《ᠦᠴᠦᠭᠡᠲᠦᠷ ᠰᠦᠨᠢ ᠮᠠᠯ ᠤᠨᠤᠭ᠎ᠠ ᠡᠮᠨᠡᠵᠦ᠍ ᠶᠠᠭᠠᠷᠠᠭ᠍ᠰᠠᠭᠠᠷ ᠪᠠᠢᠭᠠᠳ ᠲᠤᠬᠢᠳᠠᠢᠬᠠᠨ ᠤᠨᠳᠠᠵᠦ᠍ ᠠᠮᠠᠷᠠᠭ᠎ᠠ ᠦᠭᠡᠢ᠂ ᠡᠨᠡ ᠡᠳᠦᠷ ᠴᠤ᠌ ᠪᠦᠳᠦᠨ ᠡᠳᠦᠷ ᠮᠠᠯ ᠡᠮᠨᠡᠵᠤ᠂ ᠤᠳᠤ ᠶᠠᠳᠠᠷᠠᠵᠤ ᠲᠦᠢᠯᠳᠠᠭᠠᠳ ᠮᠠᠱᠢᠨ ᠪᠠᠷᠢᠵᠦ᠍ ᠶᠠᠪᠤᠬᠤ᠎ᠳᠤ ᠬᠡᠴᠡᠭᠦᠳᠡᠯ᠎ᠡ᠃ ᠬᠤᠷᠲᠤᠬᠠᠨ ᠭᠡᠷ᠎ᠲᠡᠭᠡᠨ ᠬᠠᠷᠢᠵᠦ᠍ ᠲᠤᠭ᠍ᠬᠢᠬᠤ ᠬᠡᠷᠡᠭ᠌ᠲᠠᠢ ᠪᠠᠢᠨ᠎ᠡ》 ᠭᠡᠵᠦ᠍ ᠮᠠᠯ᠎ᠤᠨ ᠡᠮᠴᠢ ᠨᠠᠶᠠᠨᠲᠠᠢ᠎ᠶ᠋ᠢᠨ ᠡᠭᠡᠷᠡᠤᠯ ᠮᠠᠲᠦ᠎ᠪᠠᠷ ᠡᠷᠬᠢᠯᠲᠦᠨ ᠶᠠᠭᠠᠷᠠᠵᠦ᠍ ᠪᠠᠢᠭ᠍ᠰᠠᠨ᠎ᠲᠠᠢ ᠬᠠᠷᠭᠤᠭ᠍ᠰᠠᠨ ᠮᠢᠨᠢ ᠪᠢᠳᠡᠬᠦᠨ᠎ᠤ ᠡᠮᠥᠨ᠎ᠡ ᠡᠳᠦᠷ ᠪᠠᠢᠵᠦ᠍ ᠪᠢᠯᠡ᠃
ᠨᠠᠶᠠᠨᠲᠠᠢ ᠤᠩᠨᠢᠭᠤᠳ ᠬᠤᠱᠢᠭᠤᠨ᠎ᠤ ᠠᠱᠢᠬᠠᠨ ᠰᠤᠮᠦ᠎ᠶ᠋ᠢᠨ ᠪᠤᠮᠠᠨ ᠲᠤᠭᠤᠢ᠍ᠢᠯᠠᠩ᠎ᠤᠨ ᠮᠠᠯ᠎ᠤᠨ ᠡᠮᠴᠢ᠂ ᠬᠡᠳᠦ᠋ᠢᠪᠡᠷ ᠮᠠᠯ᠎ᠤᠨ ᠡᠮᠴᠢ᠎ᠶ᠋ᠢᠨ ᠠᠵᠢᠯ ᠬᠢᠭᠡᠳ ᠬᠡᠲᠦᠬᠡᠨ ᠵᠢᠯ᠎ᠤᠨ ᠨᠢᠭᠤᠷ ᠦᠵᠡᠵᠦ᠍ ᠪᠠᠢᠭ᠎ᠠ ᠪᠤᠯᠪᠠᠴᠤ᠌ ᠲᠦᠴᠢ ᠡᠷᠬᠢᠮᠡ ᠨᠠᠰᠦᠨ᠎ᠳᠠᠭᠠᠨ ᠤᠪᠤᠭ᠎ᠠ ᠲᠤᠬ᠎ᠢ᠎ᠵᠢᠨ ᠬᠠᠱᠢᠷᠵᠢᠵᠠᠢ᠃
《ᠪᠤᠰᠤᠳ ᠮᠠᠯ᠎ᠤᠨ ᠡᠮᠴᠢ᠎ᠠᠴᠠ ᠢᠯᠭᠠᠭ᠍ᠳᠠᠬᠤ ᠲᠠᠯ᠎ᠡ ᠬᠡᠪᠡᠯ ᠨᠠᠶᠠᠨᠲᠠᠢ ᠡᠮᠴᠢ ᠡᠮ᠎ᠢ ᠤᠨᠤᠪᠴᠢᠲᠠᠢ ᠪᠦᠭᠡᠳ ᠢᠯᠡᠭᠦᠤ ᠵᠠᠷᠤᠳᠠᠭ᠂ ᠬᠡᠵᠢᠶ᠎ᠡ ᠲᠠᠭᠤᠳᠠᠪᠠᠯ ᠲᠡᠷᠡ ᠲᠠᠷᠤᠢ᠎ᠳᠤ ᠯᠠᠪᠲᠠᠢ ᠢᠷᠡᠨ᠎ᠡ᠃ ᠲᠡᠭᠦᠨ᠎ᠤ ᠭᠠᠷ ᠲᠠᠮᠵᠢᠭ᠍ᠰᠠᠨ ᠮᠠᠯ ᠤᠨᠤᠭ᠎ᠠ ᠡᠳᠡᠭᠡᠭᠦ᠌ ᠦᠭᠡᠢ᠎ᠨᠢ ᠴᠦᠭᠡᠨ᠂ ᠡᠢᠮᠦ᠎ᠳᠡᠭᠡᠨ ᠪᠢᠳᠡ ᠴᠦᠮ ᠲᠡᠭᠦᠨ᠎ᠢ ᠲᠠᠭᠤᠳᠠᠨ ᠡᠮᠨᠡᠭᠦᠯᠬᠦ᠌ ᠲᠤᠷᠠᠳᠠᠢ》 ᠭᠡᠵᠦ᠍ ᠠᠱᠢᠬᠠᠨ ᠰᠤᠮᠦ᠎ᠶ᠋ᠢᠨ ᠤᠯᠠᠭᠠᠨ᠌ᠤᠲᠦ ᠭᠠᠴᠠᠭ᠎ᠠ᠎ᠶ᠋ᠢᠨ ᠮᠠᠯᠴᠢᠨ ᠴᠦᠨ ᠰᠧ ᠶᠠᠷᠢᠵᠦ᠍ ᠪᠢᠯᠡ᠃
ᠮᠠᠯ ᠤᠨ ᠡᠮᠴᠢ ᠨᠠᠶᠠᠨᠲᠠᠢ ᠲᠠᠢ ᠲᠠᠬᠢᠭᠠᠳ ᠬᠠᠷᠭᠤᠭ᠍ᠰᠠᠨ ᠮᠢᠨᠢ ᠴᠠᠭᠠᠭ᠍ᠴᠢᠨ ᠦᠬᠡᠷ ᠵᠢᠯ ᠤᠨ ᠱᠢᠨ᠎ᠡ ᠶ᠋ᠢᠨ ᠨᠢᠭᠡᠨ ᠤ ᠡᠳᠦᠷ ᠪᠠᠢᠵᠦ᠍ ᠪᠢᠯᠡ᠃ ᠤᠯᠠᠭᠠᠬᠤᠲᠦ ᠭᠠᠴᠠᠭ᠎ᠠ᠎ᠶ᠋ᠢᠨ ᠮᠠᠯᠴᠢᠨ ᠰᠦᠨ ᠹᠦ᠋ ᠯᠢᠨ᠎ᠤ ᠦᠨᠢᠶ᠎ᠡ᠎ᠨᠢ ᠬᠡᠲᠦᠨ ᠡᠳᠦᠷ ᠢᠳᠡᠵᠦ᠍ ᠤᠤᠭᠤᠬᠤ᠎ᠪᠠᠨ ᠪᠤᠯᠢᠵᠤ᠂ ᠮᠡᠷ ᠰᠡᠷ ᠶᠤᠤᠯᠠᠬᠤ ᠲᠡᠳᠦᠢ ᠪᠤᠯᠤᠭ᠍ᠰᠠᠨ᠎ᠳᠤ ᠲᠡᠷᠡ᠎ᠪᠠᠷ ᠨᠠᠶᠠᠨᠲᠠᠢ᠎ᠳᠤ ᠤᠳᠠᠰᠦᠳᠠᠭ᠍ᠰᠠᠨ ᠪᠠᠢᠯ᠎ᠡ᠃ ᠴᠠᠭᠠᠨ᠎ᠡ᠎ᠨᠢ ᠮᠠᠯ ᠡᠮᠨᠡᠵᠦ᠍ ᠶᠠᠭᠠᠷᠠᠵᠦ᠍ ᠪᠠᠢᠭ᠍ᠰᠠᠨ ᠨᠠᠶᠠᠨᠲᠠᠢ ᠡᠮᠴᠢ ᠰᠦᠨᠢ᠎ᠶ᠋ᠢᠨ 8 ᠴᠠᠭ᠎ᠤᠨ ᠦᠶ ᠡᠳ᠎ᠤ ᠶᠠᠭᠠᠷᠠᠯᠳᠠᠢ ᠬᠦᠷᠴᠦ᠍ ᠢᠷᠡᠬᠡᠳ ᠠᠮᠦᠷ ᠮᠡᠨᠳᠦ᠎ᠪᠠᠨ ᠮᠡᠳᠡᠯᠴᠡᠵᠦ᠍ ᠪᠠᠷᠠᠮᠠᠭ᠍ᠴᠠ ᠦᠨᠢᠶ᠎ᠡ ᠦᠵᠡᠬᠦ᠌᠎ᠪᠠᠷ ᠭᠠᠷᠤᠭᠠᠳ ᠶᠠᠪᠤᠯᠡ᠃
《ᠦᠨᠢᠶ᠎ᠡ ᠴᠦ᠍ ᠲᠠᠮᠤᠷ ᠤᠳᠠᠰᠦ ᠢᠳᠡᠭ᠌ᠰᠡᠨ᠎ᠨᠢ ᠪᠠᠲᠤᠲᠠᠢ ᠪᠤᠯᠵᠠᠢ》 ᠭᠡᠵᠦ᠍ ᠨᠠᠶᠠᠨᠲᠠᠢ ᠶᠠᠷᠢᠭ᠍ᠰᠠᠨ᠎ᠢᠶᠠᠨ ᠲᠦᠭᠦᠭᠡᠷᠦᠮᠵᠢ᠎ᠪᠠᠨ ᠬᠡᠲᠦᠭᠡᠨ ᠮᠢᠨᠦ᠋ᠲ᠎ᠲᠤ ᠪᠡᠯᠡᠳᠭᠡᠭᠡᠳ ᠤᠳᠠᠵᠤ ᠲᠦᠳᠡᠯ ᠦᠬᠡᠢ ᠦᠨᠢᠶ᠎ᠡ᠎ᠶ᠋ᠢᠨ ᠭᠦᠵᠡᠭᠡ᠎ᠶ᠋ᠢ ᠬᠠᠭᠠᠯᠵᠦ᠍᠂ ᠲᠦᠷᠪᠡᠨ ᠭᠡᠰᠡᠭ ᠨᠠᠷᠢᠨ ᠪᠦᠲᠦᠭᠦᠨ ᠤᠷᠲᠦ ᠤᠬᠤᠷ᠎ᠨᠢ ᠠᠳᠠᠯᠢ ᠪᠤᠰᠦ ᠦᠵᠦᠭᠦᠷ᠎ᠨᠢ ᠮᠢᠬᠠᠨ᠎ᠳᠤ ᠢᠳᠡᠭ᠌ᠳᠡᠵᠦ᠍ ᠴᠠᠢᠷᠠᠭ᠍ᠰᠠᠨ ᠲᠡᠮᠦᠷ ᠤᠳᠠᠰᠦᠨ ᠲᠠᠰᠦᠷᠬᠠᠢᠶ᠋ᠢ ᠭᠠᠷᠭᠠᠵᠤ ᠬᠠᠶᠠᠪᠠ᠃ ᠪᠦᠬᠦ᠌ ᠮᠡᠰᠡ ᠵᠠᠰᠠᠯ ᠬᠠᠭᠠᠰ ᠴᠠᠭ ᠠᠷᠠᠢ ᠪᠤᠯᠤᠭ᠎ᠠ ᠦᠭᠡᠢ᠎ᠪᠠᠷ ᠲᠠᠭᠤᠰᠴᠤ᠌᠂ ᠰᠦᠨ ᠹᠦ᠋ ᠯᠢᠨ᠎ᠤ ᠦᠨᠢᠶ᠎ᠠ ᠠᠪᠤᠷᠠᠭ᠍ᠳᠠᠵᠠᠢ᠃
《ᠴᠠᠭᠠᠨ ᠰᠠᠷ᠎ᠡ᠎ᠶ᠋ᠢᠨ ᠱᠢᠨ᠎ᠡ᠎ᠶ᠋ᠢᠨ ᠨᠢᠭᠡᠨ᠎ᠳᠤ ᠢᠩᠬᠢᠵᠦ᠍ ᠵᠦᠳᠡᠷᠡᠬᠦ᠌ ᠠᠮᠠᠷ ᠦᠭᠡᠢ》 ᠬᠡᠵᠥ᠍ ᠬᠡᠨ ᠨᠢᠬᠡ ᠨᠢ ᠬᠡᠯᠡᠬᠦ᠌ ᠳᠤ᠂ ᠨᠠᠶᠠᠨᠳᠠᠢ᠄ 《ᠡᠨᠡ ᠪᠤᠯ ᠮᠢᠨᠦ᠍ ᠡᠨᠡ ᠡᠳᠦᠷ᠎ᠤᠨ ᠬᠢᠭ᠌ᠰᠡᠨ ᠵᠢᠷᠭᠤᠭᠠᠳᠠᠬᠢ ᠮᠡᠰᠡ ᠵᠠᠰᠠᠯ ᠪᠤᠯᠤᠨ᠎ᠡ᠃ ᠵᠢᠯ ᠴᠠᠭᠠᠨ ᠰᠠᠷ᠎ᠡ᠎ᠳᠤ ᠮᠠᠯ ᠤᠨᠤᠭ᠎ᠠ ᠭᠡᠮᠨᠡᠵᠥ᠍ ᠵᠤᠪᠠᠭ᠍ᠤ᠎ᠨᠢ ᠮᠠᠯ᠎ᠤᠨ ᠲᠤᠰ ᠪᠡᠶ᠎ᠡ᠂ ᠮᠠᠯ᠎ᠤᠨ ᠡᠵᠡᠨ᠎ᠳᠤ ᠬᠠᠯᠠ᠎ᠲᠠᠢ ᠤᠴᠢᠷ ᠪᠤᠯᠤᠨ᠎ᠠ᠃ ᠨᠢᠬᠡ ᠮᠠᠯ᠎ᠢᠶᠠᠨ ᠠᠯᠳᠠᠬᠤ᠎ᠨᠢ ᠮᠠᠯᠴᠢᠨ ᠠᠢᠯ᠎ᠳᠤ ᠪᠠᠭ᠎ᠠ ᠪᠤᠰᠤ᠎ᠶ᠋ᠢᠨ ᠬᠤᠬᠢᠷᠠᠯ ᠪᠤᠯᠬᠤ ᠶᠤᠮ᠂ ᠲᠡᠢᠮᠦ᠎ᠠᠴᠠ ᠪᠢ ᠡᠳᠦᠷᠵᠢᠨ ᠮᠤᠷᠢᠨ ᠲᠤᠪᠳᠤᠯᠤᠭ᠎ᠠ᠎ᠪᠠᠷ ᠬᠦᠶᠦᠵᠥ᠍ ᠯᠠ ᠪᠠᠢᠨ᠎ᠡ》 ᠭᠡᠵᠦ᠍ ᠴᠠᠢᠯᠭᠠᠨ ᠬᠡᠯᠡᠬᠦ᠌ ᠶᠤᠮ ᠪᠢᠯᠠ᠃
ᠨᠠᠶᠠᠨᠳᠠᠢ ᠪᠤᠷᠵᠠᠢᠭ᠍ᠰᠠᠨ ᠬᠦᠯᠥᠰᠥᠪᠠᠨ ᠠᠷᠴᠢᠵᠤ᠂ ᠮᠡᠰᠡ ᠵᠠᠰᠠᠯ᠎ᠤᠨ ᠲᠠᠷᠠᠭᠠᠬᠢ ᠬᠡᠷᠡᠭ᠌ᠯᠡᠬᠦ᠌ ᠡᠮ᠎ᠤᠨ ᠲᠤᠬᠠᠢ ᠮᠠᠯ᠎ᠤᠨ ᠡᠵᠡᠨ ᠰᠦᠨ ᠹᠦ᠋ ᠯᠢᠨ᠎ᠳᠤ ᠨᠠᠷᠢᠨ ᠰᠠᠢᠬᠠᠨ ᠶᠠᠷᠢᠵᠦ᠍ ᠪᠠᠢᠲᠠᠯᠡ ᠤᠳᠠᠰᠦ ᠨᠢ ᠲᠤᠤᠭᠠᠷᠤᠯᠠ᠃ ᠲᠡᠷᠡ᠄ 《ᠵᠦᠬᠡᠷ ᠪᠠᠢᠬᠤ᠂ ᠪᠢᠳᠡᠭᠡᠢ ᠪᠠᠴᠢᠮᠳᠠ᠃ ᠪᠢ ᠤᠳᠠᠬᠤ ᠦᠭᠡᠢ ᠬᠦᠷᠦᠨ᠎ᠡ᠃ ᠦᠭᠡᠷᠲᠡᠭᠡᠨ ᠼᠤᠤ ᠴᠢᠳᠭᠤᠭᠠᠳ ᠨᠠᠳᠠ᠎ᠶ᠋ᠢ ᠬᠦᠯᠢᠶᠡᠵᠦ᠍ ᠪᠠᠢᠭᠠᠷᠠᠢ》 ᠭᠡᠵᠦ᠍ ᠤᠳᠠᠰᠤᠨ᠎ᠤ ᠴᠠᠭᠠᠨᠠᠬᠢ ᠮᠠᠯᠴᠢᠨ᠎ᠳᠤ ᠵᠠᠬᠢᠵᠦ᠍ ᠪᠠᠢᠯ᠎ᠡ᠃
ᠲᠦᠳᠡᠯ ᠦᠭᠡᠢ ᠮᠠᠯ᠎ᠤᠨ ᠡᠮᠴᠢ᠎ᠶ᠋ᠢᠨ ᠴᠠᠭᠠᠨ ᠲᠡᠷᠭᠡ ᠬᠠᠷᠠᠩᠭᠤᠢ᠎ᠳᠤ ᠠᠭᠤᠰᠦᠨ ᠱᠢᠩᠭᠡᠯᠡ᠃