ᠬᠠᠳᠠᠪᠴᠢ ᠪᠠᠯᠭᠠᠰᠣᠨ᠎ᠤ ᠬᠢᠯᠢ ᠲᠠᠭᠠᠣ ᠲᠣᠷᠤᠭ ᠪᠣᠭᠤ᠎ᠶ᠋ᠢᠨ ᠰᠦᠷᠦᠭ ᠨᠡᠭᠦᠳᠡᠯᠯᠡᠵᠦ᠍ ᠢᠷᠡᠪᠡ
2021-03-05 10:28:01
ᠵᠣᠬᠢᠶᠠᠭ᠍ᠴᠢ᠄
ᠪᠢᠯᠢᠭ᠌ᠪᠡᠭᠠᠲᠣᠷ
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠳᠤ᠂ ᠱᠢᠯᠢ᠎ᠶ᠋ᠢᠨ ᠭᠤᠤᠯ ᠠᠢᠮᠠᠭ᠎ᠤᠨ ᠬᠢᠯᠢ᠎ᠶ᠋ᠢᠨ ᠬᠠᠮᠠᠭᠠᠯᠠᠯᠳᠡ᠎ᠶ᠋ᠢᠨ ᠰᠠᠯᠪᠤᠷᠢ ᠠᠩᠭᠢ᠎ᠶ᠋ᠢᠨ ᠬᠠᠳᠠᠪᠴᠢ ᠲᠤᠮᠢᠯᠠᠭ᠍ᠰᠠᠨ ᠰᠠᠯᠪᠤᠷᠢ ᠬᠢᠯᠢ᠎ᠶ᠋ᠢᠨ ᠱᠤᠭᠤᠮ ᠲᠠᠭᠠᠤ ᠴᠠᠭ᠍ᠳᠠᠵᠤ ᠪᠠᠢᠭᠠᠳ ᠲᠤᠷᠤᠭ ᠪᠤᠭᠤ᠎ᠶ᠋ᠢᠨ ᠰᠦᠷᠦᠭ ᠪᠡᠯᠴᠢᠭᠡᠷᠯᠡᠵᠦ᠍ ᠪᠠᠢᠬᠤ᠎ᠯᠤᠭ᠎ᠠ ᠲᠠᠭᠠᠷᠠᠯᠳᠤᠵᠠᠢ᠃ ᠬᠠᠳᠠᠪᠴᠢ ᠲᠤᠮᠢᠯᠠᠭ᠍ᠰᠠᠨ ᠰᠠᠯᠪᠤᠷᠢ᠎ᠶ᠋ᠢᠨ ᠲᠠᠷᠤᠭ᠎ᠠ ᠬᠦᠪᠴᠢ᠎ᠶ᠋ᠢᠨ ᠬᠡᠯᠡᠬᠦ᠌᠎ᠪᠠᠷ᠂ ᠡᠪᠦᠯ᠎ᠤᠨ ᠲᠦᠢᠯ᠎ᠤᠨ ᠡᠳᠦᠷ ᠠᠩᠬ᠎ᠠ ᠤᠳᠠᠭ᠎ᠠ ᠡᠨᠡ ᠬᠦ᠌ ᠰᠦᠷᠦᠭ ᠲᠤᠷᠤᠭ ᠪᠤᠭᠤ᠎ᠶ᠋ᠢ ᠤᠯᠵᠤ ᠮᠡᠳᠡᠵᠡᠢ᠃ ᠤᠳᠤ ᠲᠤᠷᠤᠭ ᠪᠤᠭᠤ᠎ᠶ᠋ᠢᠨ ᠲᠤᠭ᠎ᠠ ᠨᠡᠮᠡᠭ᠌ᠳᠡᠭᠡᠳ 50 ᠭᠠᠷᠤᠢ ᠪᠤᠯᠵᠤ᠂ ᠬᠢᠯᠢ᠎ᠶ᠋ᠢᠨ ᠴᠠᠷ᠎ᠠ ᠲᠠᠭᠠᠭ᠍ᠰᠠᠨ ᠴᠠᠰᠤ ᠪᠠᠭ᠎ᠠ᠎ᠲᠠᠢ ᠪᠡᠯᠴᠢᠭᠡᠷ ᠡᠪᠡᠰᠤᠨ᠎ᠳᠤ ᠢᠳᠡᠱᠢᠯᠡᠵᠤ ᠮᠠᠰᠢ ᠲᠤᠭ᠍ᠳᠠᠭᠤᠨ ᠪᠠᠢᠨ᠎ᠠ ᠭᠡᠨ᠎ᠡ᠃ ᠲᠤᠷᠤᠭ ᠪᠤᠭᠤ ᠪᠤᠯ ᠤᠯᠤᠰ᠎ᠤᠨ ᠬᠤᠶᠠᠳᠤᠭᠠᠷ ᠲᠡᠰ᠎ᠤᠨ ᠬᠠᠮᠠᠭᠠᠯᠠᠯᠳᠠ᠎ᠲᠠᠢ ᠠᠮᠢᠳᠠᠨ ᠮᠦᠨ᠂ ᠭᠤᠤᠯᠳᠠᠭᠤ ᠠᠭᠤᠯᠠᠷᠬᠠᠭ ᠱᠢᠭᠤᠢ᠍ᠢᠳᠤ ᠤᠷᠤᠨ ᠪᠤᠶᠤ ᠲᠠᠯ᠎ᠠ ᠭᠤᠪᠢ᠎ᠳᠤ ᠤᠷᠤᠩᠨᠠᠨ ᠠᠮᠢᠳᠤᠷᠠᠵᠤ᠂ ᠡᠯᠳᠡᠪ ᠲᠦᠷᠦᠯ᠎ᠤᠨ ᠡᠪᠡᠰᠤ᠂ ᠮᠤᠳᠤᠨ᠎ᠤ ᠨᠠᠪᠴᠢ ᠨᠠᠷᠢᠨ ᠮᠦᠴᠢᠷ᠂ ᠦᠷ᠎ᠡ ᠵᠢᠮᠢᠰ᠎ᠢ ᠢᠳᠡᠳᠡᠭ᠃ ᠬᠠᠳᠠᠪᠴᠢ ᠲᠤᠮᠢᠯᠠᠭ᠍ᠰᠠᠨ ᠰᠠᠯᠪᠤᠷᠢ᠎ᠶ᠋ᠢᠨ ᠴᠠᠭ᠍ᠳᠠᠭ᠎ᠠ ᠠᠯᠳᠠᠷᠳᠤ᠎ᠶ᠋ᠢᠨ ᠲᠠᠨᠢᠯᠴᠠᠭᠤᠯᠤᠭ᠍ᠰᠠᠨ᠎ᠢᠶᠠᠷ᠂ ᠲᠤᠷᠤᠭ ᠪᠤᠭᠤ᠎ᠶ᠋ᠢᠨ ᠰᠦᠷᠦᠭ 4 ᠰᠠᠷ᠎ᠠ ᠪᠤᠯᠳᠠᠯ᠎ᠠ ᠮᠠᠨ᠎ᠤ ᠤᠯᠤᠰ᠎ᠤᠨ ᠬᠢᠯᠢ ᠲᠤᠲᠤᠷ᠎ᠠ ᠤᠷᠤᠩᠨᠠᠭᠠᠳ ᠨᠡᠭᠦᠳᠡᠯᠯᠡᠨ ᠤᠤᠡᠳᠠᠭ ᠭᠡᠨ᠎ᠡ᠃ ᠤᠢ᠍ᠢᠷ᠎ᠠ᠎ᠶ᠋ᠢᠨ ᠵᠢᠯ᠎ᠳᠤ᠂ ᠱᠢᠯᠢ᠎ᠶ᠋ᠢᠨ ᠭᠤᠤᠯ ᠠᠢᠮᠠᠭ ᠲᠠᠯ᠎ᠠ ᠨᠤᠲᠤᠭ᠎ᠤᠨ ᠠᠮᠢ ᠠᠬᠤᠢ᠎ᠶ᠋ᠢᠨ ᠨᠦᠬᠦᠪᠦᠷᠢᠯᠡᠵᠦ᠍ ᠱᠠᠩᠨᠠᠬᠤ ᠲᠦᠷᠦ᠎ᠶ᠋ᠢᠨ ᠪᠤᠳᠤᠯᠭ᠎ᠠ᠎ᠶ᠋ᠢ ᠪᠦᠬᠦ᠌ ᠲᠠᠯ᠎ᠠ᠎ᠪᠠᠷ ᠨᠠᠢᠳᠠᠪᠤᠷᠢᠵᠢᠭᠤᠯᠵᠤ᠂ ᠤᠯᠤᠰ᠎ᠤᠨ ᠦᠮᠴᠢᠯᠠᠯᠳᠤ ᠤᠢ ᠱᠢᠭᠤᠢ᠎ᠶ᠋ᠢᠨ ᠲᠠᠯᠠᠪᠠᠢ᠎ᠶ᠋ᠢᠨ ᠪᠠᠢᠭᠤᠯᠤᠯᠳᠠ᠎ᠶ᠋ᠢ ᠠᠬᠢᠭᠤᠯᠤᠨ᠂ 《ᠨᠠᠭᠤᠷ ᠭᠤᠤᠯ᠎ᠤᠨ ᠲᠠᠷᠤᠭ᠎ᠠ᠎ᠶ᠋ᠢᠨ ᠲᠦᠷᠢᠮ》 ᠎ᠤᠨ ᠲᠤᠭᠤᠷᠢᠨ ᠪᠠᠢᠴᠠᠭᠠᠬᠤ ᠲᠦᠷᠢᠮ ᠲᠤᠭ᠍ᠳᠠᠴᠠ ᠵᠡᠷᠭᠡ᠎ᠶ᠋ᠢ ᠲᠤᠭ᠍ᠳᠠᠭᠠᠨ ᠬᠡᠷᠡᠭ᠌ᠵᠢᠭᠦᠯᠦᠭ᠌ᠰᠡᠨ᠎ᠠᠴᠠ ᠲᠤᠬᠠᠢ᠎ᠶ᠋ᠢᠨ ᠭᠠᠵᠠᠷ ᠤᠷᠤᠨ᠎ᠤ ᠠᠮᠢ ᠠᠬᠤᠢ ᠵᠢᠯ ᠲᠤᠳᠤᠮ ᠠᠮᠢᠯᠠᠨ ᠰᠡᠷᠭᠦᠵᠦ᠍᠂ ᠵᠡᠷᠯᠢᠭ ᠠᠮᠢᠳᠠᠨ ᠴᠤ᠌ ᠶᠠᠪᠤᠬᠤ ᠲᠤᠳᠤᠮ ᠤᠯᠠᠱᠢᠷᠠᠵᠤ ᠪᠠᠢᠨ᠎ᠠ᠃


33.png


ᠲᠤᠷᠤᠭ ᠪᠤᠭᠤ᠎ᠶ᠋ᠢᠨ ᠰᠦᠷᠦᠭ

ᠰᠤᠷᠪᠤᠯᠵᠢᠯᠠᠭ᠍ᠴᠢ ᠪᠢᠯᠢᠭ᠌ᠪᠡᠭᠠᠳᠤᠷ ᠰᠡᠬᠦᠳᠡᠷᠯᠡᠪᠡ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号