠳᠠᠭ᠃


QQ截图20210210105041.jpg


ᠬᠤᠲᠠ᠎ᠶ᠋ᠢᠨ ᠰᠠᠭᠤᠭᠠᠯᠢ ᠠᠷᠠᠳ᠎ᠤᠨ ᠡᠪᠤᠯ᠎ᠢ ᠲᠤᠯᠠᠭᠠᠨ ᠪᠦᠯᠢᠶᠡᠨ ᠦᠩᠬᠡᠷᠡᠭᠦᠯᠭᠦ᠎ᠶ᠋ᠢ ᠪᠠᠲᠤᠯᠠᠬᠤ᠎ᠶ᠋ᠢᠨ ᠲᠥᠯᠥᠭᠡ᠂ ᠴᠠᠬᠢᠯᠭᠠᠨ ᠬᠦ᠍ᠴᠦᠨ᠎ᠤ ᠠᠵᠢᠯᠴᠢᠨ ᠬᠠᠬᠢᠷ ᠬᠦᠢᠲᠡᠨ᠎ᠢ ᠬᠠᠢᠬᠤᠷᠤᠯ ᠦᠬᠡᠢ᠂ ᠴᠠᠰᠤ ᠱᠢᠭᠤᠷᠭᠠᠨ᠎ᠳᠤ ᠴᠠᠬᠢᠯᠭᠠᠨ ᠲᠣᠣᠷ᠎ᠢ ᠬᠠᠮᠠᠭᠠᠯᠠᠨ᠂ ᠴᠠᠬᠢᠯᠭᠠᠨ᠎ᠤ ᠬᠠᠩᠭᠠᠯᠭ᠎ᠠ᠎ᠶ᠋ᠢ ᠪᠠᠲᠤᠯᠠᠵᠤ᠂ ᠦᠶ ᠲᠦᠮᠡᠨ ᠭᠡᠷ ᠪᠦᠯᠢ᠎ᠶ᠋ᠢ ᠳᠤᠯᠠᠭᠠᠴᠠᠭᠤᠯᠵᠦ᠍ ᠪᠤᠢ᠃


QQ截图20210210105103.jpg


ᠲᠡᠲᠡ ᠪᠤᠯ ᠥᠪᠡᠷ᠎ᠤᠨ ᠪᠡᠶ᠎ᠡ᠎ᠪᠠᠨ ᠬᠠᠷᠠᠮ ᠦᠬᠡᠢ ᠵᠤᠷᠢᠭᠤᠯᠤᠨ ᠨᠡᠩ ᠤᠯᠠᠨ ᠬᠥᠮᠦᠨ᠎ᠳᠤ ᠳᠥᠭᠦᠮ ᠦᠵᠡᠭᠦᠯᠵᠤ᠂ ᠠᠮᠤᠷ ᠠᠮᠤᠭᠤᠯᠠᠩ᠎ᠢ ᠬᠦᠷᠭᠡᠵᠦ᠍ ᠪᠠᠢᠭ᠎ᠠ ᠬᠠᠮᠤᠬ᠎ᠤᠨ ᠬᠠᠢᠷᠠᠯᠠᠯᠳᠠᠢ ᠬᠦᠨᠳᠦᠳᠭᠡᠯᠳᠡᠢ ᠬᠦᠮᠦᠰ ᠶᠤᠮᠰᠡᠨ᠃ ᠬᠦᠬᠡᠬᠡ ᠡᠪᠦᠯ᠎ᠢ ᠤᠶᠠᠰᠭᠠᠬ᠍ᠰᠠᠨ ᠬᠠᠮᠤᠬ᠎ᠤᠨ ᠭᠤᠶᠤ᠂ ᠬᠠᠮᠤᠬ᠎ᠤᠨ ᠲᠤᠲᠤᠨᠤ ᠬᠦᠳᠡᠯᠮᠤᠷᠢᠴᠢᠨ ᠲᠦᠮᠡᠨ᠎ᠳᠡᠭᠡᠨ ᠬᠦᠨᠳᠦᠳᠭᠡᠯ ᠲᠡᠪᠱᠢᠬᠦᠯᠦᠶ᠎ᠡ!


QQ截图20210210105119.jpg


 (ᠲᠤᠰ ᠨᠢᠭᠤᠷ᠎ᠤᠨ ᠨᠡᠷ᠎ᠡ ᠬᠠᠲᠠᠬ᠍ᠰᠠᠨ᠎ᠠᠴᠠ ᠪᠤᠰᠤᠳ ᠬᠡᠷᠡᠯ ᠵᠢᠷᠤᠭ᠎ᠤᠳ᠎ᠢ ᠲᠤᠰ ᠰᠣᠨᠢᠨ᠎ᠤ ᠰᠤᠷᠪᠤᠯᠵᠢᠯᠠᠭ᠍ᠴᠢ ᠬᠤᠢᠳᠤᠠᠤᠯᠤᠰ ᠰᠡᠭᠦᠳᠡᠷᠯᠡᠪᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号