ᠤᠷᠠᠳ᠎ᠤᠨ ᠬᠤᠢᠳᠤ ᠬᠤᠱᠢᠭᠤᠨ᠎ᠤ ᠮᠠᠯᠴᠢᠳ ᠬᠠᠪᠤᠷ᠎ᠤᠨ ᠲᠦᠯ ᠲᠤᠰᠤᠭᠠᠳ ᠶᠠᠭᠠᠷᠠᠯᠳᠤᠨ᠎ᠠ
2021-04-16 17:34:18
ᠵᠣᠬᠢᠶᠠᠭ᠍ᠴᠢ᠄
● ᠴᠠᠭᠠᠨ ● ᠠᠯᠳᠠᠨᠰᠤᠪᠤᠳ
ᠣᠩᠱᠢᠭ᠍ᠰᠠᠨ ᠣᠳᠠᠭ᠎ᠠ᠄
★★★☆☆

ᠬᠠᠪᠤᠷ᠎ᠤᠨ ᠤᠯᠠᠷᠢᠯ ᠪᠤᠯ ᠮᠠᠯᠴᠢᠳ᠎ᠤᠨ ᠲᠦᠯ ᠲᠤᠰᠴᠤ᠌ ᠪᠤᠢᠵᠢᠭᠤᠯᠬᠤ ᠵᠠᠩᠭᠢᠯᠠᠭ᠎ᠠ᠎ᠶ᠋ᠢᠨ ᠴᠠᠭ ᠬᠤᠭᠤᠴᠠᠭ᠎ᠠ ᠪᠤᠯᠤᠨ᠎ᠠ᠃ ᠤᠷᠠᠳ᠎ᠤᠨ ᠬᠤᠢᠳᠤ ᠬᠤᠱᠢᠭᠤᠨ᠎ᠤ ᠮᠠᠯᠴᠢᠳ ᠬᠠᠪᠤᠷ᠎ᠤᠨ ᠤᠯᠠᠷᠢᠯ᠎ᠤᠨ ᠲᠦᠯ ᠲᠤᠰᠴᠤ᠌ ᠪᠤᠢᠵᠢᠭᠤᠯᠬᠤ ᠠᠵᠢᠯ᠎ᠳᠠᠭᠠᠨ ᠶᠠᠭᠠᠷᠠᠯᠳᠤᠵᠠᠭᠠᠨ᠎ᠠ᠃

ᠰᠤᠷᠪᠤᠯᠵᠢᠯᠠᠭ᠍ᠴᠢ ᠤᠢᠷ᠎ᠠ᠎ᠶ᠋ᠢᠨ ᠡᠳᠤᠷ᠂ ᠤᠷᠠᠳ᠎ᠤᠨ ᠬᠤᠢᠳᠤ ᠬᠤᠱᠢᠭᠤᠨ᠎ᠤ ᠭᠦᠭᠡᠦ᠌ᠨᠳᠤᠷ ᠪᠠᠯᠭᠠᠰᠤᠨ᠎ᠤ ᠭᠦᠭᠡᠦ᠌ᠨᠳᠤᠷ ᠭᠠᠴᠠᠭᠠᠨ᠎ᠤ ᠮᠠᠯᠴᠢᠨ ᠨᠠᠷᠠᠨᠬᠤᠸᠠᠷ᠎ᠤᠨ᠎ᠬᠢᠨ᠎ᠳᠤ ᠭᠦᠷᠭᠦ᠎ᠳᠤ ᠲᠡᠷᠡ ᠶᠠᠭ ᠰᠠᠢᠬᠠᠨ ᠢᠱᠢᠭᠡ ᠬᠤᠷᠠᠭ᠎ᠠ᠎ᠪᠠᠨ ᠤᠭ᠍ᠵᠢᠭᠠᠳ ᠶᠠᠭᠠᠷᠠᠵᠤ ᠪᠠᠢᠯ᠎ᠠ᠃ ᠨᠠᠷᠠᠨᠬᠤᠸᠠᠷ ᠬᠤᠷᠢᠶ ᠎ᠡ ᠲᠦᠭᠦᠷᠡᠩ ᠲᠤᠭ᠍ᠯᠠᠯᠳᠤᠨ ᠦᠰᠦᠷᠴᠤ᠌ ᠪᠠᠢᠭ᠎ᠠ ᠢᠱᠢᠭᠡ ᠬᠤᠷᠠᠭ᠎ᠠ᠎ᠪᠠᠨ ᠬᠠᠷᠠᠭᠠᠳ ᠨᠢᠭᠤᠷ ᠲᠦᠭᠦᠷᠡᠩ ᠪᠠᠶᠠᠷ ᠵᠢᠷᠭᠠᠯ᠎ᠤᠨ ᠢᠨᠢᠶᠡᠳᠤ ᠲᠤᠳᠤᠷᠠᠨ᠎ᠠ᠃ ᠲᠡᠷᠡ᠄ 《ᠨᠢᠳᠤᠨᠤᠨ ᠡᠪᠤᠯ ᠲᠡᠭ᠌ᠷᠢ ᠭᠦᠢᠳᠡᠨ ᠦᠩᠭᠡᠷᠡᠭ᠌ᠰᠡᠨ᠂ ᠮᠠᠨᠤᠰ ᠡᠪᠡᠰᠤ ᠪᠤᠷᠳᠤᠭ᠎ᠠ᠎ᠪᠠᠨ ᠡᠯᠪᠡᠭ ᠪᠡᠯᠡᠳᠭᠡᠭ᠌ᠰᠡᠨ ᠪᠤᠯᠬᠤᠷ ᠲᠦᠯ ᠮᠠᠯ ᠴᠤ᠌ ᠤᠷᠤᠭ᠍ᠰᠢᠳᠠᠢ ᠲᠤᠰᠤᠭ᠍ᠰᠠᠨ᠂ ᠤᠳᠤ ᠬᠠᠪᠤᠷ᠎ᠤᠨ ᠲᠦᠯ ᠭᠠᠷᠤᠭᠠᠳ ᠪᠠᠷᠠᠯ᠎ᠠ᠂ ᠰᠡᠷᠭᠡᠢᠯᠡᠯᠳᠡ᠎ᠶ᠋ᠢᠨ ᠵᠡᠭᠦᠦ᠎ᠪᠠᠨ ᠲᠠᠯᠪᠢᠴᠢᠬᠠᠪᠠᠯ ᠪᠠᠷᠤᠭ ᠪᠤᠯᠴᠢᠬᠠᠨ᠎ᠠ》 ᠭᠡᠵᠤ ᠶᠠᠷᠢᠨ᠎ᠡ᠃

ᠨᠠᠷᠠᠨᠬᠤᠸᠠᠷ᠎ᠤᠨ᠎ᠬᠢᠨ ᠬᠠᠱᠢᠶ᠎ᠠ ᠰᠠᠷᠠᠪᠴᠢ᠎ᠪᠠᠨ ᠡᠷᠳᠡ᠎ᠠᠴᠠ ᠲᠤᠯᠠᠭᠠᠯᠠᠵᠤ᠂ ᠡᠪᠡᠰᠤ ᠪᠤᠷᠳᠤᠭ᠎ᠠ᠎ᠪᠠᠨ ᠭᠦᠢᠴᠡᠳ ᠪᠡᠯᠡᠳᠭᠡᠨ᠂ ᠡᠨᠡ ᠬᠠᠪᠤᠷ᠎ᠤᠨ ᠲᠦᠯ ᠲᠤᠰᠴᠤ᠌ ᠪᠤᠢᠵᠢᠭᠤᠯᠬᠤ ᠠᠵᠢᠯ᠎ᠳᠠᠭᠠᠨ ᠰᠠᠢᠨ ᠰᠠᠭᠤᠷᠢ ᠲᠠᠯᠪᠢᠭ᠍ᠰᠠᠨ᠎ᠠᠴᠠ ᠤᠳᠤᠬᠠᠨ ᠪᠤᠯᠳᠠᠯ᠎ᠠ ᠲᠡᠳᠡᠨ᠎ᠤ᠎ᠬᠢᠨ 160 ᠭᠠᠷᠤᠢ ᠲᠦᠯ ᠲᠤᠰᠴᠤ᠌᠂ ᠤᠨᠳᠤᠷᠤᠯᠳᠠ᠎ᠶ᠋ᠢᠨ ᠨᠤᠷᠮ᠎ᠠ᠎ᠨᠢ 100% ᠎ᠳᠤ ᠭᠦᠷᠴᠤ᠌᠂ ᠲᠦᠰᠦᠪᠯᠡᠬᠦ᠌᠎ᠪᠠᠷ ᠡᠨᠡ ᠬᠠᠪᠤᠷ 180 ᠭᠠᠷᠤᠢ ᠲᠦᠯ ᠲᠤᠰᠭᠤ᠎ᠪᠠᠷ ᠪᠠᠢᠨ᠎ᠠ᠃

ᠤᠷᠠᠳ᠎ᠤᠨ ᠬᠤᠢᠳᠤ ᠬᠤᠱᠢᠭᠤ ᠡᠨᠡ ᠵᠢᠯ 14.18 ᠲᠦᠮᠡᠨ ᠬᠠᠪᠤᠷ᠎ᠤᠨ ᠲᠦᠯ ᠲᠤᠰᠭᠤ᠎ᠪᠠᠷ ᠲᠦᠯᠦᠪᠯᠡᠵᠤ ᠪᠤᠢ᠂ ᠡᠭᠦᠨ᠎ᠳᠤ ᠢᠱᠢᠭᠡ 10.18 ᠲᠦᠮᠡ᠂ ᠬᠤᠷᠠᠭ᠎ᠠ 4 ᠲᠦᠮᠡ ᠪᠤᠢ᠃ ᠲᠤᠰ ᠬᠤᠱᠢᠭᠤ ᠮᠠᠯᠵᠢᠬᠤ ᠤᠷᠤᠨ᠎ᠤ ᠲᠦᠯ ᠲᠤᠰᠴᠤ᠌ ᠪᠤᠢᠵᠢᠭᠤᠯᠬᠤ ᠵᠠᠩᠭᠢᠯᠠᠭ᠎ᠠ᠎ᠶ᠋ᠢᠨ ᠴᠠᠭ ᠬᠤᠭᠤᠴᠠᠭᠠᠨ᠎ᠳᠤ ᠤᠯᠠᠨ ᠵᠦᠢᠯ᠎ᠤᠨ ᠠᠷᠭ᠎ᠠ ᠪᠠᠷᠢᠯ ᠠᠪᠴᠤ᠌᠂ ᠡᠪᠡᠰᠤ ᠪᠤᠷᠳᠤᠭ᠎ᠠ ᠨᠦᠭᠡᠴᠡᠯᠡᠨ ᠭᠦᠮᠦᠷᠭᠡᠯᠡᠭᠦ᠌ ᠠᠵᠢᠯ᠎ᠢ ᠰᠠᠢᠳᠤᠷ ᠠᠳᠭᠤᠨ᠂ ᠬᠤᠱᠢᠭᠤᠨ᠎ᠤ ᠲᠠᠷᠢᠶᠠᠯᠠᠩ ᠮᠠᠯ ᠠᠵᠤ ᠠᠬᠤᠢ ᠪᠤᠯᠤᠨ ᠱᠢᠨᠵᠢᠯᠡᠭᠡ ᠮᠡᠷᠭᠡᠵᠢᠯ᠎ᠤᠨ ᠲᠤᠪᠴᠢᠶ᠎ᠠ ᠭᠠᠮᠱᠢᠭ᠎ᠢ ᠡᠰᠡᠷᠭᠦᠴᠡᠭᠦ᠌ ᠪᠡᠯᠡ ᠮᠦᠩᠭᠦ᠎ᠶ᠋ᠢ 400 ᠲᠦᠮᠡᠨ ᠲᠦᠭᠦᠷᠢᠭ ᠬᠤᠷᠠᠮᠳᠤᠭᠤᠯᠤᠨ᠂ ᠡᠯ᠎ᠡ ᠰᠤᠮᠤ ᠪᠠᠯᠭᠠᠰᠤᠨ᠎ᠳᠤ ᠭᠠᠮᠱᠢᠭ᠎ᠢ ᠡᠰᠡᠷᠭᠦᠴᠡᠭᠦ᠌ ᠡᠪᠡᠰᠤ ᠪᠤᠷᠳᠤᠭ᠎ᠠ᠎ᠶ᠋ᠢ 3251 ᠲᠤᠨ ᠬᠤᠪᠢᠶᠠᠵᠤ ᠦᠭ᠌ᠭᠦ᠎ᠶ᠋ᠢᠨ ᠲᠠᠭᠠᠤ ᠲᠧᠭ᠌ᠨᠢᠭ ᠮᠡᠷᠭᠡᠵᠢᠯ᠎ᠤᠨ ᠠᠵᠢᠯᠳᠠᠨ ᠮᠠᠯ᠎ᠤᠨ ᠭᠡᠮ ᠭᠢᠵᠢᠭ᠎ᠢ ᠤᠷᠢᠳᠴᠢᠯᠠᠨ ᠰᠡᠷᠭᠡᠢᠯᠡᠭᠦ᠌᠂ ᠭᠢᠵᠢᠭ᠎ᠤᠨ ᠲᠠᠷᠢᠯᠭ᠎ᠠ ᠭᠢᠭᠦ᠌᠂ ᠭᠢᠵᠢᠭ ᠪᠠᠢᠴᠠᠭᠠᠬᠤ ᠵᠡᠷᠭᠡ ᠠᠵᠢᠯ᠎ᠢ ᠭᠦᠴᠦᠳᠠᠢ ᠠᠳᠭᠤᠨ᠂ ᠮᠠᠯᠴᠢᠳ᠎ᠢ ᠬᠠᠪᠰᠤᠷᠤᠨ ᠲᠦᠯ ᠲᠤᠰᠴᠤ᠌ ᠪᠤᠢᠵᠢᠭᠤᠯᠬᠤ ᠠᠵᠢᠯ᠎ᠢ ᠰᠠᠢᠳᠤᠷ ᠭᠢᠵᠤ᠂ ᠪᠦᠭᠦ᠌ ᠬᠤᠱᠢᠭᠤᠨ᠎ᠤ ᠬᠠᠪᠤᠷ᠎ᠤᠨ ᠤᠯᠠᠷᠢᠯ᠎ᠤᠨ ᠮᠠᠯ ᠠᠵᠤ ᠠᠬᠤᠢ᠎ᠶ᠋ᠢᠨ ᠠᠵᠢᠯ᠎ᠤᠨ ᠤᠷᠤᠭ᠍ᠰᠢᠳᠠᠢ ᠶᠠᠪᠤᠭ᠍ᠳᠠᠬᠤ᠎ᠶ᠋ᠢ ᠪᠠᠳᠤᠯᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号