ᠮᠠᠯ ᠰᠦᠷᠦᠭ᠎ᠢᠶᠠᠨ ᠮᠡᠨᠳᠤ ᠤᠨᠳᠤᠷᠤᠭᠤᠯᠤᠭ᠍ᠰᠠᠨ ᠮᠠᠯᠴᠢᠳ᠎ᠤᠨ ᠴᠠᠭᠠᠨ ᠰᠠᠷ᠎ᠠ
2021-02-27 18:19:45
ᠵᠣᠬᠢᠶᠠᠭ᠍ᠴᠢ᠄
ᠪᠢᠯᠢᠭ᠌ᠪᠡᠭᠠᠲᠤᠷ
ᠣᠩᠱᠢᠭ᠍ᠰᠠᠨ ᠣᠳᠠᠭ᠎ᠠ᠄
★★★☆☆

ᠡᠨᠡ ᠵᠢᠯ᠎ᠤᠨ ᠴᠠᠭᠠᠨ ᠰᠠᠷ᠎ᠠ᠎ᠶ᠋ᠢ ᠮᠠᠯᠴᠢᠨ ᠪᠢᠯᠢᠭ᠌ᠪᠡᠳᠤ᠎ᠶ᠋ᠢᠨ᠎ᠬᠢᠨ ᠮᠠᠰᠢ ᠶᠠᠭᠠᠷᠠᠯᠲᠠᠢ ᠦᠡᠭ᠌ᠭᠡᠷᠡᠭᠦᠯᠵᠠᠢ᠃ ᠡᠷᠳᠡ ᠬᠠᠪᠤᠷ᠎ᠤᠨ ᠲᠦᠯ ᠲᠤᠰᠭᠤ ᠠᠵᠢᠯ᠎ᠢᠶᠠᠨ ᠠᠬᠢᠭᠤᠬᠠᠨ ᠪᠡᠯᠡᠳᠭᠡᠭ᠌ᠰᠡᠨ ᠴᠤ᠌ ᠲᠦᠯᠯᠡᠬᠦ᠌ ᠬᠤᠨᠢᠳ᠎ᠢᠶᠠᠨ ᠡᠪᠡᠰᠦᠯᠡᠵᠦ᠍ ᠤᠰᠤᠯᠠᠬᠤ᠂ ᠰᠠᠶᠢᠬᠠᠨ ᠲᠤᠰᠤᠭ᠍ᠰᠠᠨ ᠨᠢᠯᠬ᠎ᠠ ᠬᠤᠷᠠᠭ᠎ᠠ᠎ᠪᠠᠨ ᠠᠷᠠᠴᠢᠯᠠᠨ ᠲᠤᠳᠤᠮᠳᠠᠬᠤ ᠭᠡᠳ ᠲᠡᠳᠡᠨ᠎ᠤ᠎ᠬᠢᠨ ᠪᠤᠵᠢᠭᠢᠨᠠᠵᠤ ᠭᠠᠷᠴᠠᠢ᠃

ᠱᠢᠯᠤᠭᠤᠨ ᠬᠦᠪᠡᠭᠡᠳᠤ ᠴᠠᠭᠠᠨ ᠬᠤᠱᠢᠭᠤᠨ᠎ᠤ ᠪᠤᠯᠠᠭᠠᠨᠳᠤᠬᠤᠢ ᠰᠤᠮᠤᠨ᠎ᠤ ᠲᠤᠯᠢᠨᠪᠤᠯᠠᠭ ᠭᠠᠴᠠᠭᠠᠨ᠎ᠤ ᠮᠠᠯᠴᠢᠨ ᠪᠢᠯᠢᠭ᠌ᠪᠡᠳᠤ᠎ᠶ᠋ᠢᠨ᠎ᠬᠢᠨ ᠨᠢᠳᠤᠨᠤᠨ ᠡᠪᠦᠯ 120 ᠴᠠᠬᠠᠷ ᠬᠤᠨᠢ ᠪᠤᠯᠤᠨ 10 ᠲᠤᠭᠤᠯᠯᠠᠬᠤ ᠦᠨᠢᠶ᠎ᠠ ᠦᠯᠡᠳᠡᠭᠡᠨ ᠡᠷᠳᠡ ᠬᠠᠪᠤᠷ᠎ᠤᠨ ᠲᠦᠯ ᠲᠤᠰᠭᠤ ᠠᠵᠢᠯ᠎ᠳᠠᠭᠠᠨ ᠪᠡᠯᠡᠳᠭᠡᠵᠠᠢ᠃ ᠤᠳᠤ ᠲᠡᠳᠡᠨ᠎ᠤ᠎ᠬᠢᠨ 90 ᠭᠠᠷᠤᠢ ᠬᠤᠷᠠᠭ᠎ᠠ 5 ᠲᠤᠭᠤᠯ ᠲᠤᠰᠤᠭᠠᠳ ᠪᠤᠢ᠃

ᠬᠤᠷᠠᠭ᠎ᠠ ᠲᠤᠭᠤᠯ᠎ᠢᠶᠠᠨ ᠮᠡᠨᠳᠤ ᠤᠨᠳᠤᠷᠤᠭᠤᠯᠬᠤ᠎ᠶ᠋ᠢᠨ ᠲᠦᠯᠦᠭᠡ ᠮᠠᠯᠴᠢᠨ ᠪᠢᠯᠢᠭ᠌ᠪᠡᠳᠤ ᠨᠢᠳᠤᠨᠤᠨ ᠨᠠᠮᠤᠷ᠎ᠤᠨ ᠰᠡᠭᠦᠯᠴᠢ᠎ᠪᠠᠷ 25 ᠲᠤᠨ ᠨᠤᠭᠤᠭᠠᠨ ᠲᠠᠷᠤᠰᠢ᠂ 35 ᠲᠤᠨ ᠬᠦᠬᠡ ᠡᠪᠡᠰᠤ ᠨᠦᠭᠡᠴᠡᠯᠡᠵᠦ᠍ ᠬᠠᠳᠠᠭᠠᠯᠠᠭ᠍ᠰᠠᠨ᠎ᠢᠶᠠᠷ ᠬᠠᠪᠤᠷ᠎ᠤᠨ ᠲᠦᠯ ᠲᠤᠰᠭᠤ ᠨᠦᠭᠡᠴᠡ ᠪᠤᠷᠳᠤᠭ᠎ᠠ ᠪᠦᠷᠢᠨ ᠪᠤᠯᠤᠭ᠍ᠰᠠᠨ ᠪᠠᠢᠨ᠎ᠠ᠃

ᠪᠢᠯᠢᠭ᠌ᠪᠡᠳᠤ᠄ 《ᠦᠡᠭ᠌ᠭᠡᠷᠡᠬᠦ᠌ ᠡᠪᠦᠯ ᠴᠠᠰᠤ ᠶᠡᠭᠡ ᠪᠦᠭᠡᠳ ᠴᠠᠭ ᠠᠭᠠᠷ ᠬᠦᠢᠳᠡᠨ ᠪᠠᠢᠭ᠍ᠰᠠᠨ ᠴᠤ᠌ ᠮᠠᠯ᠎ᠤᠨ ᠡᠪᠡᠰᠤ ᠲᠡᠵᠢᠭᠡᠯ ᠬᠦᠷᠦᠯᠴᠡᠭᠦ᠋ᠢᠴᠡ ᠬᠠᠨᠭ᠌ᠭᠠᠯᠳᠠ᠎ᠲᠠᠢ ᠪᠠᠢᠭ᠍ᠰᠠᠨ᠎ᠢᠶᠠᠷ ᠲᠦᠯᠯᠡᠬᠦ᠌ ᠡᠬᠡ ᠮᠠᠯ᠎ᠤᠨ ᠲᠠᠷᠭᠤ ᠬᠦᠴᠤ᠌ ᠰᠠᠢᠨ ᠪᠠᠢᠵᠥ᠍ ᠲᠦᠯ᠎ᠤᠨ ᠤᠨᠳᠤᠷᠤᠯᠳᠠ ᠪᠤᠢᠵᠢᠯᠳᠠ ᠰᠠᠢᠨ ᠪᠠᠢᠨ᠎ᠠ》 ᠬᠡᠵᠥ᠍ ᠰᠠᠳᠭᠢᠯ ᠬᠠᠨᠭ᠌ᠬᠤᠯᠤᠭᠤᠠ ᠶᠠᠷᠢᠨ᠎ᠠ᠃

ᠱᠢᠯᠢᠩᠬᠤᠳᠠ᠎ᠶ᠋ᠢᠨ ᠮᠤᠳᠤᠨ ᠮᠠᠯᠵᠢᠯ᠎ᠤᠨ ᠲᠠᠯᠠᠪᠠᠢ᠎ᠶ᠋ᠢᠨ ᠮᠠᠯᠴᠢᠨ ᠵᠠᠩ ᠭᠦᠸᠧ ᠵᠢᠶᠦ᠋ᠨ ᠡᠪᠦᠯ᠎ᠤᠨ ᠴᠠᠰᠤᠨ᠎ᠠᠴᠠ ᠡᠮᠦᠨ᠎ᠡ 100 ᠲᠤᠨ ᠬᠦᠬᠡ ᠡᠪᠡᠰᠤ ᠨᠦᠭᠡᠴᠡᠯᠡᠵᠦ᠍ ᠠᠪᠴᠠᠢ᠃ ᠢᠡᠭ᠌ᠭᠢᠭ᠌ᠰᠡᠨ᠎ᠢᠶᠠᠷ ᠴᠠᠭᠠᠨ ᠰᠠᠷ᠎ᠠ᠎ᠶ᠋ᠢᠨ ᠬᠤᠭᠤᠴᠠᠭᠠᠨ᠎ᠳᠤ ᠲᠡᠳᠡᠨ᠎ᠤ᠎ᠬᠢᠨ᠎ᠤ ᠲᠦᠯ ᠲᠤᠰᠭᠤ ᠠᠵᠢᠯ ᠴᠤ᠌ ᠰᠠᠨᠠᠭ᠍ᠰᠠᠨ ᠶᠤᠰᠤᠭᠠᠷ ᠤᠷᠤᠭ᠍ᠰᠢᠳᠠᠢ ᠪᠤᠯᠵᠤ᠂ 300 ᠲᠦᠯᠯᠡᠬᠦ᠌ ᠬᠤᠨᠢᠨ᠎ᠠᠴᠠ᠎ᠪᠠᠨ 320 ᠬᠤᠷᠠᠭ᠎ᠠ ᠲᠤᠰᠴᠤ᠌ ᠤᠨᠳᠤᠷᠤᠭᠤᠯᠤᠭ᠍ᠰᠠᠨ ᠪᠦᠭᠡᠳ 20 ᠢᠬᠡᠷ᠎ᠡ ᠬᠤᠷᠠᠭ᠎ᠠ ᠲᠤᠰᠴᠠᠢ᠃

ᠵᠠᠩ ᠭᠦᠸᠧ ᠵᠢᠶᠦ᠋ᠨ᠄ 《ᠪᠡᠯᠡᠳᠭᠡᠯ ᠰᠠᠢᠳᠠᠢ ᠪᠤᠯ ᠪᠠᠯᠢᠳᠠᠬᠤ ᠤᠴᠢᠷ ᠦᠭᠡᠢ᠂ ᠤᠳᠤ᠎ᠶ᠋ᠢᠨ ᠪᠠᠢᠳᠠᠯ᠎ᠢᠶᠠᠷ ᠲᠦᠯ ᠮᠠᠯ᠎ᠤᠨ ᠪᠤᠢᠵᠢᠯᠳᠠ ᠶᠡᠭᠡ ᠰᠠᠢᠨ》 ᠭᠡᠵᠥ᠍ ᠪᠠᠶᠠᠷᠳᠠᠢ ᠶᠠᠷᠢᠨ᠎ᠠ᠃

ᠨᠢᠳᠤᠨᠤᠨ ᠡᠪᠦᠯ ᠱᠢᠯᠢ᠎ᠶ᠋ᠢᠨ ᠭᠤᠤᠯ ᠠᠢᠮᠠᠭ᠎ᠤᠨ ᠶᠡᠭᠡᠨᠭ᠌ᠬᠢ ᠭᠠᠵᠠᠷ ᠤᠷᠤᠨ᠎ᠳᠤ ᠴᠠᠰᠤ ᠶᠡᠭᠡ ᠤᠷᠤᠵᠤ ᠤᠨᠴᠠ ᠬᠦᠢᠳᠡᠨ ᠪᠠᠢᠪᠠ᠃ ᠭᠡᠪᠡᠴᠤ᠌ ᠮᠠᠯᠴᠢᠳ ᠮᠠᠯ ᠰᠦᠷᠦᠭ᠎ᠢᠶᠠᠨ ᠮᠡᠨᠳᠤ ᠤᠨᠳᠤᠷᠤᠭᠤᠯᠬᠤ ᠪᠡᠯᠡᠳᠭᠡᠯ ᠠᠵᠢᠯ᠎ᠢᠶᠠᠨ ᠡᠷᠳᠡ᠎ᠠᠴᠠ ᠭᠠᠷᠳᠠᠨ ᠠᠮᠵᠢᠭᠤᠯᠤᠭ᠍ᠰᠠᠨ᠎ᠢᠶᠠᠷ ᠡᠨᠡ ᠬᠠᠪᠤᠷ᠎ᠤᠨ ᠲᠦᠯ ᠲᠤᠰᠭᠤ ᠠᠵᠢᠯ ᠪᠠᠲᠤᠯᠠᠭ᠎ᠠ ᠰᠠᠢᠳᠠᠢ ᠪᠤᠯᠵᠠᠢ᠃

ᠬᠦᠪᠡᠭᠡᠳᠤ ᠱᠢᠷ᠎ᠠ ᠬᠤᠱᠢᠭᠤᠨ᠎ᠤ ᠤᠡᠭ᠌ᠭᠤᠬᠠᠭᠤᠯᠠ ᠰᠤᠮᠤᠨ᠎ᠤ ᠮᠠᠯᠴᠢᠨ ᠰᠤᠶᠤᠯᠳᠤ᠎ᠶ᠋ᠢᠨ ᠬᠠᠪᠤᠷ᠎ᠤᠨ ᠲᠦᠯ ᠮᠠᠯ᠎ᠤᠨ ᠪᠤᠢᠵᠢᠯᠳᠠ᠎ᠶ᠋ᠢᠨ ᠨᠤᠷᠮ᠎ᠠ 100% ᠎ᠲᠤ ᠬᠦᠷᠦᠭ᠌ᠰᠡᠨ ᠪᠠᠢᠨ᠎ᠠ᠃ ᠲᠡᠳᠡᠠ᠎ᠤ ᠨᠢᠳᠤᠨᠤᠨ ᠨᠠᠮᠤᠷ 60 ᠲᠤᠨ ᠬᠦᠬᠡ ᠡᠪᠡᠰᠤ ᠬᠤᠷᠢᠶᠠᠨ ᠨᠦᠭᠡᠴᠡᠯᠡᠵᠦ᠍᠂ ᠡᠨᠡ ᠬᠠᠪᠤᠷ᠎ᠤᠨ ᠪᠡᠯᠴᠢᠭᠡᠷ ᠰᠡᠯᠭᠦᠳᠡᠯ᠎ᠠ ᠬᠦᠷᠦᠯᠴᠡᠬᠦ᠌ ᠪᠡᠯᠡᠳᠭᠡᠯ᠎ᠢᠶᠠᠨ ᠭᠦᠢᠴᠡᠳ ᠬᠢᠵᠡᠢ᠃ ᠲᠡᠳᠡᠨ᠎ᠤ᠎ᠬᠢᠨ ᠴᠤ᠌ ᠴᠠᠭᠠᠨ ᠰᠠᠷ᠎ᠠ᠎ᠶ᠋ᠢᠨ ᠬᠤᠭᠤᠴᠠᠭᠠᠨ᠎ᠳᠤ 60 ᠭᠠᠷᠤᠢ ᠬᠤᠷᠠᠭ᠎ᠠ ᠲᠤᠰᠪᠠ᠃

《ᠡᠬᠡ ᠮᠠᠯ᠎ᠤᠨ ᠲᠠᠷᠭᠤ ᠬᠦᠴᠤ᠌ ᠰᠠᠢᠨ ᠪᠤᠯᠬᠤᠷ ᠲᠦᠯ᠎ᠤᠨ ᠪᠤᠢᠵᠢᠯᠳᠠ᠎ᠳᠤ ᠰᠠᠨᠠᠭᠠᠱᠢᠷᠠᠬᠤ ᠶᠠᠭᠤᠮ᠎ᠠ ᠦᠭᠡᠢ᠂ ᠡᠨᠡ ᠵᠢᠯ ᠮᠠᠯ᠎ᠤᠨ ᠤᠷᠤᠯᠭ᠎ᠠ 30 ᠲᠦᠮᠡᠨ ᠲᠦᠬᠦᠷᠢᠭ᠎ᠢ ᠲᠠᠪᠠᠭ᠍ᠤ᠎ᠳᠤ ᠢᠳᠡᠭᠡᠯᠳᠡᠢ ᠪᠠᠢᠨ᠎ᠠ᠃ ᠡᠪᠡᠰᠤ ᠪᠤᠷᠳᠤᠭ᠎ᠠ᠎ᠪᠠᠨ ᠭᠦᠢᠴᠡᠳ ᠬᠦᠷᠦᠯᠴᠡᠭᠡ᠎ᠲᠠᠢ ᠨᠦᠭᠡᠴᠡᠯᠡᠬᠦ᠌᠎ᠨᠢ ᠮᠠᠯ ᠰᠦᠷᠦᠭ᠎ᠤᠨ ᠦᠨᠢᠷ ᠦᠰᠦᠯᠳᠡ᠎ᠶ᠋ᠢᠨ ᠴᠢᠬᠤᠯᠠ ᠪᠠᠲᠤᠯᠠᠭ᠎ᠠ ᠶᠤᠮ᠂ ᠡᠪᠦᠯ᠎ᠢ ᠲᠤᠭᠤᠯᠵᠤ ᠬᠠᠪᠤᠷ᠎ᠤᠨ ᠨᠤᠲᠤᠭ ᠪᠡᠯᠴᠢᠭᠡᠷ᠎ᠢᠶᠠᠨ ᠰᠡᠯᠭᠦᠨ ᠰᠡᠷᠭᠦᠳᠠᠯ᠎ᠠ ᠮᠠᠯ ᠰᠦᠷᠦᠭ᠎ᠢᠶᠠᠨ ᠲᠠᠷᠭᠤ ᠬᠦᠴᠤ᠎ᠲᠠᠢ ᠤᠨᠳᠤᠷᠤᠭᠤᠯᠴᠢᠬᠠᠪᠠᠯ ᠲᠠᠯ᠎ᠠ ᠨᠤᠲᠤᠭ᠎ᠤᠨ ᠠᠮᠢ ᠠᠬᠤᠢ᠎ᠶ᠋ᠢᠨ ᠲᠠᠷᠤᠭᠠᠰᠤ᠎ᠶ᠋ᠢ ᠴᠤ᠌ ᠬᠦᠡᠭ᠌ᠭᠡᠷᠡᠬᠦᠯᠬᠦ᠌ ᠪᠤᠯᠬᠤᠷ ᠤᠯᠠᠨ ᠲᠠᠯ᠎ᠠ᠎ᠶ᠋ᠢᠨ ᠦᠷ᠎ᠡ ᠠᠱᠢᠬ᠎ᠲᠠᠢ》 ᠬᠡᠵᠥ᠍ ᠲᠤᠷᠱᠢᠯᠭ᠎ᠠ᠎ᠪᠠᠨ ᠲᠡᠨᠢᠯᠴᠠᠭᠤᠯᠤᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号