ᠮᠣᠷᠢᠨ᠎ᠳᠤ ᠬᠠᠢᠷᠠᠲᠠᠢ ᠮᠠᠯᠴᠢᠨ ᠵᠠᠯᠠᠭᠤ ᠨᠠᠮᠤᠷ᠎ᠠ
2021-02-26 16:31:06
ᠵᠣᠬᠢᠶᠠᠭ᠍ᠴᠢ᠄
ᠰᠤᠷᠤᠨ᠎ᠠ
ᠣᠩᠱᠢᠭ᠍ᠰᠠᠨ ᠣᠳᠠᠭ᠎ᠠ᠄
★★★☆☆

 ᠴᠠᠭᠠᠨ ᠰᠠᠷ᠎ᠠ᠎ᠶ᠋ᠢᠨ ᠬᠤᠭᠤᠴᠠᠭᠠᠨ᠎ᠳᠤ 《ᠴᠤᠤᠷᠢᠶ᠎ᠠ》 ᠲᠠᠪᠴᠠᠩ ᠳᠡᠭᠡᠷ᠎ᠡ ᠮᠣᠷᠢᠲᠠᠢ ᠵᠣᠯᠭᠠᠯᠲᠠ ᠬᠢᠵᠦ᠍ ᠶᠠᠪᠤᠭ᠎ᠠ ᠪᠠᠷᠠᠭᠤᠨ ᠦᠵᠦᠮᠦᠴᠢᠨ ᠬᠤᠱᠢᠭᠤᠨ᠎ᠤ ᠪᠠᠶᠠᠩᠬᠤᠸᠠ ᠪᠠᠯᠭᠠᠰᠤᠨ᠎ᠤ ᠠᠯᠲᠠᠨᠬᠢᠩᠭᠠᠨ ᠭᠠᠴᠠᠭᠠᠨ᠎ᠤ ᠮᠠᠯᠴᠢᠨ ᠵᠠᠯᠠᠭᠤ ᠨᠠᠮᠤᠷ᠎ᠠ᠎ᠶ᠋ᠢᠨ ᠣᠬᠤᠷ ᠪᠢᠴᠢᠯᠭᠡ ᠪᠠᠭ᠎ᠠ ᠪᠣᠰᠤ ᠬᠦᠮᠦᠰ᠎ᠤᠨ ᠲᠠᠭᠠᠱᠢᠶᠠᠯ᠎ᠢ ᠣᠯᠵᠤ᠂ ᠠᠮᠠ᠎ᠠᠴᠠ ᠠᠮᠠ ᠳᠠᠮᠵᠢᠨ ᠶᠠᠷᠢᠭ᠍ᠳᠠᠵᠤ᠂ ᠴᠤᠮᠤᠷᠯᠢᠭ᠎ᠠᠴᠠ ᠴᠤᠮᠤᠷᠯᠢᠭ ᠳᠠᠮᠵᠢᠨ ᠲᠠᠷᠬᠠᠵᠦ᠍ ᠪᠠᠢᠯ᠎ᠠ᠃ ᠣᠳᠤᠬᠢ ᠴᠠᠭ ᠡᠷᠢᠨ᠎ᠤ ᠬᠤᠷᠳᠤ᠎ᠲᠠᠢ ᠬᠦᠭ᠌ᠵᠢᠯᠲᠡ᠂ ᠱᠢᠨᠡᠴᠢᠯᠡᠯᠲᠡ᠂ ᠮᠠᠱᠢᠨᠴᠢᠯᠠᠯᠲᠠ ᠬᠤᠲᠠᠴᠢᠯᠠᠯᠲᠠ᠎ᠶ᠋ᠢᠨ ᠤᠷᠤᠰᠭᠠᠯ᠎ᠳᠤ ᠵᠠᠯᠠᠭᠤᠴᠤᠳ ᠪᠠᠢᠲᠤᠭᠠᠢ ᠲᠤᠮᠤᠴᠤᠣᠯ ᠴᠦ᠍ ᠮᠣᠷᠢᠨ ᠨᠢᠷᠤᠭᠤᠨ ᠳᠡᠭᠡᠷ᠎ᠡ ᠭᠠᠷᠬᠤ᠎ᠪᠠᠨ ᠵᠠᠯᠬᠠᠳᠠᠭ ᠪᠣᠯᠤᠭ᠍ᠰᠠᠨ ᠥᠨᠦᠳᠦᠷ᠂ ᠵᠠᠯᠠᠭᠤ ᠮᠠᠯᠴᠢᠨ ᠨᠠᠮᠤᠷ᠎ᠠ ᠬᠡᠳᠦᠨ ᠵᠢᠯ ᠳᠠᠷᠠᠭᠠᠯᠠᠨ ᠮᠣᠷᠢᠲᠠᠢ ᠵᠣᠯᠭᠠᠯᠲᠠ ᠬᠢᠵᠦ᠍ ᠶᠠᠪᠤᠭ᠎ᠠ᠎ᠨᠢ ᠮᠠᠯᠴᠢᠨ ᠵᠠᠯᠠᠭᠤᠴᠣᠳ᠎ᠲᠠᠭᠠᠨ ᠶᠠᠭᠤ ᠨᠢᠭᠡ᠎ᠶ᠋ᠢ ᠪᠣᠳᠤᠭ᠍ᠳᠠᠭᠤᠯᠬᠤ᠎ᠨᠢ ᠳᠠᠮᠵᠢᠭ ᠦᠭᠡᠢ᠃

QQ截图20210226162128.png      

QQ截图20210226162042.png

ᠨᠠᠮᠤᠷ᠎ᠠ 1998 ᠣᠨ᠎ᠳᠤ ᠲᠥᠷᠦᠵᠦ᠍᠂ ᠬᠠᠷᠠᠬᠠᠨ ᠪᠠᠭ᠎ᠠ᠎ᠠᠴᠠ᠎ᠪᠠᠨ ᠮᠣᠷᠢ ᠭᠡᠳᠡᠭ ᠮᠣᠯᠤᠷ ᠡᠷᠳᠡᠨᠢ᠎ᠳᠤ ᠬᠠᠢᠷᠠᠲᠠᠢ ᠪᠣᠯᠵᠤ ᠲᠡᠭᠦᠨ᠎ᠲᠠᠢ ᠶᠡᠭᠡ ᠣᠢᠷᠠᠬᠠᠨ ᠦᠰᠴᠠᠢ᠃ ᠲᠡᠭᠦᠨ᠎ᠤ ᠡᠪᠦᠭᠡ ᠠᠪᠤ᠎ᠨᠢ ᠪᠠᠭ᠍ᠰᠢ ᠬᠦᠮᠦᠨ ᠪᠠᠢᠯ᠎ᠠ ᠭᠡᠳᠡᠭ ᠴᠦ᠍ ᠮᠦᠨ ᠯᠡ ᠮᠣᠷᠢ ᠤᠨᠤᠭ᠎ᠠ᠎ᠲᠠᠢ ᠣᠢᠷᠠᠬᠠᠨ ᠪᠠᠢᠬ᠍ᠰᠠᠨ᠎ᠠᠴᠠ ᠤᠮᠪᠤᠯᠤ᠎ᠳᠠᠭᠠᠨ ᠭᠤᠷᠪᠠᠨ ᠰᠠᠢᠬᠠᠨ ᠡᠮᠡᠭᠡᠯ ᠬᠢᠵᠦ᠍ ᠦᠭ᠌ᠴᠦ ᠪᠠᠢᠵᠠᠢ᠃ ᠪᠠᠭ᠎ᠠ ᠪᠠᠢᠬᠤ᠎ᠳᠤᠨᠢ ᠲᠡᠳᠡᠨ᠎ᠤ᠎ᠬᠢ ᠨᠡᠯᠢᠶᠡᠳ ᠣᠯᠠᠨ ᠠᠳᠤᠭᠤ᠎ᠲᠠᠢ ᠪᠠᠢᠬ᠍ᠰᠠᠨ ᠴᠦ᠍ ᠰᠡᠭᠦᠯ᠎ᠳᠤᠨᠢ ᠭᠡᠭᠡᠬᠦ᠌ ᠪᠠ ᠬᠤᠳᠠᠯᠳᠤᠭᠠᠳ ᠪᠠᠷᠠᠬᠤ ᠱᠢᠬᠠᠵᠤ᠂ ᠠᠢᠯ᠎ᠤᠨ ᠠᠳᠤᠭᠤᠨ᠎ᠳᠤ ᠦᠯᠡᠳᠡᠭ᠌ᠰᠡᠨ ᠭᠠᠭ᠍ᠴᠠ ᠬᠥᠷᠡᠩ ᠭᠡᠭᠦᠦ᠎ᠠᠴᠠ᠎ᠨᠢ ᠳᠠᠬᠢᠨ ᠦᠷᠡᠵᠢᠭ᠌ᠰᠡᠭᠡᠷ ᠣᠳᠤ ᠪᠣᠯᠬᠤ᠎ᠳᠤ ᠠᠷᠪᠠ ᠭᠠᠷᠤᠢ ᠠᠳᠤᠭᠤ ᠪᠤᠯᠤᠭ᠍ᠰᠠᠨ ᠭᠡᠨ᠎ᠡ᠃

ᠪᠦᠬᠡ᠎ᠶ᠋ᠢᠨ ᠥᠯᠦᠭᠡᠢ ᠦᠵᠦᠮᠦᠴᠢᠨ ᠨᠤᠲᠤᠭ᠎ᠤᠨ ᠦᠷ᠎ᠡ ᠪᠣᠯᠤᠭ᠍ᠰᠠᠨ ᠲᠡᠷᠡᠪᠡᠷ ᠰᠤᠷᠭᠠᠭᠤᠯᠢ᠎ᠶ᠋ᠢᠨ ᠬᠦᠷᠢᠶᠡᠨ᠎ᠳᠤ ᠪᠠᠢᠬᠤ᠎ᠳᠠᠭᠠᠨ ᠪᠦᠬᠡ᠎ᠶ᠋ᠢᠨ ᠠᠪᠢᠶᠠᠰ᠎ᠨᠢ ᠲᠣᠳᠤᠷᠠᠵᠤ᠂ ᠴᠢᠯᠦᠭᠡᠲᠦ ᠪᠦᠬᠡ᠂ ᠰᠣᠩᠭᠤᠳᠠᠭ ᠮᠠᠶᠢᠭ᠎ᠤᠨ ᠪᠦᠬᠡ᠂ ᠳᠤᠮᠳᠠᠳᠤ ᠮᠠᠶᠢᠭ᠎ᠤᠨ ᠪᠦᠬᠡ ᠭᠡᠳ ᠤᠷᠤᠯᠳᠤᠭᠠᠨ ᠲᠡᠮᠡᠴᠡᠭᠡᠨ᠎ᠳᠤ ᠣᠯᠠᠨ ᠣᠷᠤᠯᠴᠠᠵᠠᠢ᠃ ᠦᠨᠳᠦᠷ ᠳᠤᠮᠳᠠᠳᠤ᠎ᠪᠠᠨ ᠲᠡᠭᠦᠰᠭᠡᠭᠡᠳ ᠪᠡᠭᠡᠵᠢᠩ᠎ᠳᠤ ᠣᠴᠢᠵᠤ ᠪᠦᠬᠡ᠎ᠶ᠋ᠢᠨ ᠺᠯᠦ᠋ᠪ ᠪᠠ ᠴᠡᠷᠢᠭ᠎ᠤᠨ ᠪᠦᠬᠡ᠎ᠶ᠋ᠢᠨ ᠠᠩᠭᠢ᠎ᠳᠤ ᠬᠡᠰᠡᠭ ᠬᠤᠭᠤᠴᠠᠭ᠎ᠠ ᠰᠤᠷᠤᠯᠴᠠᠵᠤ ᠪᠠᠷᠢᠯᠳᠤᠵᠤ ᠪᠠᠢᠭ᠍ᠰᠠᠨ᠎ᠢᠶᠠᠨ ᠬᠦᠳᠡᠭᠡ ᠨᠤᠲᠤᠭ᠎ᠲᠠᠭᠠᠨ ᠪᠣᠴᠠᠵᠤ ᠮᠠᠯᠴᠢᠨ ᠪᠣᠯᠬᠤ᠎ᠪᠠᠷ ᠱᠢᠭᠤᠳᠴᠠᠢ᠃

QQ截图20210226162102.png

ᠨᠠᠮᠤᠷ᠎ᠠ ᠮᠤᠷᠢᠨ᠎ᠳᠤ ᠵᠢᠩᠬᠢᠨᠢ᠎ᠠᠴᠠ᠎ᠪᠠᠨ ᠰᠤᠨᠢᠷᠬᠠᠯ᠎ᠲᠠᠢ ᠪᠤᠯᠤᠭ᠍ᠰᠠᠨ᠎ᠨᠢ 2016 ᠤᠨ᠎ᠤ ᠤᠴᠢᠷ ᠶᠤᠮ᠃ ᠲᠡᠷᠡ ᠵᠢᠯ ᠨᠠᠮᠤᠷ᠎ᠠ ᠠᠪᠤᠷᠭᠤ ᠪᠠᠶᠠᠷᠪᠠᠭᠠᠲᠤᠷ᠎ᠤᠨ 《ᠠᠨᠵᠤᠤ ᠪᠦᠬᠡ》 ᠎ᠶ᠋ᠢᠨ ᠰᠤᠷᠭᠠᠯᠲᠠ᠎ᠶ᠋ᠢᠨ ᠲᠥᠪ᠎ᠲᠤ ᠪᠦᠬᠡ ᠰᠣᠷᠢᠬᠤ᠎ᠪᠠᠷ ᠣᠴᠢᠭᠠᠳ ᠪᠣᠯᠪᠠᠰᠤᠷᠠᠯ ᠰᠣᠷᠢᠶ᠎ᠠ ᠪᠡᠯᠡᠳᠭᠡᠵᠦ᠍ ᠶᠠᠪᠤᠬᠤ ᠳᠠᠱᠢᠷᠠᠮ᠎ᠳᠠᠭᠠᠨ ᠪᠠᠶᠠᠷᠪᠠᠭᠠᠲᠤᠷ᠎ᠤᠨ ᠠᠬ᠎ᠠ ᠪᠢᠯᠢᠭ᠌ᠪᠡᠭᠠᠲᠤᠷ᠎ᠲᠠᠢ ᠲᠠᠨᠢᠯᠴᠠᠵᠠᠢ᠃ ᠲᠡᠭᠦᠨ᠎ᠠᠴᠠ ᠡᠮᠨᠢᠭ ᠬᠠᠩᠬᠠᠯ ᠰᠤᠷᠭᠠᠬᠤ᠂ ᠮᠣᠷᠢ ᠤᠷᠭᠠᠯᠠᠬᠤ ᠵᠡᠷᠭᠡ ᠮᠡᠷᠭᠡᠵᠢᠯ᠎ᠢ ᠵᠠᠬ᠎ᠠ ᠵᠤᠬ᠎ᠠ᠎ᠠᠴᠠ᠎ᠨᠢ ᠡᠵᠡᠮᠱᠢᠨ᠂ ᠳᠤᠷ᠎ᠠ ᠰᠣᠨᠢᠷᠬᠠᠯ᠎ᠨᠢ ᠦᠭᠡᠷᠡᠴᠢᠯᠡᠭ᠌ᠳᠡᠵᠦ᠍᠂ ᠮᠣᠷᠢ ᠤᠨᠤᠭ᠎ᠠ᠎ᠲᠠᠢ ᠨᠣᠴᠤᠯᠳᠤᠵᠤ ᠡᠬᠢᠯᠡᠵᠠᠢ᠃ ᠮᠣᠷᠢ᠎ᠲᠠᠢ ᠨᠤᠴᠤᠯᠳᠤᠵᠤ ᠪᠠᠢᠬᠤ ᠦᠶ᠎ᠡ᠎ᠳᠤ ᠠᠳᠡᠯ ᠪᠡᠷᠲᠡᠯ ᠵᠥᠩᠳᠡᠭᠡᠨ ᠲᠣᠬᠢᠶᠠᠯᠳᠤᠨ᠎ᠠ᠂ ᠨᠠᠮᠤᠷ᠎ᠠ ᠭᠤᠷᠪᠠ ᠴᠦ᠍ ᠤᠳᠠᠭ᠎ᠠ ᠮᠤᠷᠢᠨ᠎ᠠᠴᠠ ᠬᠠᠶᠠᠭ᠍ᠳᠠᠵᠤ ᠮᠡᠳᠡᠭᠡ ᠰᠡᠬᠡᠭᠡ ᠦᠭᠡᠢ ᠮᠠᠨᠠᠷᠠᠵᠤ ᠤᠨᠠᠵᠤ ᠪᠠᠢᠭ᠍ᠰᠠᠨ ᠲᠡᠦᠬᠡ᠎ᠲᠠᠢ᠂ ᠲᠡᠭᠡᠯ᠎ᠡ ᠴᠦ᠍ ᠡᠷ᠎ᠡ ᠬᠦᠮᠦᠨ᠎ᠤ ᠨᠠᠭᠠᠳᠤᠮ ᠬᠠᠲᠠᠭᠤ ᠭᠡᠳᠡᠭ᠎ᠢ ᠤᠢᠯᠠᠭᠠᠳᠠᠭ ᠨᠠᠮᠤᠷ᠎ᠠ ᠮᠤᠷᠢᠨ ᠨᠢᠷᠤᠭᠤᠨ᠎ᠠᠴᠠ᠎ᠪᠠᠨ ᠵᠠᠢᠳᠠᠭ᠎ᠠ ᠦᠭᠡᠢ ᠪᠦᠭᠡᠳ ᠬᠠᠷᠢᠨ ᠴᠦ᠍ ᠮᠣᠷᠢᠨ ᠨᠢᠷᠤᠭᠤᠨ ᠳᠡᠭᠡᠷ᠎ᠡ ᠭᠠᠷᠪᠠᠯ ᠮᠠᠰᠢ ᠶᠡᠭᠡ ᠬᠡᠢᠷᠬᠡᠵᠦ᠍᠂ ᠵᠣᠷᠢᠭ ᠵᠢᠷᠦᠬᠡ᠎ᠨᠢ ᠴᠦ᠍ ᠪᠦᠳᠦᠭᠦᠷᠡᠳᠡᠭ ᠭᠡᠨ᠎ᠡ᠃

QQ截图20210226162138.png

ᠲᠡᠭᠦᠨ᠎ᠤ ᠮᠣᠷᠢ ᠤᠨᠤᠬᠤ᠎ᠶ᠋ᠢ ᠮᠠᠰᠢ ᠣᠯᠠᠨ ᠬᠦᠮᠦᠨ ᠳᠡᠮᠵᠢᠵᠦ᠍ ᠬᠠᠯᠠᠮᠵᠢᠯᠠᠳᠠᠭ ᠴᠦ᠍ ᠮᠣᠷᠢᠨ᠎ᠤ ᠡᠷᠳᠡᠮ᠎ᠢᠶᠠᠨ ᠬᠠᠷᠠᠮ ᠦᠭᠡᠢ ᠵᠢᠭᠠᠵᠤ᠂ ᠦᠷᠭᠦᠯᠵᠢ ᠵᠤᠷᠢᠭ᠍ᠵᠢᠭᠤᠯᠵᠤ ᠶᠠᠪᠤᠳᠠᠭ ᠪᠢᠯᠢᠭ᠌ᠪᠡᠭᠠᠲᠤᠷ ᠪᠠᠭ᠍ᠰᠢ᠎ᠳᠠᠭᠠᠨ ᠮᠠᠰᠢ ᠶᠡᠭᠡ ᠲᠠᠯᠠᠷᠬᠠᠵᠤ ᠶᠠᠪᠤᠳᠠᠭ᠃

ᠥᠩᠭᠡᠷᠡᠭ᠌ᠰᠡᠨ ᠵᠤᠨ ᠲᠡᠷᠡ ᠬᠦᠯᠦᠨ ᠪᠤᠢᠷ᠎ᠤᠨ ᠡᠸᠡᠩᠬᠢ ᠬᠤᠱᠢᠭᠤᠨ᠎ᠠᠴᠠ ᠭᠤᠷᠪᠠᠨ ᠭᠤᠣᠯ᠎ᠤᠨ ᠠᠳᠤᠭᠤᠨ᠎ᠤ ᠤᠨᠠᠭ᠎ᠠ ᠠᠪᠴᠢᠷᠠᠨ ᠲᠡᠵᠢᠭᠡᠵᠠᠢ᠃ ᠲᠡᠷᠡ ᠮᠣᠷᠢ᠂ ᠡᠮᠡᠭᠡᠯ  ᠬᠠᠵᠠᠭᠠᠷ ᠎ᠢᠶᠠᠨ ᠭᠤᠶᠤ ᠭᠠᠩᠭᠠᠩ ᠴᠢᠮᠡᠭ᠌ᠯᠡᠵᠦ᠍ ᠶᠠᠪᠤᠬᠤ᠎ᠶ᠋ᠢ ᠬᠢᠴᠢᠶᠡᠳᠡᠭ᠃ ᠮᠤᠷᠢ ᠤᠨᠤᠭ᠎ᠠ ᠎ᠪᠠᠷ᠎ᠢᠶᠠᠨ ᠭᠠᠩᠭᠠᠷᠠᠵᠤ ᠶᠠᠪᠤᠬᠤ ᠎ᠨᠢ ᠲᠡᠭᠦᠨ᠎ᠤ ᠬᠤᠪᠢ᠎ᠳᠤ ᠪᠠᠶᠠᠷ ᠪᠠᠭ᠍ᠠᠳᠤᠯ᠎ᠲᠠᠢ ᠠᠵᠢᠯ ᠪᠢᠯᠡ᠃ ᠲᠡᠷᠡ  ᠱᠢᠨᠵᠢᠯᠡᠬᠦ᠌ ᠤᠬᠠᠭᠠᠨᠲᠠᠳ ᠎ᠤᠨ ᠰᠤᠳᠤᠯᠭᠠᠨ᠎ᠳᠤ 《ᠮᠣᠷᠢ ᠤᠨᠤᠬᠤ᠎ᠨᠢ ᠬᠦᠮᠦᠨ᠎ᠤ ᠲᠠᠪᠤᠨ ᠴᠣᠯᠤ᠎ᠶ᠋ᠢ ᠪᠦᠬᠦᠨ᠎ᠢ ᠠᠵᠢᠯᠯᠠᠭᠤᠯᠳᠠᠭ ᠰᠠᠢᠬᠠᠨ ᠬᠦᠳᠡᠯᠭᠡᠭᠡᠨ》 ᠭᠡᠵᠦ᠍ ᠬᠡᠯᠡᠭ᠌ᠰᠡᠨ᠎ᠢ ᠵᠦᠪᠳᠡᠭᠡᠨ ᠬᠦᠯᠢᠶᠡᠵᠦ᠍ ᠠᠪᠤᠭ᠍ᠰᠠᠨ᠎ᠤ ᠤᠯᠠᠮ᠎ᠠᠴᠠ ᠮᠤᠷᠢ ᠤᠨᠤᠬᠤ᠎ᠶ᠋ᠢ ᠡᠷᠬᠢᠮᠯᠡᠳᠡᠭ ᠲᠠᠯ᠎ᠠ᠎ᠲᠠᠢ ᠴᠦ᠍ ᠨᠡᠩ ᠴᠢᠬᠤᠯᠠ᠎ᠨᠢ ᠰᠣᠶᠤᠯ ᠤᠯᠠᠮᠵᠢᠯᠠᠯ᠎ᠢᠶᠠᠨ ᠰᠡᠷᠭᠦᠭᠡᠨ ᠤᠯᠠᠮᠵᠢᠯᠠᠬᠤ ᠡᠭᠦᠳᠡᠨ᠎ᠠᠴᠠ ᠮᠣᠷᠢᠲᠠᠢ ᠵᠣᠯᠭᠠᠯᠲᠠ ᠬᠢᠵᠦ᠍ ᠶᠠᠪᠤᠳᠠᠭ᠎ᠨᠢ ᠡᠨᠡ ᠪᠠᠢᠯ᠎ᠠ᠃ ᠮᠦᠨ ᠴᠦ᠍ ᠲᠡᠷᠡ ᠨᠡᠩ ᠣᠯᠠᠨ ᠵᠠᠯᠠᠭᠤᠴᠣᠳ᠎ᠢ ᠮᠣᠷᠢ ᠤᠨᠤᠭ᠎ᠠ᠎ᠲᠠᠢ᠎ᠪᠠᠨ ᠣᠢᠷᠠᠬᠠᠨ ᠪᠠᠢᠬᠤ᠎ᠶ᠋ᠢ ᠬᠦᠰᠡᠵᠦ᠍ ᠪᠠᠢᠨ᠎ᠠ᠃

 QQ截图20210226162117.png

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号