ᠠᠮᠢᠳᠤᠷᠡᠯ᠎ᠢ᠎ᠨᠢ ᠴᠢᠨᠡᠭᠡᠯᠢᠭ᠌ᠵᠢᠭᠦᠯᠵᠤ ᠲᠠᠷᠢᠬᠢ ᠲᠤᠯᠤᠭᠠᠢ᠎ᠶ᠋ᠢ᠎ᠨᠢ ᠴᠤ᠌ ᠵᠡᠪᠰᠡᠭ᠌ᠯᠡᠨ᠎ᠠ
2021-02-27 18:20:30
ᠵᠣᠬᠢᠶᠠᠭ᠍ᠴᠢ᠄
ᠴᠢᠶᠠᠨ ᠴᠢᠯᠠᠭᠤ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ᠎ᠶ᠋ᠢᠨ ᠬᠦᠷ ᠬᠦᠭ᠌ᠵᠢᠶᠡᠨᠳᠤ ᠠᠭᠤᠷ ᠠᠮᠢᠰᠭᠤᠯ ᠦᠳᠭᠡᠨ ᠬᠡᠪ᠎ᠢᠶᠠᠷ᠎ᠢᠶᠠᠨ ᠪᠠᠢᠵᠤ᠂ ᠲᠦᠩᠯᠢᠶᠤᠤ ᠬᠤᠳᠠ᠎ᠶ᠋ᠢᠨ ᠬᠤᠷᠴᠢᠨ ᠵᠡᠬᠦᠨ ᠭᠠᠷᠤᠨ ᠲᠤᠮᠳᠠᠳᠤ ᠬᠤᠱᠢᠭᠤᠨ᠎ᠤ ᠬᠤᠧᠠ ᠲᠤᠭᠤᠯ ᠪᠠᠯᠭᠠᠰᠤᠨ᠎ᠤ ᠪᠠᠶᠠᠨᠮᠠᠩᠬ᠎ᠠ ᠭᠠᠴᠠᠭᠠᠨ᠎ᠤ ᠪᠤᠤ ᠦ᠋ ᠶᠠ᠎ᠶ᠋ᠢᠨ ᠬᠡᠷ᠎ᠲᠤ ᠬᠦᠷ ᠨᠠᠷᠬᠢᠶᠠᠨ᠎ᠢᠶᠠᠷ ᠪᠢᠯᠬᠠᠵᠦ᠍᠂ ᠬᠤᠭᠤᠯᠠᠨ ᠱᠢᠷᠡᠭᠡ᠎ᠪᠠᠨ ᠲᠤᠭᠤᠷᠢᠵᠦ᠍ ᠰᠠᠭᠤᠭᠠᠳ᠂ ᠬᠡᠤᠬᠡᠳ᠎ᠤᠨ᠎ᠢᠶᠠᠨ ᠢᠷᠡᠬᠡᠳᠦᠢ᠎ᠶ᠋ᠢᠨ ᠲᠤᠬᠠᠢ ᠵᠤᠭᠤᠬ᠍ᠳᠠᠵᠠᠭᠠᠨ᠎ᠠ᠃

《ᠤᠳᠤ᠂ ᠠᠮᠢᠳᠤᠷᠠᠯ ᠨᠡᠯᠢᠶᠡᠳ ᠰᠠᠢᠵᠢᠷᠠᠬ᠍ᠰᠠᠨ᠃ ᠡᠮᠦᠨ᠎ᠠ ᠬᠡᠳᠦᠨ ᠵᠢᠯ ᠬᠡᠷ᠎ᠤᠨ ᠠᠮᠢᠳᠤᠷᠠᠯ ᠬᠦᠴᠢᠷᠳᠡᠢ᠎ᠠᠴᠠ ᠪᠤᠯᠵᠦ᠍᠂ ᠪᠢᠳᠡ ᠠᠷᠭ᠎ᠠ ᠪᠦᠬᠦᠨ᠎ᠢ ᠰᠦᠪᠡᠭ᠌ᠴᠢᠯᠡᠵᠦ᠍ ᠵᠤᠭᠤᠰ᠎ᠢᠶᠠᠨ ᠠᠷᠪᠢᠯᠠᠨ ᠬᠡᠤᠬᠡᠳ᠎ᠢᠶᠠᠨ ᠪᠢᠴᠢᠭ ᠦᠵᠡᠬᠦᠯᠵᠦ᠍᠂ ᠴᠠᠭᠠᠨ ᠰᠠᠷ᠎ᠠ᠎ᠶ᠋ᠢᠨ ᠪᠠᠷᠠᠭ᠎ᠠ᠎ᠪᠠᠨ ᠴᠤ᠌ ᠪᠦᠷᠢᠨ ᠲᠦᠬᠦᠬᠡᠷᠴᠤ᠌ ᠲᠡᠢᠯᠬᠦ᠌ ᠦᠬᠡᠢ ᠪᠠᠢᠳᠠᠬ》 ᠬᠡᠵᠦ᠍ ᠪᠤᠤ ᠦ᠋ ᠶᠠ ᠬᠡᠯᠡᠨ᠎ᠠ᠃

ᠪᠤᠤ ᠦ᠋ ᠶᠠ᠎ᠶ᠋ᠢᠨ ᠦᠵᠡᠬᠦ᠌᠎ᠪᠠᠷ᠂ ᠤᠳᠤ ᠬᠡᠷ᠎ᠤᠨ ᠠᠮᠢᠳᠤᠷᠠᠯ᠎ᠨᠢ ᠬᠡᠳᠦ᠋ᠢᠪᠡᠷ ᠮᠦᠨ ᠮᠠᠰᠢ ᠪᠠᠶᠠᠨ ᠴᠢᠨᠡᠭᠡᠯᠢᠭ ᠪᠢᠰᠢ ᠪᠤᠯᠪᠠᠴᠤ᠌ ᠢᠷᠡᠭᠡᠳᠤᠢ᠎ᠳᠡᠭᠡᠨ ᠬᠦᠰᠡᠯ ᠲᠦᠬᠦᠷᠡᠩ᠃ ᠲᠡᠬᠡᠳᠤ ᠭᠤᠷᠪᠠ᠎ᠳᠤ ᠰᠤᠷᠤᠯᠴᠠᠵᠦ᠍ ᠪᠠᠢᠭ᠎ᠠ ᠤᠳᠭᠤᠨ ᠭᠦᠤ ᠯᠢ ᠫᠢᠩ ᠠᠨ᠎ᠤ ᠬᠢᠨᠢ ᠰᠤᠷᠤᠯᠭ᠎ᠠ᠎ᠶ᠋ᠢᠨ ᠲᠠᠷᠤᠭᠠᠰᠤ ᠨᠡᠯᠢᠶᠡᠤᠨ ᠭᠦᠨᠳᠤ ᠪᠤᠯᠪᠠᠴᠤ᠌ ᠡᠳᠦᠷ ᠪᠦᠷᠢ ᠡᠵᠢ᠎ᠪᠠᠨ ᠬᠠᠪᠰᠤᠷᠴᠤ᠌ ᠠᠵᠢᠯ ᠬᠢᠵᠦ᠍ ᠪᠠᠷᠠᠭ᠍ᠰᠠᠨ᠎ᠤ ᠲᠠᠷᠠᠭ᠎ᠠ᠂ ᠰᠦᠨᠢ ᠲᠦᠯᠢ ᠪᠤᠯᠳᠠᠯ᠎ᠠ ᠨᠠᠷᠢᠨ ᠬᠢᠨᠠᠮᠠᠭᠠᠢ ᠰᠤᠷᠤᠯᠴᠠᠳᠠᠬ᠃ ᠴᠢᠷᠮᠠᠢᠨ ᠰᠤᠷᠤᠯᠴᠠᠵᠦ᠍ ᠪᠠᠢᠭ᠎ᠠ ᠬᠦᠦ᠎ᠪᠠᠨ ᠬᠠᠷᠠᠭᠠᠳ᠂ ᠲᠡᠭᠦᠨ᠎ᠤ ᠰᠡᠳᠭᠢᠯ ᠲᠤᠩ ᠪᠠᠶᠠᠷ᠎ᠲᠠᠢ᠃


44.png


ᠡᠳᠡᠨ᠎ᠤ ᠭᠤᠷᠪᠠᠨ ᠬᠡᠤᠬᠡᠳ᠎ᠤᠨ ᠬᠢᠨᠢ ᠰᠤᠷᠤᠯᠭ᠎ᠠ᠎ᠶ᠋ᠢᠨ ᠬᠢᠷᠢ ᠪᠦᠲᠦᠮᠵᠢ ᠪᠦᠷ ᠰᠠᠢᠨ᠃ ᠭᠡᠪᠡᠴᠤ᠌᠂ ᠬᠡᠳᠦᠨ ᠵᠢᠯ᠎ᠤᠨ ᠡᠮᠦᠨ᠎ᠠ᠂ ᠪᠤᠤ ᠦ᠋ ᠶᠠ᠎ᠶ᠋ᠢᠨ ᠨᠦᠬᠦᠷ᠎ᠨᠢ ᠡᠪᠡᠳᠴᠢᠯᠡᠵᠦ᠍᠂ ᠪᠠᠭ᠎ᠠ ᠪᠤᠰᠤ ᠦᠷᠢ᠎ᠳᠤ ᠤᠨᠠᠵᠦ᠍᠂ ᠲᠡᠷᠡ᠎ᠪᠠᠷ ᠲᠠᠷᠢᠶ᠎ᠠ ᠲᠠᠷᠢᠵᠦ᠍ ᠠᠮᠢᠳᠤᠷᠠᠯ᠎ᠢᠶᠠᠨ ᠠᠷᠭᠠᠴᠠᠭᠠᠵᠦ᠍ ᠪᠠᠢᠪᠠ᠃ ᠲᠡᠷᠡ ᠬᠤᠶᠠᠷ ᠬᠡᠤᠬᠡᠨ᠎ᠤ᠎ᠪᠠᠨ ᠶᠡᠭᠡ ᠰᠤᠷᠭᠠᠭᠤᠯᠢ᠎ᠶ᠋ᠢᠨ ᠰᠦᠢᠳᠭᠡᠯ᠎ᠢ ᠦᠨᠳᠦᠷ ᠬᠦᠦ᠎ᠲᠠᠢ ᠵᠢᠬᠡᠯᠡᠯᠬᠡ᠎ᠪᠠᠷ ᠠᠷᠭᠠᠯᠠᠵᠠᠢ᠃ ᠡᠵᠢ᠎ᠶ᠋ᠢᠨ᠎ᠢᠶᠠᠨ ᠵᠦᠳᠡᠷᠡᠵᠦ᠍ ᠪᠠᠢᠬᠤ ᠪᠠ ᠬᠡᠷ᠎ᠤᠨ ᠬᠢᠨᠢ ᠲᠠᠷᠤᠭᠠᠰᠤ ᠶᠡᠬᠡᠳᠡᠭ᠌ᠰᠡᠨ᠎ᠢ ᠬᠠᠷᠠᠭᠠᠳ᠂ ᠯᠢ ᠫᠢᠩ ᠠᠨ ᠰᠤᠷᠤᠯᠭ᠎ᠠ᠎ᠳᠠᠭᠠᠨ ᠨᠠᠵᠠᠭᠠᠢᠷᠠᠵᠦ᠍ ᠡᠬᠢᠯᠡᠬᠡᠳ᠂ ᠨᠢᠬᠡ ᠦᠶ᠎ᠠ ᠰᠤᠷᠤᠯᠭ᠎ᠠ᠎ᠪᠠᠨ ᠵᠤᠬ᠍ᠰᠤᠬᠤ ᠪᠤᠳᠤᠯ ᠤᠷᠤᠬ᠍ᠰᠠᠨ ᠪᠠᠢᠪᠠ᠃

2014 ᠤᠨ᠎ᠳᠤ᠂ ᠪᠤᠤ ᠦ᠋ ᠶᠠ᠎ᠶ᠋ᠢᠨ᠎ᠬᠢᠨ᠎ᠢ ᠲᠠᠩᠰᠠᠯᠠᠵᠦ᠍ ᠺᠠᠷᠲᠯᠠᠬ᠍ᠰᠠᠨ ᠶᠠᠳᠠᠭᠤ ᠬᠦᠴᠢᠷᠳᠡᠯᠳᠡᠢ ᠡᠷᠦᠬᠡ᠎ᠪᠠᠷ ᠲᠤᠳᠤᠯᠠᠪᠠ᠃ ᠵᠠᠰᠠᠬ᠎ᠤᠨ ᠤᠷᠳᠤᠨ᠎ᠤ ᠬᠠᠪᠰᠤᠷᠤᠯᠭ᠎ᠠ ᠲᠤᠤᠷ᠎ᠠ᠂ ᠯᠢ ᠫᠢᠩ ᠠᠨ ᠰᠤᠷᠭᠠᠨ ᠬᠦᠮᠦᠵᠢᠯ᠎ᠢᠶᠠᠷ ᠶᠠᠳᠠᠭᠤ᠎ᠶ᠋ᠢ ᠲᠡᠳᠬᠦᠬᠦ᠌ ᠲᠦᠷᠦ᠎ᠶ᠋ᠢᠨ ᠪᠤᠳᠤᠯᠭ᠎ᠠ᠎ᠶ᠋ᠢᠨ ᠠᠱᠢᠬ᠎ᠢ ᠬᠦᠷᠳᠡᠵᠦ᠍᠂ ᠵᠢᠯ ᠪᠦᠷᠢ᠎ᠶ᠋ᠢᠨ ᠰᠤᠷᠤᠯᠭ᠎ᠠ᠎ᠶ᠋ᠢᠨ ᠰᠦᠢᠳᠭᠡᠯ᠂ ᠪᠠᠢᠷᠢ᠎ᠶ᠋ᠢᠨ ᠰᠦᠢᠳᠭᠡᠯ ᠵᠡᠷᠬᠡ᠎ᠶ᠋ᠢ ᠬᠡᠷ᠎ᠠᠴᠠ᠎ᠨᠢ ᠦᠭ᠌ᠬᠦ ᠴᠢᠬᠤᠯᠠ ᠦᠬᠡᠢ ᠪᠤᠯᠤᠬ᠍ᠰᠠᠨ ᠮᠦᠷᠳᠡᠭᠡᠨ ᠬᠤᠭᠤᠯᠠᠨ ᠰᠦᠢᠳᠭᠡᠯ᠎ᠤᠨ ᠨᠦᠬᠦᠪᠦᠷᠢ ᠤᠯᠬᠤ ᠪᠤᠯᠤᠬ᠍ᠰᠠᠨ᠎ᠠᠴᠠ ᠬᠡᠷ᠎ᠤᠨ ᠬᠢᠨᠢ ᠲᠠᠷᠤᠭᠠᠰᠤ ᠶᠡᠬᠡᠬᠡᠨ ᠬᠦᠩᠬᠡᠷᠡᠵᠡᠢ᠃ ᠤᠯᠠᠨ ᠲᠠᠯ᠎ᠠ᠎ᠶ᠋ᠢᠨ ᠬᠠᠪᠰᠤᠷᠤᠯᠭ᠎ᠠ ᠲᠤᠤᠷ᠎ᠠ᠂ ᠯᠢ ᠫᠢᠩ ᠠᠨ ᠰᠤᠷᠤᠯᠭ᠎ᠠ᠎ᠳᠠᠭᠠᠨ ᠨᠡᠩ ᠢᠯᠡᠬᠦᠦ ᠴᠢᠷᠮᠠᠢᠵᠦ᠍᠂ ᠬᠢᠷᠢ ᠪᠦᠲᠦᠮᠵᠢ᠎ᠨᠢ ᠲᠠᠰᠤᠷᠠᠯᠳᠠ ᠦᠬᠡᠢ ᠲᠡᠭᠡᠭ᠌ᠰᠢᠯᠡᠵᠦ᠍ ᠡᠬᠢᠯᠡᠵᠡᠢ᠃

ᠨᠢᠬᠡ ᠰᠤᠷᠤᠬ᠍ᠴᠢ᠎ᠶ᠋ᠢ ᠴᠤ᠌ ᠡᠩᠨᠡᠭᠡ᠎ᠠᠴᠠ᠎ᠨᠢ ᠬᠤᠴᠤᠷᠤᠬ᠍ᠳᠠᠭᠤᠯᠬᠤ ᠦᠬᠡᠢ᠎ᠶ᠋ᠢᠨ ᠲᠦᠯᠦᠬᠡ᠂ ᠮᠠᠨ᠎ᠤ ᠤᠷᠤᠨ᠎ᠤ ᠰᠤᠷᠭᠠᠨ ᠬᠦᠮᠦᠵᠢᠯ᠎ᠢᠶᠠᠷ ᠶᠠᠳᠠᠭᠤ᠎ᠶ᠋ᠢ ᠲᠡᠳᠬᠦᠬᠦ᠌ ᠠᠵᠢᠯ᠎ᠤᠨ ᠠᠬᠢᠭᠤᠯᠬᠤ ᠲᠤᠭᠤᠢ᠍ᠢᠯᠠᠩ ᠰᠤᠷᠭᠠᠨ ᠬᠦᠮᠦᠵᠢᠯ᠎ᠢᠶᠠᠷ ᠶᠠᠳᠠᠭᠤ᠎ᠶ᠋ᠢ ᠲᠡᠳᠬᠦᠬᠦ᠌ ᠠᠵᠢᠯ᠎ᠢ ᠬᠦᠴᠦᠳᠡᠢ ᠦᠷᠨᠢᠬᠦᠯᠵᠦ᠍᠂ ᠰᠤᠷᠤᠯᠭ᠎ᠠ᠎ᠪᠠᠨ ᠲᠤᠷᠭᠤᠨ ᠵᠤᠬ᠍ᠰᠤᠬᠤ᠎ᠶ᠋ᠢ ᠬᠢᠵᠠᠭᠠᠷᠯᠠᠵᠦ᠍ ᠰᠤᠷᠤᠯᠭ᠎ᠠ᠎ᠶ᠋ᠢ ᠪᠠᠳᠤᠯᠠᠬᠤ ᠲᠦᠪᠱᠢᠨ᠎ᠢ ᠲᠡᠭᠡᠭ᠌ᠰᠢᠯᠡᠬᠦᠯᠵᠡᠢ᠃ ᠪᠦᠬᠦ᠌ ᠤᠷᠤᠨ᠎ᠤ 12 ᠠᠢᠮᠠᠬ ᠬᠤᠳᠠ ᠰᠤᠷᠤᠯᠭ᠎ᠠ᠎ᠪᠠᠨ ᠲᠤᠷᠭᠤᠨ ᠵᠤᠬ᠍ᠰᠤᠬᠤ᠎ᠶ᠋ᠢ ᠬᠢᠵᠠᠭᠠᠷᠯᠠᠵᠦ᠍ ᠰᠤᠷᠤᠯᠭ᠎ᠠ᠎ᠶ᠋ᠢ ᠪᠠᠳᠤᠯᠠᠬᠤ ᠬᠦᠳᠡᠯᠦᠩᠬᠦᠢ ᠬᠠᠮᠢᠶᠠᠷᠤᠯᠳᠠ᠎ᠶ᠋ᠢᠨ ᠳ᠋ᠠᠢᠲ᠋ᠠ᠎ᠶ᠋ᠢᠨ ᠬᠦᠮᠦᠷᠬᠡ᠎ᠶ᠋ᠢ ᠪᠠᠢᠭᠤᠯᠵᠦ᠍᠂ ᠦᠪᠡᠷᠳᠡᠭᠡᠨ ᠵᠠᠰᠠᠬᠤ ᠤᠷᠤᠨ᠎ᠤ ᠲᠡᠰ᠎ᠤᠨ ᠰᠤᠷᠤᠯᠭ᠎ᠠ᠎ᠪᠠᠨ ᠲᠤᠷᠭᠤᠨ ᠵᠤᠬ᠍ᠰᠤᠬᠤ᠎ᠶ᠋ᠢ ᠬᠢᠵᠠᠭᠠᠷᠯᠠᠵᠦ᠍ ᠰᠤᠷᠤᠯᠭ᠎ᠠ᠎ᠶ᠋ᠢ ᠪᠠᠳᠤᠯᠠᠬᠤ ᠬᠦᠳᠡᠯᠦᠩᠬᠦᠢ ᠬᠠᠮᠢᠶᠠᠷᠤᠯᠳᠠ᠎ᠶ᠋ᠢᠨ ᠳ᠋ᠠᠢᠲ᠋ᠠ᠎ᠶ᠋ᠢᠨ ᠬᠦᠮᠦᠷᠬᠡ᠎ᠶ᠋ᠢᠨ ᠰᠦᠯᠵᠢᠶᠡᠨ ᠲᠡᠬᠡᠷ᠎ᠠ ᠲᠠᠬ᠍ᠯᠠᠬᠤ ᠱᠢᠰᠲ᠋ᠧᠮ᠎ᠢ ᠨᠡᠬᠡᠬᠡᠵᠦ᠍᠂ ᠴᠠᠬ ᠢᠮᠠᠬ᠍ᠳᠠ ᠬᠢᠨᠠᠨ ᠬᠡᠮᠵᠢᠵᠦ᠍᠂ ᠳ᠋ᠠᠢᠲ᠋ᠠ᠎ᠶ᠋ᠢᠨ ᠤᠨᠤᠪᠴᠢᠳᠠᠢ ᠪᠠᠢᠬᠤ᠎ᠶ᠋ᠢ ᠪᠠᠳᠤᠯᠠᠵᠠᠢ᠃ ᠤᠳᠤᠬᠠᠨ᠎ᠳᠤ᠂ ᠪᠦᠬᠦ᠌ ᠤᠷᠤᠨ᠎ᠤ ᠠᠯᠪᠠᠨ ᠵᠢᠷᠤᠮ᠎ᠤᠨ ᠰᠤᠷᠭᠠᠨ ᠬᠦᠮᠦᠵᠢᠯ᠎ᠤᠨ ᠱᠠᠳᠤᠨ᠎ᠤ ᠰᠤᠷᠤᠬ᠍ᠴᠢ᠎ᠶ᠋ᠢᠨ ᠶᠠᠳᠠᠭᠤ ᠬᠦᠴᠢᠷᠳᠡᠯ᠎ᠠᠴᠠ ᠪᠤᠯᠵᠦ᠍ ᠰᠤᠷᠤᠯᠭ᠎ᠠ᠎ᠪᠠᠨ ᠲᠤᠷᠭᠤᠨ ᠵᠤᠬ᠍ᠰᠤᠬᠤ ᠪᠠᠢᠳᠠᠯ ᠠᠷᠢᠯᠤᠬ᠍ᠰᠠᠨ ᠪᠠᠢᠨ᠎ᠠ᠃

ᠶᠠᠳᠠᠭᠤ ᠬᠦᠴᠢᠷᠳᠡᠯ ᠦᠶ᠎ᠠ ᠲᠠᠮᠵᠢᠬᠤ᠎ᠶ᠋ᠢ ᠬᠤᠷᠢᠬ᠍ᠯᠠᠨ ᠵᠤᠬ᠍ᠰᠤᠭᠠᠬᠤ᠎ᠶ᠋ᠢᠨ ᠲᠦᠯᠦᠬᠡ᠂ ᠮᠠᠨ᠎ᠤ ᠤᠷᠤᠨ ᠶᠠᠳᠠᠭᠤ ᠬᠦᠴᠢᠷᠳᠡᠯᠳᠡᠢ ᠬᠦᠮᠦᠨ ᠠᠮᠠ᠎ᠶ᠋ᠢ ᠬᠦᠮᠦᠨ᠎ᠢ᠎ᠨᠢ ᠪᠠᠶᠠᠵᠢᠭᠤᠯᠵᠦ᠍᠂ ᠲᠠᠷᠢᠬᠢ ᠲᠤᠯᠤᠭᠠᠢ᠎ᠶ᠋ᠢ᠎ᠨᠢ ᠨᠡᠩ ᠢᠯᠡᠬᠦᠦ ᠵᠡᠪᠰᠡᠭ᠌ᠯᠡᠬᠦ᠌᠎ᠶ᠋ᠢ ᠠᠬᠢᠭᠤᠯᠵᠦ᠍᠂ ᠶᠠᠳᠠᠭᠤ ᠬᠦᠴᠢᠷᠳᠡᠯᠳᠡᠢ ᠭᠠᠵᠠᠷ ᠤᠷᠤᠨ᠎ᠤ ᠰᠤᠷᠭᠠᠭᠤᠯᠢ ᠡᠷᠬᠢᠯᠡᠬᠦ᠌ ᠨᠦᠬᠦᠴᠡᠯ᠎ᠢ ᠬᠦᠴᠦᠯᠡᠨ ᠰᠠᠢᠵᠢᠷᠠᠭᠤᠯᠵᠦ᠍᠂ 2016 ᠤᠨ᠎ᠠᠴᠠ ᠨᠠᠭᠠᠰᠢ᠂ ᠮᠠᠨ᠎ᠤ ᠤᠷᠤᠨ 2087 ᠰᠤᠷᠭᠠᠭᠤᠯᠢ᠎ᠶ᠋ᠢ ᠪᠠᠷᠢᠮᠵᠢᠶᠠᠨ᠎ᠳᠤ ᠬᠦᠷᠳᠡᠯ᠎ᠠ ᠪᠦᠲᠦᠬᠡᠨ ᠪᠠᠢᠭᠤᠯᠵᠦ᠍᠂ ᠮᠠᠯᠵᠢᠬᠤ ᠲᠠᠷᠢᠶᠠᠯᠠᠬᠤ ᠤᠷᠤᠨ᠎ᠤ ᠠᠯᠪᠠᠨ ᠵᠢᠷᠤᠮ᠎ᠤᠨ ᠰᠤᠷᠭᠠᠨ ᠬᠦᠮᠦᠵᠢᠯ᠎ᠤᠨ ᠱᠠᠳᠤᠨ᠎ᠤ ᠰᠤᠷᠭᠠᠭᠤᠯᠢ᠎ᠳᠤ ᠪᠠᠢᠭ᠎ᠠ ᠰᠤᠷᠤᠬ᠍ᠴᠢ᠎ᠶ᠋ᠢᠨ ᠱᠢᠮ᠎ᠠ ᠲᠡᠵᠢᠬᠡᠯ᠎ᠢ ᠰᠠᠢᠵᠢᠷᠠᠭᠤᠯᠬᠤ ᠲᠦᠯᠦᠪᠯᠡᠭᠡ᠎ᠶ᠋ᠢ ᠤᠯᠤᠰ᠎ᠤᠨ ᠲᠡᠰ᠎ᠤᠨ ᠶᠠᠳᠠᠭᠤ ᠬᠦᠴᠢᠷᠳᠡᠯᠳᠡᠢ 31 ᠬᠤᠱᠢᠭᠤ ᠱᠢᠶᠠᠨ᠎ᠢ ᠪᠦᠷᠬᠦᠬᠦᠯᠵᠦ᠍᠂ ᠤᠯᠤᠰ᠎ᠤᠨ ᠲᠡᠰ᠎ᠤᠨ ᠶᠠᠳᠠᠭᠤ ᠬᠦᠴᠢᠷᠳᠡᠯᠳᠡᠢ 57 ᠬᠤᠱᠢᠭᠤ ᠱᠢᠶᠠᠨ ᠤᠯᠤᠰ᠎ᠤᠨ ᠠᠯᠪᠠᠨ ᠵᠢᠷᠤᠮ᠎ᠤᠨ ᠰᠤᠷᠭᠠᠨ ᠬᠦᠮᠦᠵᠢᠯ᠎ᠤᠨ ᠬᠦᠭ᠌ᠵᠢᠯᠳᠡ ᠦᠨᠳᠦᠰᠦᠨ᠎ᠳᠡᠭᠡᠨ ᠲᠡᠩᠴᠡᠬᠦᠷᠢᠳᠡᠢ ᠱᠢᠶᠠᠨ᠎ᠤ ᠦᠨᠡᠯᠡᠨ ᠵᠢᠱ᠌ᠢᠯᠳᠡ᠎ᠳᠤ ᠨᠤᠳᠠᠯᠠᠬ᠍ᠳᠠᠵᠦ᠍᠂ ᠶᠠᠳᠠᠭᠤ ᠬᠦᠴᠢᠷᠳᠡᠯᠳᠡᠢ ᠬᠡᠷ ᠪᠦᠯᠢ᠎ᠶ᠋ᠢᠨ ᠦᠷ᠎ᠠ ᠬᠡᠤᠬᠡᠳ᠎ᠤᠨ ᠠᠯᠪᠠᠨ ᠵᠢᠷᠤᠮ᠎ᠤᠨ ᠰᠤᠷᠭᠠᠨ ᠬᠦᠮᠦᠵᠢᠯ᠎ᠢ ᠪᠠᠳᠤᠯᠠᠬᠤ᠎ᠶ᠋ᠢ ᠪᠦᠬᠦᠨ᠎ᠢ ᠪᠡᠶᠡᠯᠡᠬᠦᠯᠵᠦ᠍᠂ ᠡᠯ᠎ᠠ ᠱᠠᠳᠤᠨ᠎ᠤ ᠡᠯ᠎ᠠ ᠲᠦᠷᠦᠯ᠎ᠤᠨ ᠰᠤᠷᠤᠬ᠍ᠴᠢ᠎ᠶ᠋ᠢ ᠨᠡᠢᠳᠡ 2102.79 ᠲᠦᠮᠡᠨ ᠬᠦᠮᠦᠨ ᠤᠳᠠᠭ᠎ᠠ ᠵᠤᠭᠤᠰ᠎ᠢᠶᠠᠷ ᠲᠤᠰᠠᠯᠠᠵᠦ᠍᠂ ᠲᠤᠰᠠᠯᠠᠬ᠍ᠰᠠᠨ ᠵᠤᠭᠤᠰ᠎ᠤᠨ ᠲᠤᠭ᠎ᠠ 233.41 ᠳ᠋ᠦᠩᠱᠢᠭᠤᠷ ᠲᠦᠬᠦᠷᠢᠭ᠎ᠲᠤ ᠬᠦᠷᠴᠡᠢ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号