ᠬᠠᠭᠤᠴᠢᠨ ᠪᠠᠷᠭᠤ ᠬᠤᠱᠢᠭᠤᠨ᠎ᠤ ᠮᠠᠯᠴᠢᠤᠨ ᠲᠦᠯ ᠲᠤᠰᠤᠭᠠᠳ ᠶᠠᠭᠠᠷᠠᠤ
2021-03-29 10:52:16
ᠵᠣᠬᠢᠶᠠᠭ᠍ᠴᠢ᠄
ᠦ᠋ ᠴᠢᠩ ᠯᠠᠨ ᠯᠢ ᠱᠢᠨ ᠵᠢᠶᠦ᠋ᠨ
ᠣᠩᠱᠢᠭ᠍ᠰᠠᠨ ᠣᠳᠠᠭ᠎ᠠ᠄
★★★☆☆

ᠣᠲᠣ ᠪᠣᠯ ᠶᠠᠭ ᠲᠠᠯ᠎ᠠ ᠨᠤᠲᠤᠭ᠎ᠤᠨ ᠮᠠᠯᠴᠢᠳ᠎ᠤᠨ ᠲᠥᠯ ᠲᠤᠰᠴᠤ᠌ ᠪᠤᠢᠵᠢᠭᠤᠯᠬᠤ ᠵᠠᠩᠬᠢᠯᠠᠭ᠎ᠠ᠎ᠶ᠋ᠢᠨ ᠴᠠᠭ ᠬᠤᠭᠤᠴᠠᠭ᠎ᠠ ᠪᠣᠯᠤᠨ᠎ᠠ᠃ 3 ᠰᠠᠷ᠎ᠠ᠎ᠶ᠋ᠢᠨ 25 ᠎ᠤ ᠡᠳᠤᠷ᠂ ᠬᠠᠭᠤᠴᠢᠨ ᠪᠠᠷᠭᠤ ᠬᠤᠱᠢᠭᠤᠨ᠎ᠤ ᠬᠥᠬᠡᠨᠠᠭᠤᠷ ᠪᠠᠯᠭᠠᠰᠤᠨ᠎ᠤ ᠪᠠᠶᠠᠨ ᠪᠦᠷᠢᠳᠦ ᠭᠠᠴᠠᠭᠠᠨ᠎ᠤ ᠮᠠᠯᠴᠢᠨ ᠰᠣᠳᠣᠷ ᠡᠷ᠎ᠠ ᠡᠮ᠎ᠠ ᠬᠤᠶᠠᠭᠤᠯᠠ ᠬᠠᠱᠢᠶ᠎ᠠ ᠰᠠᠷᠠᠪᠴᠢᠨ᠎ᠳᠠᠭᠠᠨ ᠲᠤᠭᠤᠯ᠎ᠳᠠᠭᠠᠨ ᠡᠪᠡᠰᠦ ᠪᠣᠷᠳᠤᠭ᠎ᠠ ᠨᠡᠮᠡᠵᠦ᠍ ᠶᠠᠭᠠᠷᠠᠨ᠂ ᠬᠠᠱᠢᠶ᠎ᠠ ᠳᠦᠭᠦᠷᠡᠩ ᠲᠤᠭᠤᠯ᠎ᠤᠳ᠎ᠨᠢ ᠨᠠᠭᠠᠤᠡᠴᠤ᠌ ᠲᠤᠬ᠍ᠯᠠᠨ᠎ᠡ᠃

《ᠣᠲᠣ ᠠᠮᠢᠳᠤᠷᠠᠯ ᠰᠠᠢᠵᠢᠷᠠᠵᠤ᠂ ᠴᠢᠨᠠᠷ ᠲᠡᠰ ᠳᠡᠭᠡᠭ᠌ᠰᠢᠯᠡᠨ᠂ ᠬᠠᠱᠢᠶ᠎ᠠ ᠰᠠᠷᠠᠪᠴᠢ ᠵᠡᠷᠭᠡ ᠲᠥᠬᠦᠭᠡᠷᠦᠮᠵᠢ ᠴᠦ᠍ ᠪᠦᠷᠢᠨ ᠲᠦᠬᠦᠷᠵᠢᠪᠡ᠂ ᠪᠠᠯᠭᠠᠰᠤᠨ᠎ᠤ ᠬᠢᠵᠢᠭ᠎ᠢ ᠰᠡᠷᠭᠡᠢᠯᠡᠬᠦ᠌ ᠠᠵᠢᠯᠲᠠᠨ ᠦᠷᠭᠦᠯᠵᠢ ᠢᠷᠡᠵᠦ᠍᠂ ᠮᠠᠨ᠎ᠳᠤ ᠬᠠᠪᠤᠷ᠎ᠤᠨ ᠤᠯᠠᠷᠢᠯ᠎ᠤᠨ ᠮᠠᠯ᠎ᠤᠨ ᠬᠢᠵᠢᠭ᠎ᠢ ᠰᠡᠷᠭᠡᠢᠯᠡᠬᠦ᠌ ᠮᠡᠳᠡᠯᠭᠡ᠎ᠶ᠋ᠢ ᠵᠢᠭᠠᠵᠤ ᠥᠭ᠌ᠴᠦ ᠪᠠᠢᠨ᠎ᠠ᠂ ᠬᠠᠪᠤᠷ᠎ᠤᠨ ᠲᠥᠯ᠎ᠤᠨ ᠣᠨᠳᠣᠷᠤᠯᠳᠡ᠎ᠶ᠋ᠢᠨ ᠨᠣᠷᠮ᠎ᠠ ᠶᠠᠪᠤᠬᠤ ᠲᠤᠲᠤᠮ ᠥᠨᠳᠥᠷ ᠪᠣᠯᠵᠣ ᠪᠠᠢᠨ᠎ᠠ》 ᠭᠡᠵᠤ ᠰᠤᠳᠤᠷ ᠰᠤᠷᠪᠤᠯᠵᠢᠯᠬᠠᠴᠢ᠎ᠳᠤ ᠶᠡᠷᠢᠨ᠎ᠠ᠃ ᠰᠤᠳᠤᠷ᠎ᠤᠨ᠎ᠬᠢᠨ 120 ᠭᠠᠷᠤᠶ ᠦᠭᠡᠷ ᠲᠡᠵᠢᠭᠡᠵᠤ᠂ ᠡᠪᠡᠰᠦ ᠪᠣᠷᠳᠤᠭ᠎ᠠ ᠡᠯᠪᠡᠭ ᠤᠴᠢᠷ᠎ᠠᠴᠠ ᠦᠨᠢᠶ᠎ᠡ᠎ᠨᠢ ᠲᠠᠷᠭᠤ ᠬᠦᠴᠤ᠌ ᠰᠠᠢᠳᠠᠢ᠂ ᠨᠢᠳᠤᠨᠤᠨ᠎ᠤ 11 ᠰᠠᠷ᠎ᠠ᠎ᠠᠴᠠ ᠡᠬᠢᠯᠡᠵᠤ ᠲᠦᠯᠯᠡᠭᠡᠳ᠂ ᠣᠲᠣ ᠪᠣᠯᠲᠠᠯ᠎ᠠ 60 ᠭᠠᠷᠤᠶ ᠲᠤᠭᠤᠯ ᠲᠤᠰᠴᠠᠢ᠃

ᠪᠠᠶᠠᠨᠬᠠᠳᠠ ᠰᠤᠮᠤ᠎ᠶ᠋ᠢᠨ ᠪᠠᠶᠠᠨᠬᠠᠳᠠ ᠭᠠᠴᠠᠭ᠎ᠠ᠎ᠶ᠋ᠢᠨ ᠮᠠᠯᠴᠢᠨ ᠪᠢᠱᠢᠷᠡᠯᠳᠤ᠎ᠶ᠋ᠢᠨ᠎ᠬᠢᠨ 4 ᠬᠥᠮᠦᠨ ᠠᠮᠠ᠎ᠲᠠᠢ᠂ ᠶᠠᠳᠠᠭᠤ᠎ᠠᠴᠠ ᠠᠩᠭᠢᠵᠢᠷᠠᠭ᠍ᠰᠠᠨ᠎ᠤ ᠳᠠᠷᠠᠭᠠᠬᠢ ᠠᠮᠢᠳᠤᠷᠠᠯ ᠮᠠᠰᠢ ᠦᠭᠡᠳᠠ ᠡᠰᠡᠷᠡᠭ ᠪᠠᠢᠯ᠎ᠠ᠃ 《ᠮᠠᠨ᠎ᠤ᠎ᠬᠢᠨ 7000 ᠮᠦ᠍ ᠪᠡᠯᠴᠢᠭᠡᠷ᠎ᠲᠠᠢ᠂ 600 ᠭᠠᠷᠤᠢ ᠬᠤᠨᠢ᠎ᠲᠠᠢ᠂ ᠨᠢᠳᠤᠨᠤᠨ 400 ᠭᠠᠷᠤᠢ ᠬᠤᠨᠢ ᠬᠤᠳᠠᠯᠳᠤᠵᠤ᠂ 30 ᠭᠠᠷᠤᠢ ᠲᠦᠮᠡᠨ ᠲᠥᠭᠦᠷᠢᠭ᠎ᠤᠨ ᠣᠷᠣᠯᠭ᠎ᠠ ᠣᠯᠵᠤ᠂ ᠡᠪᠡᠰᠦ ᠬᠤᠳᠠᠯᠳᠤᠨ ᠠᠪᠬᠤ᠎ᠠᠴᠠ ᠭᠠᠳᠠᠨ᠎ᠠ ᠪᠠᠰᠠ ᠶᠡᠭᠡ ᠬᠦᠦ᠎ᠳᠡᠭᠡᠨ ᠪᠡᠷᠢ ᠪᠠᠭᠤᠯᠭᠠᠵᠠᠢ》 ᠭᠡᠵᠦ᠍ ᠪᠢᠱᠢᠷᠡᠯᠳᠤ ᠪᠠᠶᠠᠷᠲᠠᠶ ᠬᠡᠯᠡᠨ᠎ᠡ᠃

ᠬᠥᠬᠡᠨᠠᠭᠤᠷ ᠪᠠᠯᠭᠠᠰᠤᠨ᠎ᠤ ᠪᠠᠶᠠᠨ ᠪᠦᠷᠢᠳᠦ ᠭᠠᠴᠠᠭᠠᠨ᠎ᠤ ᠮᠠᠯᠴᠢᠨ ᠪᠠᠶᠠᠷᠲᠤ᠎ᠶ᠋ᠢᠨ᠎ᠬᠢᠨ ᠨᠠᠩ ᠴᠤ᠌ ᠦᠬᠡᠷ ᠵᠢᠯ᠎ᠤᠨ ᠠᠩᠬᠠᠨ᠎ᠤ ᠡᠯᠪᠡᠭ ᠬᠤᠷᠢᠶᠠᠯᠲᠠ᠎ᠶ᠋ᠢ ᠤᠯᠵᠠᠢ᠃ ᠬᠤᠨᠢᠨ ᠬᠠᠱᠢᠶᠠᠨ᠎ᠳᠤᠨᠢ ᠬᠤᠷᠠᠭ᠎ᠠ ᠢᠱᠢᠭᠡ ᠮᠠᠢᠯᠠᠯᠳᠤᠬᠤ᠎ᠳᠤ ᠨᠦᠬᠦᠭᠡ ᠬᠠᠱᠢᠶᠠᠨ ᠲᠤᠳᠤᠷ᠎ᠠ ᠲᠤᠭᠤᠯ᠎ᠤᠳ᠎ᠨᠢ ᠡᠢᠰᠢ ᠲᠡᠢᠰᠢ ᠲᠤᠭ᠍ᠯᠠᠯᠳᠤᠨ᠎ᠠ᠃ ᠡᠵᠠᠨ᠎ᠨᠢ ᠪᠡᠰᠠ ᠪᠢᠴᠢᠬᠠᠨ ᠲᠤᠭᠤᠯ᠎ᠳᠠᠭᠠᠨ ᠬᠦᠪᠤᠡᠭ ᠤᠭᠤᠵᠢ ᠡᠮᠤᠰᠭᠡᠵᠤ ᠲᠠᠭᠠᠷᠠᠵᠤ ᠪᠡᠭᠡᠷᠡᠬᠦ᠌᠎ᠠᠴᠠ ᠪᠤᠯᠭᠤᠮᠵᠢᠯᠠᠨ᠎ᠠ᠃ ᠡᠨᠡ ᠵᠢᠯ 63 ᠨᠠᠰᠤᠲᠠᠶ ᠪᠠᠶᠠᠷᠲᠤ 1000 ᠱᠢᠬᠠᠮ ᠬᠤᠨᠢ᠂ 100 ᠭᠠᠷᠤᠶ ᠦᠬᠡᠷ ᠪᠣᠯᠤᠨ 100 ᠭᠠᠷᠤᠶ ᠠᠳᠤᠭᠤ ᠲᠡᠵᠢᠭᠡᠵᠦ᠍᠂ ᠲᠤᠬᠠᠶ᠎ᠶ᠋ᠢᠨ ᠭᠠᠵᠠᠷ᠎ᠤᠨ ᠮᠠᠯᠵᠢᠯ᠎ᠤᠨ ᠲᠣᠮᠣ ᠡᠷᠦᠬᠡ᠎ᠳᠤ ᠲᠣᠭᠠᠴᠠᠭ᠍ᠳᠠᠨ᠎ᠠ᠃ ᠡᠨᠡ ᠵᠢᠯ᠎ᠤᠨ 1 ᠰᠠᠷ᠎ᠠ᠎ᠠᠴᠠ ᠡᠬᠢᠯᠡᠨ᠂ ᠲᠡᠷᠡ ᠠᠯᠢ ᠡᠷᠲᠡ᠎ᠠᠴᠠ ᠲᠥᠯ ᠲᠣᠰᠴᠤ᠌ ᠪᠤᠢᠵᠢᠭᠤᠯᠬᠤ ᠪᠡᠯᠡᠳᠭᠡᠯ ᠠᠵᠢᠯ᠎ᠢᠶᠠᠨ ᠬᠢᠵᠦ᠍᠂ ᠱᠢᠨ᠎ᠡ᠎ᠪᠠᠷ ᠲᠣᠰᠤᠡᠡᠰᠡᠨ 30 ᠭᠠᠷᠤᠶ ᠲᠤᠭᠤᠯ ᠪᠣᠯᠤᠨ 400 ᠭᠠᠷᠤᠶ ᠬᠤᠷᠠᠭ᠎ᠠ᠎ᠶ᠋ᠢᠨ ᠪᠤᠢᠵᠢᠯᠳᠡ᠎ᠶ᠋ᠢᠨ ᠨᠣᠷᠮ᠎ᠠ᠎ᠨᠢ 100% ᠎ᠳᠤ ᠬᠦᠷᠴᠡᠢ᠃

ᠬᠠᠭᠤᠴᠢᠨ ᠪᠠᠷᠭᠤ ᠬᠤᠱᠢᠭᠤ ᠲᠡᠵᠢᠭᠡᠯ ᠡᠪᠡᠰᠦ ᠪᠣᠷᠳᠣᠭᠠᠨ᠎ᠤ ᠬᠠᠩᠭᠠᠯᠭ᠎ᠠ᠎ᠶ᠋ᠢ ᠪᠠᠲᠤᠯᠠᠬᠤ᠂ ᠭᠡᠮ ᠡᠪᠡᠤᠡᠴᠢᠨ᠎ᠢ ᠰᠡᠷᠭᠡᠢᠯᠡᠨ ᠵᠠᠰᠠᠬᠤ ᠤᠬᠠᠭᠤᠯᠭ᠎ᠠ᠎ᠶ᠋ᠢ ᠴᠢᠩᠭᠠᠤᠡᠬᠠᠬᠤ᠂ ᠮᠠᠯ ᠠᠵᠤ ᠠᠬᠤᠶ᠎ᠶ᠋ᠢᠨ ᠮᠡᠷᠭᠡᠵᠢᠯ᠎ᠤᠨ ᠵᠢᠯᠣᠭᠤᠳᠣᠯᠭ᠎ᠠ ᠬᠠᠩᠭᠠᠬᠤ ᠵᠡᠷᠭᠡ ᠠᠷᠭ᠎ᠠ ᠬᠡᠯᠪᠡᠷᠢ᠎ᠪᠠᠷ ᠳᠠᠮᠵᠢᠭᠤᠯᠤᠨ᠂ ᠬᠠᠪᠤᠷ᠎ᠤᠨ ᠲᠥᠯ ᠲᠤᠰᠴᠤ᠌ ᠪᠤᠢᠵᠢᠭᠤᠯᠬᠤ  ᠦᠢᠯᠡᠳᠪᠦᠷᠢᠯᠡᠯ᠎ᠢ ᠪᠥᠬᠦ᠌ ᠬᠦᠴᠦᠨ᠎ᠢᠶᠠᠷ ᠪᠠᠲᠤᠯᠠᠵᠤ ᠪᠠᠢᠨ᠎ᠠ᠃ ᠪᠦᠷᠢᠳᠭᠡᠯ᠎ᠢ ᠦᠨᠳᠦᠰᠦᠯᠡᠪᠡᠯ᠂ ᠲᠤᠰ ᠬᠤᠱᠢᠭᠤᠨ᠎ᠳᠤ ᠮᠠᠯ᠎ᠤᠨ ᠲᠤᠭ᠎ᠠ 100.4 ᠲᠦᠮᠡ᠎ᠳᠤ ᠬᠦᠷᠴᠤ᠌ ᠪᠤᠢ᠂ ᠡᠭᠦᠨ᠎ᠳᠤ᠂ ᠪᠣᠳᠠ ᠮᠠᠯ 17.1 ᠲᠦᠮᠡ᠂ ᠪᠣᠭ ᠮᠠᠯ 83.3 ᠲᠦᠮᠡ ᠪᠠᠢᠵᠤ᠂ ᠮᠠᠯ᠎ᠳᠤ ᠬᠢᠵᠢᠭ ᠰᠠᠷᠭᠡᠢᠯᠡᠬᠦ᠌ ᠲᠠᠷᠢᠯᠭ᠎ᠠ ᠨᠤᠷᠮ᠎ᠠ 100 % ᠎ᠳᠤ ᠬᠦᠷᠴᠡᠢ᠃ ᠵᠢᠱ᠌ᠢᠯᠲᠡ᠎ᠪᠠᠷ᠂ ᠡᠨᠡ ᠵᠢᠯ 56.8 ᠲᠦᠮᠡᠨ ᠲᠥᠯ ᠲᠤᠰᠤᠨ᠎ᠠ᠃ 3 ᠰᠠᠷ᠎ᠠ᠎ᠶ᠋ᠢᠨ 20 ᠎ᠤ ᠡᠳᠤᠷ ᠪᠤᠯᠳᠡᠯ᠎ᠠ᠂ ᠪᠥᠬᠦ᠌ ᠬᠤᠱᠢᠭᠤ᠎ᠪᠠᠷ᠎ᠢᠶᠠᠨ ᠨᠡᠢᠲᠡ 8.2 ᠲᠦᠮᠡᠨ ᠪᠣᠳᠠ ᠪᠤᠭ ᠮᠠᠯ᠎ᠤᠨ ᠲᠦᠯ ᠲᠤᠰᠴᠠᠢ᠃ ᠡᠬᠦᠨ᠎ᠳᠤ 1.4 ᠲᠦᠮᠡᠨ ᠪᠤᠳᠡ ᠮᠠᠯ᠎ᠤᠨ ᠲᠦᠯ᠂ 6.8 ᠲᠦᠮᠡᠨ ᠪᠣᠭ ᠮᠠᠯ᠎ᠤᠨ ᠲᠦᠯ ᠲᠤᠰᠴᠤ᠌ ᠪᠠᠢᠨ᠎ᠠ᠃




                    ᠪᠢᠱᠢᠷᠡᠯᠳᠤ ᠡᠷ᠎ᠡ ᠡᠮ᠎ᠡ ᠬᠤᠶᠠᠭᠤᠯᠠ ᠭᠤᠯᠤᠩᠬᠠᠢ᠎ᠪᠠᠨ ᠠᠪᠤᠭᠤᠯᠵᠦ᠍ ᠪᠠᠢᠭ᠎ᠠ᠎ᠨᠢ



                         ᠬᠤᠨᠢ᠎ᠪᠠᠨ ᠪᠡᠯᠴᠢᠭᠡᠷᠯᠡᠬᠦᠯᠦᠨ᠎ᠡ



                         ᠬᠤᠨᠢ᠎ᠪᠠᠨ ᠡᠪᠡᠰᠦᠯᠡᠨ᠎ᠡ



 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号